ᠲᠡᠷᠢᠭᠦᠨ ᠨᠢᠭᠤᠷ>ᠨᠠᠮ᠎ᠤᠨ ᠪᠠᠢᠭᠤᠯᠤᠯᠲᠠ> ᠨᠠᠮ᠎ᠤ᠋ᠨ ᠲᠡᠦᠬᠡ᠎ᠶ᠋ᠢᠨ ᠮᠡᠳᠡᠯᠭᠡ

2022-06-02 10:07:50

ᠵᠣᠬᠢᠶᠠᠭ᠍ᠴᠢ᠄ ᠯᠢ ᠫᠸᠩ ᠣᠩᠱᠢᠭ᠍ᠰᠠᠨ ᠣᠳᠠᠭ᠎ᠠ᠄ 3

1934 ᠣᠨ᠎ᠤ 11 ᠰᠠᠷ᠎ᠠ᠎ᠶ᠋ᠢᠨᠡᠬᠢ᠎ᠪᠡᠷ᠂ ᠲᠤᠬᠠᠢ᠎ᠶ᠋ᠢᠨ ᠦᠶ᠎ᠡ᠎ᠳᠦ ᠤᠯᠠᠭᠠᠨ 10 ᠳ᠋ᠤᠭᠠᠷ ᠨᠢᠭᠡᠳᠭᠡᠯ ᠠᠷᠮᠢ᠎ᠶ᠋ᠢᠨᠴᠡᠷᠢᠭ ᠵᠠᠰᠠᠭ᠎ᠤᠨ ᠵᠥᠪᠯᠡᠯ᠎ᠦᠨ ᠲᠡᠷᠢᠭᠦᠯᠡᠭ᠌ᠴᠢ ᠪᠠᠢᠭ᠍ᠰᠠᠨ ᠹᠠᠩ ᡁᠢ ᠮᠢᠨ ᠵᠠᠷᠯᠢᠭ᠎ᠢᠶᠠᠷ ᠤᠯᠠᠭᠠᠨ ᠴᠡᠷᠢᠭ᠎ᠢᠳᠠᠭᠠᠭᠤᠯᠤᠨ ᠤᠮᠠᠷᠠᠰᠢ ᠮᠣᠷᠳᠠᠨ ᠶᠠᠫᠣᠨ᠎ᠢ ᠡᠰᠡᠷᠭᠦᠴᠡᠵᠦ᠍᠂ ᠵᠠᠮ ᠵᠠᠭᠤᠷ᠎ᠠ᠎ᠪᠠᠨ ᠭᠣᠮᠢᠨᠳᠠᠩ᠎ᠤᠨ ᠶᠡᠬᠡᠴᠡᠷᠢᠭ᠎ᠦᠨ ᠪᠦᠰᠡᠯᠡᠨ ᠨᠡᠬᠡᠮᠵᠢᠯᠡᠯᠳᠡ᠎ᠳᠤ ᠤᠴᠠᠷᠠᠵᠤ᠂ 1935 ᠣᠨ᠎ᠤ1 ᠰᠠᠷ᠎ᠠ᠎ᠶ᠋ᠢᠨ 29᠎ᠦᠡᠳᠦᠷ ᠣᠯᠵᠠᠯᠠᠭ᠍ᠳᠠᠪᠠ᠃ ᠲᠤᠬᠠᠢ ᠵᠢᠨ ᠵᠢᠯ᠎ᠦᠨ 8 ᠰᠠᠷ᠎ᠠ᠎ᠶ᠋ᠢᠨ 6᠎ᠤ ᠡᠳᠦᠷ᠂ ᠵᠢᠶᠠᠩᠰᠢ᠎ᠶ᠋ᠢᠨ ᠨᠠᠨᠴᠠᠩ᠎ᠳᠤ ᠭᠤᠴᠢᠨ ᠵᠢᠷᠭᠤᠭᠠᠳᠠᠢᠬᠠᠨ ᠳᠡᠷᠡ ᠪᠠᠭᠠᠲᠤᠷᠯᠢᠭ᠎ᠢᠶᠠᠷ ᠪᠡᠶ᠎ᠡ ᠦᠷᠡᠭ᠌ᠳᠡᠪᠡ᠃ ᠭᠢᠨᠳᠠᠨ᠎ᠳᠤ᠂ ᠹᠠᠩ ᡁᠢ ᠮᠢᠨᠳᠠᠢᠰᠤᠨ᠎ᠤ ᠢᠳᠭᠠᠨ ᠳᠠᠭᠠᠭᠤᠯᠬᠤ ᠴᠠᠭᠠᠰᠤᠨ ᠳᠡᠭᠡᠷ᠎ᠡ 《ᠮᠢᠨᠦ᠍ ᠬᠤᠪᠢᠰᠭᠠᠯᠲᠤ ᠲᠡᠮᠡᠴᠡᠯ ᠬᠢᠵᠦ᠍ ᠪᠠᠢᠭ᠎ᠠ ᠲᠤᠬᠠᠢ ᠲᠣᠪᠴᠢ ᠥᠭᠦᠯᠡᠯᠲᠡ》᠂ 《ᠬᠠᠢᠷᠠᠲᠤ ᠳᠤᠮᠳᠠᠳᠤ ᠤᠯᠤᠰ》᠂ 《ᠶᠠᠳᠠᠭᠤ ᠬᠣᠭᠣᠰᠣᠨ》᠂ 《ᠭᠢᠨᠳᠠᠨ᠎ᠤ ᠪᠣᠳᠠᠲᠤ ᠲᠡᠮᠳᠡᠭ᠌ᠯᠡᠯ》 ᠵᠡᠷᠭᠡ16 ᠵᠣᠬᠢᠶᠠᠯ ᠪᠢᠴᠢᠵᠦ᠍᠂ ᠡᠪ ᠬᠠᠮᠲᠤᠴᠤᠳ᠎ᠤᠨᠢᠲᠡᠭᠡᠯ ᠪᠢᠱᠢᠷᠡᠯ᠎ᠳᠡᠭᠡᠨ ᠦᠨᠡᠨᠴᠢ ᠱᠢᠳᠤᠷᠭᠤ ᠪᠦᠭᠡᠳ ᠪᠠᠳᠤ ᠴᠢᠩᠭ᠎ᠠ ᠵᠤᠬᠰᠤᠯᠳᠠ ᠲᠠᠶ ᠪᠠᠢᠬᠤ᠎ᠶ᠋ᠢ ᠬᠠᠷᠠᠭᠤᠯᠵᠠᠢ᠃

ᠡᠷᠡᠰ ᠪᠠᠲᠤ ᠢᠲᠡᠭᠡᠯ ᠪᠢᠱᠢᠷᠡᠯᠨᠢ ᠱᠢᠨᠵᠢᠯᠡᠬᠦ᠌ ᠤᠬᠠᠭᠠᠨᠴᠢ ᠤᠨᠤᠯ᠎ᠢ ᠪᠠᠲᠤ ᠢᠲᠡᠭᠡᠬᠦ᠌ ᠎ᠡᠴᠡ ᠢᠷᠡᠳᠡᠭ᠃ 1924 ᠣᠨ᠎ᠳᠤ᠂ ᠹᠠᠩ ᡁᠢ ᠮᠢᠨ ᠳᠤᠮᠳᠠᠳᠤ ᠤᠯᠤᠰ᠎ᠤᠨ ᠡᠪ ᠬᠠᠮᠲᠤ ᠨᠠᠮ᠎ᠳᠤ ᠣᠷᠣᠪᠠ᠃ ᠨᠠᠮ᠎ᠳᠤ ᠣᠷᠣᠬᠤ᠎ᠶ᠋ᠢᠨ ᠡᠬᠢᠨ᠎ᠦ ᠦᠶ᠎ᠡ᠎ᠳᠦ᠂ ᠲᠡᠷᠡ᠄ 《ᠠᠩᠬᠢ᠎ᠶ᠋ᠢᠨ ᠳᠠᠢᠰᠤᠨ ᠡᠪ ᠬᠠᠮᠲᠤ ᠨᠠᠮ᠎ᠢ ᠶᠠᠭᠠᠬᠢᠵᠤ ᠬᠠᠷᠢᠶᠠᠭ᠍ᠰᠠᠨ ᠴᠤ᠌᠂ ᠡᠪ ᠬᠠᠮᠲᠤᠨᠠᠮ ᠪᠣᠯ ᠡᠴᠦᠰ ᠎ᠲᠡᠬᠡᠨ ᠬᠥᠮᠦᠨ ᠲᠥᠷᠥᠯᠬᠢᠲᠡᠨ᠎ᠦ ᠬᠠᠮᠤᠭ᠎ᠤᠨ ᠳᠠᠪᠱᠢᠩᠭᠤᠢ ᠠᠩᠬᠢ ᠪᠣᠯᠬᠤ ᠦᠭᠡᠢᠭᠦᠦ ᠠᠩᠬᠢ᠎ᠶ᠋ᠢᠨᠲᠦᠷᠦ᠍᠎ᠶ᠋ᠢᠨ ᠨᠠᠮ ᠪᠣᠯᠤᠨ᠎ᠠ᠃ ᠲᠡᠭᠦᠨ᠎ᠳᠦ ᠪᠦᠷᠢᠨ ᠲᠡᠭᠦᠯᠳᠡᠷ ᠬᠤᠪᠢᠰᠭᠠᠯ᠎ᠤᠨ ᠤᠨᠤᠯ᠂ ᠬᠤᠪᠢᠰᠭᠠᠯ᠎ᠤᠨ ᠬᠥᠲᠥᠯᠪᠦᠷᠢᠪᠠ ᠡᠷᠬᠢᠮ ᠳᠡᠭᠡᠳᠦ ᠬᠦᠰᠡᠯᠡᠩ᠎ᠲᠡᠶ᠂ ᠲᠡᠭᠦᠨ᠎ᠳᠦ ᠴᠢᠩᠭ᠎ᠠ ᠨᠢᠮᠪᠠᠢ ᠨᠠᠮ᠎ᠤᠨ ᠵᠣᠬᠢᠶᠠᠨ ᠪᠠᠢᠭᠤᠯᠤᠯᠲᠠ ᠪᠠᠲᠡᠮᠤᠷ ᠮᠡᠲᠦ ᠰᠠᠬᠢᠯᠭ᠎ᠠ ᠪᠠᠲᠤ᠎ᠲᠠᠶ᠂ ᠵᠥᠪ ᠣᠨᠣᠪᠴᠢᠲᠠᠢ ᠪᠠᠢᠯᠳᠤᠬᠤ ᠪᠤᠳᠤᠯᠭ᠎ᠠ ᠪᠠ ᠠᠷᠭ᠎ᠠ ᠪᠤᠳᠤᠯᠭ᠎ᠠ᠎ᠲᠠᠶ᠂ ᠤᠯᠠᠨᠲᠦᠮᠡᠨ᠎ᠤ ᠱᠢᠯᠢᠵᠦ᠍ ᠰᠣᠩᠭᠣᠬᠰᠠᠨ᠂ ᠬᠤᠪᠢᠰᠭᠠᠯᠲᠤ ᠦᠢᠯᠡᠰ᠎ᠲᠦᠦᠨᠡᠨᠴᠢ ᠱᠢᠳᠤᠷᠭᠤ ᠪᠠᠢᠳᠠᠭ ᠨᠠᠮ᠎ᠤᠨ ᠭᠡᠱᠢᠭᠦᠨ᠎ᠲᠡᠶ ᠪᠥᠭᠡᠳ ᠪᠦᠬᠦ᠌ ᠨᠠᠮ᠎ᠤᠨ ᠬᠠᠢᠷ᠎ᠠ ᠬᠦᠨᠳᠦᠳᠭᠡᠯ᠎ᠢ ᠣᠯᠤᠭ᠍ᠰᠠᠨᠤᠳᠤᠷᠢᠳᠤᠭ᠍ᠴᠢ ᠎ᠲᠠᠶ ᠪᠠᠢᠳᠠᠭ᠃ ᠲᠡᠭᠦᠨ᠎ᠡᠴᠡ ᠬᠣᠢᠰᠢ᠂ ᠮᠢᠨᠦ᠍ ᠠᠮᠢ ᠨᠠᠰᠤ ᠎ᠪᠠᠨ ᠬᠦᠷᠲᠡᠯ᠎ᠡ ᠨᠠᠮ᠎ᠳᠤ ᠲᠤᠱᠢᠶᠠᠪᠠ᠃ᠪᠠᠷᠢᠪᠴᠢᠯᠠᠭ᠍ᠳᠠᠭᠠᠳ ᠭᠢᠨᠳᠠᠨ᠎ᠳᠤ ᠤᠷᠤᠭ᠍ᠰᠠᠨ᠎ᠤ ᠳᠠᠷᠠᠭ᠎ᠠ᠂ ᠹᠠᠩ ᡁᠢ ᠮᠢᠨ᠄《ᠳᠠᠢᠰᠤᠨ ᠮᠠᠨ᠎ᠤ ᠲᠣᠯᠣᠭᠠᠢ᠎ᠶ᠋ᠢ ᠴᠠᠪᠴᠢᠵᠤ ᠳᠡᠢᠯᠬᠦ᠌ ᠡᠴᠡ ᠪᠢᠰᠢ᠂ ᠮᠠᠨ᠎ᠤ ᠢᠲᠡᠭᠡᠯᠪᠢᠱᠢᠷᠡᠯ᠎ᠢ ᠶᠠᠭᠠᠬᠢᠭ᠍ᠰᠠᠨ ᠴᠤ᠌ ᠭᠤᠢᠪᠢᠯᠵᠠᠭᠤᠯᠵᠤ ᠳᠡᠢᠯᠬᠦ ᠦᠭᠡᠢ! ᠤᠴᠢᠷ ᠨᠢ ᠮᠠᠨ᠎ᠤ ᠱᠢᠲᠦᠳᠡᠭ ᠦᠵᠡᠯ ᠪᠣᠯ ᠣᠷᠴᠢᠯᠠᠩ᠎ᠤᠨ ᠦᠨᠡᠨ ᠶᠣᠰᠣ ᠮᠥᠨ! ᠡᠪ ᠬᠠᠮᠲᠤᠶᠣᠰᠣᠨ᠎ᠤ ᠲᠥᠯᠥᠭᠡ᠂ ᠰᠤᠪᠢᠶᠠᠳ ᠵᠠᠰᠠᠭ᠎ᠤᠨ ᠲᠤᠯᠤᠭᠡ ᠴᠢᠰᠤ ᠪᠡᠨ ᠤᠷᠤᠰᠭᠠᠬᠤ᠎ᠳ᠋ᠤ᠂ ᠪᠢᠳᠡ ᠮᠠᠰᠢ ᠳᠤᠷᠠᠲᠠᠢᠪᠠᠢᠨ᠎ᠠ ᠱᠢᠤ ᠳ᠋ᠠ!》 ᠬᠡᠪᠡ᠃

ᠡᠷᠡᠰ ᠪᠠᠲᠤ ᠢᠲᠡᠭᠡᠯ ᠪᠢᠱᠢᠷᠡᠯᠪᠠ ᠤᠷᠲᠤ ᠬᠤᠭᠤᠴᠠᠭᠠᠨ᠎ᠤ ᠬᠤᠪᠢᠰᠭᠠᠯ᠎ᠤᠨ ᠠᠮᠢᠳᠤᠷᠠᠯ ᠨᠢ ᠹᠠᠩ ᡁᠢ ᠮᠢᠨ᠎ᠦ ᠭᠣᠶᠠᠴᠢ ᠦᠭᠡᠢ ᠵᠠᠩ ᠰᠤᠷᠲᠠᠯ᠎ᠢᠪᠤᠢ ᠪᠣᠯᠭᠠᠪᠠ᠃ ᠪᠠᠷᠢᠪᠴᠢᠯᠠᠭ᠍ᠳᠠᠭ᠍ᠰᠠᠨ᠎ᠤ ᠳᠠᠷᠠᠭᠠᠬᠢ ᠹᠠᠩ ᡁᠢ ᠮᠢᠨ ᠡᠢᠮᠦ᠍ ᠨᠢᠭᠡ ᠤᠴᠢᠷ᠎ᠢ ᠪᠤᠳᠤᠵᠤ ᠤᠯᠪᠠ᠂ᠭᠣᠮᠢᠨᠳᠠᠩ᠎ᠤᠨ ᠬᠣᠶᠠᠷ ᠴᠡᠷᠢᠭ ᠱᠢᠭᠤᠶ ᠳᠣᠲᠣᠷ᠎ᠠ᠎ᠠᠴᠠ ᠹᠠᠩ ᡁᠢ ᠮᠢᠨ᠎ᠢ ᠣᠯᠵᠤ ᠮᠡᠳᠡᠪᠡ᠂ ᠲᠡᠳᠡ ᠹᠠᠩ ᡁᠢ ᠮᠢᠨ᠎ᠦ ᠪᠡᠶ᠎ᠡ ᠳᠡᠭᠡᠷ᠎ᠡ ᠡᠴᠡ ᠣᠯᠵᠠ ᠤᠯᠬᠤ᠎ᠶ᠋ᠢ ᠭᠤᠷᠢᠳᠠᠵᠠᠢ᠂ᠭᠡᠪᠡᠴᠦ᠍ ᠳᠡᠪᠡᠯ᠎ᠦᠨ ᠵᠠᠭᠠᠮ᠎ᠠ᠎ᠠᠴᠠ ᠣᠢᠮᠣᠰᠤ᠎ᠶ᠋ᠢᠨ ᠤᠯᠠ ᠬᠦᠷᠲᠡᠯ᠎ᠡ᠂ ᠨᠢᠭᠡ ᠭᠠᠷ ᠴᠠᠭ ᠪᠡ ᠪᠣᠯᠣᠳ ᠪᠢᠷ᠎ᠡᠴᠡᠥᠭᠡᠷ᠎ᠡ ᠨᠢᠭᠡ ᠭᠠᠤᠯᠢᠨ ᠵᠣᠭᠣᠰ ᠴᠤ᠌ ᠨᠡᠩᠵᠢᠵᠦ᠍ ᠣᠯᠤᠭ᠍ᠰᠠᠨ ᠦᠭᠡᠢ᠃ ᠡᠪ ᠬᠠᠮᠲᠤ ᠨᠠᠮ᠎ᠤᠨ《ᠶᠡᠬᠡ ᠨᠣᠶᠠᠨ》 ᠭᠣᠮᠢᠨᠳᠠᠩ᠎ᠤᠨ ᠶᠡᠬᠡ ᠨᠣᠶᠠᠨ᠎ᠲᠠᠶᠠᠳᠠᠯᠢ ᠦᠭᠡᠢ ᠬᠡᠳᠡᠭ ᠎ᠢ ᠬᠤᠶᠠᠷ ᠴᠡᠷᠢᠭ ᠭᠠᠢᠬᠠᠵᠦ ᠭᠠᠷᠪᠠ᠃ ᠶᠠᠭ ᠹᠠᠩ ᡁᠢ ᠮᠢᠨ᠎ᠦ ᠪᠢᠴᠢᠭ᠌ᠰᠡᠨ ᠱᠢᠭ ᠎ᠢᠶᠡᠷ᠄ 《ᠪᠢ ᠬᠤᠪᠢᠰᠭᠠᠯᠲᠤ ᠲᠡᠮᠡᠴᠡᠯ ᠬᠢᠭᠡᠳ ᠨᠢᠭᠡᠨᠲᠡ ᠠᠷᠪᠠ ᠭᠠᠷᠤᠢᠵᠢᠯ ᠪᠣᠯᠵᠠᠢ᠃ ᠡᠨᠡ ᠤᠷᠲᠤ ᠬᠤᠭᠤᠴᠠᠭᠠᠨ᠎ᠤ ᠲᠡᠮᠡᠴᠡᠯ᠎ᠤᠨ ᠳᠤᠮᠳᠠ᠂ ᠶᠡᠷᠦ᠍᠎ᠡᠴᠡ ᠪᠦᠷᠢᠯᠭᠡᠵᠦ᠍ ᠥᠩᠭᠡᠷᠡᠭ᠌ᠰᠡᠨᠦᠭᠡᠢ᠃ ᠭᠠᠷ ᠳᠠᠮᠵᠢᠭ᠍ᠰᠠᠨ ᠵᠣᠭᠣᠰ ᠮᠥᠩᠭᠥ᠌ ᠪᠣᠯ ᠬᠡᠳᠦᠨ ᠵᠠᠭᠤᠨ ᠲᠦᠮᠡᠨ ᠲᠥᠭᠥᠷᠢᠭ ᠪᠠᠢᠬᠰᠠᠨ᠂ ᠬᠡᠭᠦ᠎ᠳᠦ ᠬᠤᠪᠢᠰᠬᠠᠯ᠎ᠤᠨ ᠳᠦᠯᠦᠬᠡ ᠬᠤᠷᠠᠮᠳᠤᠭᠤᠯᠤᠬᠰᠠᠨ ᠵᠣᠭᠣᠰ ᠮᠥᠩᠭᠥ᠌ ᠵᠢ ᠬᠤᠪᠢᠰᠭᠠᠯ᠎ᠤᠨ ᠦᠢᠯᠡᠰ᠎ᠲᠦᠠᠷᠪᠢᠯᠠᠨ ᠬᠡᠷᠡᠭ᠌ᠯᠡᠬᠦ ᠶᠤᠰᠤᠳᠠᠢ᠂ ᠨᠡᠢᠲᠡ᠎ᠶ᠋ᠢᠨ ᠲᠥᠯᠥᠭᠡ ᠵᠢᠳᠬᠦᠬᠦ ᠨᠢ ᠡᠪ ᠬᠠᠮᠲᠤ ᠨᠠᠮ᠎ᠤᠨ ᠭᠡᠱᠢᠭᠦᠨᠨᠢᠭᠡᠪᠦᠷᠢ᠎ᠶ᠋ᠢᠨ ᠪᠠᠢᠪᠠᠰᠤ ᠵᠤᠬᠢᠬᠤ ᠡᠷᠬᠢᠮ ᠰᠤᠷᠲᠠᠯ ᠮᠦᠨ᠂ ᠠᠷᠢᠭᠤᠨ ᠴᠡᠪᠡᠷ ᠡᠭᠡᠯ ᠪᠣᠷᠣᠭ᠍ᠵᠢᠭᠤᠨ ᠵᠠᠩ ᠰᠤᠷᠳᠠᠯ ᠨᠢᠶᠠᠭ ᠮᠠᠨ᠎ᠤ ᠬᠤᠪᠢᠰᠭᠠᠯᠴᠢᠳ ᠮᠠᠰᠢ ᠤᠯᠠᠨ ᠭᠦᠴᠢᠷ ᠪᠡᠷᠭᠡᠰᠢᠶᠡᠯ᠎ᠢ ᠢᠯᠠᠨ ᠳᠠᠪᠠᠵᠤ ᠴᠢᠳᠠᠬᠰᠠᠨ᠎ᠤᠰᠢᠯᠳᠠᠭᠠᠨ ᠮᠥᠨ》᠃

ᠡᠷᠡᠰ ᠪᠠᠲᠤ ᠢᠲᠡᠭᠡᠯ ᠪᠢᠱᠢᠷᠡᠯᠨᠢ ᠬᠤᠪᠢᠰᠭᠠᠯᠴᠢᠳ᠎ᠤᠨ ᠦᠬᠦᠵᠦ᠍ ᠰᠡᠭᠡᠬᠦ᠌᠎ᠶ᠋ᠢᠨᠰᠣᠩᠭᠣᠯᠲᠠ ᠳᠡᠭᠡᠷ᠎ᠡ ᠢᠯᠡᠷᠡᠵᠦ᠍ ᠪᠠᠢᠨ᠎ᠠ᠃ ᠭᠣᠮᠢᠨᠳᠠᠩ᠎ᠠᠴᠠ ᠹᠠᠩ ᡁᠢ ᠮᠢᠨ᠎ᠢ ᠢᠳᠭᠠᠬᠤ ᠶ᠋ᠢᠨ ᠲᠥᠯᠥᠭᠡ᠂ᠡᠯᠳᠡᠪ ᠠᠷᠭ᠎ᠠ᠎ᠪᠠᠷ ᠠᠶᠤᠯᠭᠠᠨ ᠰᠦᠷᠳᠡᠭᠦᠯᠵᠦ᠍ ᠠᠱᠢᠭ ᠵᠢᠡᠷ ᠲᠠᠲᠠᠵᠤ ᠪᠠᠢᠪᠠ᠃ ᠵᠢᠶᠠᠩ ᠵᠢᠶᠸ ᠱ᠌ᠢ ᠭᠣᠮᠢᠨᠳᠠᠩ᠎ᠤᠨᠲᠥᠪ ᠬᠣᠷᠢᠶᠠᠨ᠎ᠤ ᠤᠤᠯ᠎ᠤᠨ ᠭᠢᠨᠳᠠᠨ᠎ᠤ ᠳᠠᠷᠤᠭ᠎ᠠ᠎ᠶ᠋ᠢ ᠲᠤᠬᠢᠷᠴᠤ᠌ ᠪᠠᠢᠭᠠᠳ 《ᠪᠡᠶ᠎ᠡ᠎ᠪᠡᠨ ᠲᠤᠱᠢᠶᠠᠵᠤ ᠶᠠᠯ᠎ᠠ᠎ᠪᠠᠨᠭᠠᠪᠢᠶ᠎ᠠ᠎ᠪᠠᠷ ᠲᠠᠢᠯᠬᠤ》᠎ᠶ᠋ᠢ ᠢᠳᠭᠠᠯᠭᠠᠪᠠ᠃ ᠹᠠᠩᡁᠢ ᠮᠢᠨ᠎ᠦ ᠡᠷᠡᠰ ᠪᠠᠲᠤ ᠲᠠᠩᠭᠠᠷᠢᠭ᠎ᠢ ᠬᠡᠳᠦᠨ ᠵᠢᠯ᠎ᠦᠨ ᠳᠠᠷᠠᠭ᠎ᠠ ᠎ᠴᠤ ᠬᠡᠰᠡᠨ ᠭᠢᠨᠳᠠᠨ᠎ᠤ ᠳᠠᠷᠤᠭ᠎ᠠᠡᠷᠬᠢᠴᠡᠬᠦᠯᠦᠭᠰᠡᠭᠡᠷ ᠪᠠᠢᠯ᠎ᠠ᠂ ᠳᠡᠷᠡ᠄ 《ᠹᠠᠩ ᡁᠢ ᠮᠢᠨ᠎ᠦ ᠢᠲᠡᠭᠡᠯ ᠪᠢᠱᠢᠷᠡᠯ ᠡᠷᠡᠰ ᠪᠠᠲᠤ᠂ ᠬᠡᠭᠦᠳᠡᠭ ᠴᠡᠭᠡᠵᠢ ᠥᠷᠭᠡᠨ ᠠᠭᠤᠳᠠᠮ᠂ ᠶᠡᠷᠦ᠍ ᠪᠤᠰᠤ᠎ᠶ᠋ᠢᠨ ᠴᠢᠳᠠᠪᠤᠷᠢᠲᠠᠨ ᠰᠢᠦ》 ᠬᠡᠳᠡᠭ᠃ ᠨᠢᠭᠡ ᠤᠳᠠᠭᠠᠨ᠎ᠤ ᠭᠡᠨᠡᠳᠲᠡ᠎ᠶ᠋ᠢᠨ ᠱᠢᠭᠦᠯᠲᠡ ᠳᠤᠮᠳᠠ᠂ᠱᠢᠭᠦᠭ᠌ᠴᠢ᠎ᠡᠴᠡ ᠹᠠᠩ ᡁᠢ ᠮᠢᠨ᠎ᠢ ᠥᠪᠡᠷ᠎ᠦᠨ ᠦᠵᠡᠯᠲᠡ᠎ᠪᠡᠨ ᠮᠤᠵᠢᠭᠤᠳᠠᠯᠠᠵᠤ ᠪᠣᠯᠬᠤ ᠦᠭᠡᠢ᠂ ᠡᠪ ᠬᠠᠮᠲᠤ ᠶᠣᠰᠣᠭᠡᠳᠡᠭ ᠨᠢ ᠰᠣᠬᠣᠷ ᠪᠠᠯᠠᠢ᠎ᠪᠠᠷ ᠲᠠᠭᠠᠬ᠍ᠰᠠᠨ᠂ ᠡᠰᠡᠬᠦᠯ᠎ᠡ ᠮᠠᠰᠢ ᠤᠷᠳᠤ ᠬᠤᠭᠤᠴᠠᠭ᠎ᠠ ᠬᠡᠷᠡᠭ᠌ᠰᠡᠪᠡᠯ ᠰᠠᠶᠢᠪᠡᠶᠡᠯᠡᠭᠦᠯᠵᠦ᠍ ᠳᠡᠢᠯᠬᠦ᠌ ᠮᠠᠭᠠᠳ᠂ ᠠᠮᠢ ᠨᠠᠰᠤ᠎ᠪᠠᠷ᠎ᠢᠶᠠᠨ ᠰᠣᠯᠢᠵᠤ ᠠᠪᠴᠢᠷᠠᠬᠤ ᠴᠢᠬᠤᠯᠠ ᠦᠭᠡᠢ ᠭᠡᠵᠦ᠍《ᠰᠠᠢ᠌ᠨ ᠰᠠᠨᠠᠭ᠎ᠠ》 ᠡᠴᠡ ᠰᠠᠨᠠᠭᠤᠯᠵᠤ ᠪᠠᠢᠪᠠ᠃ ᠬᠡᠬᠦ ᠎ᠳᠦ ᠳᠡᠷᠡ᠄ 《 ᠹᠠᠩ ᡁᠢ ᠮᠢᠨ ᠪᠢ ᠵᠡᠷᠭᠡ ᠬᠡᠷᠭᠡᠮ᠂ᠵᠣᠭᠣᠰ ᠮᠥᠩᠭᠥ᠎ᠳᠦ ᠪᠦᠷ ᠳᠤᠷ᠎ᠠ ᠦᠭᠡᠢ᠃ ᠪᠢ ᠡᠨᠡ ᠦᠷ᠎ᠡᠳ᠋ᠦᠩ᠎ᠢ ᠬᠡᠢᠳᠡᠯ᠎ᠠ ᠮᠡᠳᠡᠨ᠎ᠡ᠂ ᠡᠨᠡ ᠨᠠᠰᠤᠨ᠎ᠳᠠᠭᠠᠨ ᠪᠡᠶᠡᠯᠡᠬᠦᠯᠵᠦ ᠳᠡᠢᠯᠬᠦ ᠦᠬᠡᠢ ᠪᠤᠯ ᠪᠢ ᠵᠥᠪᠬᠡᠨ ᠦᠬᠦᠬᠦ᠌᠎ᠶ᠋ᠢ ᠰᠣᠩᠭᠣᠨ᠎ᠠ》 ᠬᠡᠵᠠᠢ᠃ ᠡᠴᠦᠰ᠎ᠲᠦ᠂ᠹᠠᠩ ᡁᠢ ᠮᠢᠨ ᠪᠠᠭᠠᠳᠤᠷᠯᠢᠬ ᠵᠢᠡᠷ ᠦᠷᠡᠭᠳᠡᠵᠦ᠂ ᠠᠮᠢᠨᠠᠰᠤ᠎ᠪᠠᠷ᠎ᠢᠶᠠᠨ ᠢᠲᠡᠭᠡᠯ ᠪᠢᠱᠢᠷᠡᠯ᠎ᠢᠶᠡᠨ ᠬᠠᠮᠠᠭᠠᠯᠠᠵᠠᠢ᠃

ᠮᠠᠲᠸᠷᠢᠶᠠᠯ᠎ᠤᠨ ᠢᠷᠡᠯᠲᠡ᠄ 《ᠡᠪ ᠬᠠᠮᠳᠤ ᠨᠠᠮ᠎ᠤᠨ ᠬᠡᠰᠢᠭᠦᠨ ᠮᠡᠳᠡᠭᠦ ᠶᠤᠰᠤᠳᠠᠢ ᠨᠠᠮ᠎ᠤᠨ ᠲᠡᠤᠭᠡ ᠵᠢᠨ ᠵᠢᠵᠢᠭ ᠦᠯᠢᠭᠡᠷ》


  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠤᠶᠤᠯᠲᠦ

ᠣᠷᠴᠢᠭᠤᠯᠤᠭ᠍ᠴᠢ᠄ ᠰᠠᠢᠨ᠎ᠠ

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面