ᠲᠡᠷᠢᠭᠦᠨ ᠨᠢᠭᠤᠷ>ᠨᠠᠮ᠎ᠤᠨ ᠪᠠᠢᠭᠤᠯᠤᠯᠲᠠ> ᠨᠠᠮ᠎ᠤ᠋ᠨ ᠲᠡᠦᠬᠡ᠎ᠶ᠋ᠢᠨ ᠮᠡᠳᠡᠯᠭᠡ

2022-05-12 09:51:47

ᠵᠣᠬᠢᠶᠠᠭ᠍ᠴᠢ᠄ ​ᠯᠢ ᠵᠸᠨ ᠣᠩᠱᠢᠭ᠍ᠰᠠᠨ ᠣᠳᠠᠭ᠎ᠠ᠄ 3

1976ᠣᠨ᠎ᠤ 5 ᠰᠠᠷ᠎ᠠ᠎ᠳᠤ᠂ ᠵᠦ᠍ ᠳ᠋ᠸ ᠳᠤᠮᠳᠠᠳᠤ ᠤᠯᠤᠰ᠎ᠤᠨᠡᠪ ᠬᠠᠮᠲᠤ ᠨᠠᠮ᠎ᠤᠨ ᠲᠥᠪ ᠬᠣᠷᠢᠶᠠᠨ᠎ᠤ ᠨᠠᠮ᠎ᠤᠨ ᠰᠤᠷᠭᠠᠭᠤᠯᠢ᠎ᠶ᠋ᠢᠨ ᠵᠥᠪᠯᠡᠭ᠌ᠴᠢ ᠴᠧᠩ ᠹᠠᠩ ᠦ᠋᠎ᠶ᠋ᠢᠨᠣᠷᠴᠢᠭᠤᠯᠤᠭ᠍ᠰᠠᠨ《ᠡᠪ ᠬᠠᠮᠲᠤ ᠨᠠᠮ᠎ᠤᠨ ᠲᠤᠩᠬᠠᠭ》᠎ᠤᠨ ᠱᠢᠨ᠎ᠡ ᠣᠷᠴᠢᠭᠤᠯᠭ᠎ᠠ᠎ᠶ᠋ᠢᠨ ᠳᠡᠪᠲᠡᠷ᠎ᠢ ᠣᠯᠵᠤ᠂ ᠡᠷᠳᠡᠨᠢᠣᠯᠤᠭ᠍ᠰᠠᠨ ᠮᠡᠲᠦ ᠪᠠᠶᠠᠷᠯᠠᠪᠠ᠃ 90 ᠨᠠᠰᠤᠲᠠᠶ ᠲᠡᠷᠡ ᠨᠢᠭᠡ ᠡᠳᠦᠷ᠎ᠦᠨ ᠴᠠᠭ ᠵᠠᠷᠤᠴᠠᠭᠤᠯᠵᠤ᠂ ᠬᠠᠭᠤᠴᠢᠨᠣᠷᠴᠢᠭᠤᠯᠭ᠎ᠠ᠎ᠶ᠋ᠢᠨ ᠳᠡᠪᠲᠡᠷ᠎ᠲᠡᠶ ᠨᠠᠷᠢᠨ ᠬᠠᠷᠢᠴᠠᠭᠤᠯᠵᠤ᠂ ᠳᠠᠬᠢᠨ ᠨᠢᠭᠡ ᠤᠳᠠᠭ᠎ᠠ ᠤᠩᠱᠢᠪᠠ᠃

ᠳᠠᠷᠠᠭ᠎ᠠᠥᠷᠯᠥᠭᠡ ᠨᠢ ᠵᠸ᠋ ᠳ᠋ᠸ ᠨᠠᠷᠢᠨ ᠪᠢᠴᠢᠭᠡᠴᠢ᠎ᠳᠡᠭᠡᠨ ᠴᠧᠩ ᠹᠠᠩ ᠦ᠋᠎ᠶ᠋ᠢ ᠡᠷᠭᠢᠵᠦ᠍ ᠦᠵᠡᠬᠦ᠌᠎ᠪᠡᠷ ᠣᠴᠢᠨ᠎ᠠᠭᠡᠵᠦ᠍ ᠬᠡᠯᠡᠵᠡᠶ᠃ ᠨᠠᠷᠢᠨ ᠪᠢᠴᠢᠭᠡᠴᠢ ᠨᠢ ᠴᠧᠩ ᠹᠠᠩ ᠦ᠋᠎ᠳᠦ ᠤᠲᠠᠰᠤ ᠠᠪᠴᠤ᠌᠂ ᠡᠨᠡ ᠴᠢᠮᠡᠭᠡ᠎ᠶ᠋ᠢ ᠮᠡᠳᠡᠭ᠌ᠳᠡᠪᠡ᠃ᠴᠸᠩ ᠹᠠᠩ ᠦ᠋᠄《ᠶᠡᠷᠦᠩᠬᠡᠶ ᠺᠣᠮᠠᠨᠳ᠋ᠠᠯᠠᠭ᠍ᠴᠢ᠎ᠳᠤ ᠪᠢᠲᠡᠭᠡᠶ ᠢᠷ᠎ᠡ ᠭᠡᠵᠦ᠍ᠳᠠᠮᠵᠢᠭᠤᠯᠤᠭᠠᠷᠠᠶ᠂ ᠪᠢ ᠣᠳᠣ᠎ᠪᠠᠷ᠎ᠢᠶᠠᠨ ᠲᠡᠭᠦᠨ᠎ᠢ ᠦᠵᠡᠬᠦ᠌᠎ᠪᠡᠷ ᠣᠴᠢᠶ᠎ᠠ》ᠭᠡᠪᠡ᠃ ᠳᠡᠮᠡᠢ ᠤᠳᠠᠭ᠍ᠰᠠᠨ ᠦᠭᠡᠢ᠂ ᠴᠧᠩ ᠹᠠᠩ ᠦ᠋᠎ᠳᠤ ᠵᠦ᠍ ᠳ᠋ᠸᠵᠢᠨ ᠨᠠᠷᠢᠨ ᠪᠢᠴᠢᠭᠡᠴᠢ ᠳᠠᠬᠢᠨᠲᠠ ᠤᠲᠠᠰᠤ ᠢᠷᠡᠭᠦᠯᠵᠦ᠍᠄ ᠵᠦ᠍ ᠶᠡᠷᠦᠩᠬᠡᠢ ᠺᠣᠮᠠᠨᠳ᠋ᠠᠯᠠᠭ᠍ᠴᠢ ᠪᠡᠶ᠎ᠡ᠎ᠪᠡᠷ᠎ᠢᠶᠡᠨᠠᠢᠯᠴᠢᠯᠠᠬᠤ᠎ᠪᠠᠷ ᠣᠴᠢᠬᠤ᠎ᠶ᠋ᠢ ᠪᠠᠷᠢᠮᠲᠠᠯᠠᠵᠤ ᠪᠠᠢᠨ᠎ᠠ ᠭᠡᠵᠡᠢ᠃

ᠲᠥᠪ᠎ᠦᠨ ᠨᠠᠮ᠎ᠤᠨ ᠰᠤᠷᠭᠠᠭᠤᠯᠢ᠎ᠳᠤ ᠬᠦᠷᠦᠭ᠌ᠰᠡᠨ᠎ᠦᠲᠠᠷᠠᠭ᠎ᠠ᠂ ᠵᠦ᠍ ᠳ᠋ᠸ《ᠡᠪ ᠬᠠᠮᠲᠤ ᠨᠠᠮ᠎ᠤᠨ ᠲᠤᠩᠬᠠᠭ》᠎ᠤᠨ ᠱᠢᠨ᠎ᠡ ᠣᠷᠴᠢᠭᠤᠯᠭ᠎ᠠ᠎ᠶ᠋ᠢᠨ ᠳᠡᠪᠲᠡᠷ᠎ᠢᠶᠡᠨ ᠭᠠᠷᠭᠠᠵᠤ᠂ ᠱᠢᠨ᠎ᠡ ᠣᠷᠴᠢᠭᠤᠯᠭ᠎ᠠ᠎ᠶ᠋ᠢᠨᠳᠡᠪᠲᠡᠷ ᠬᠢᠯᠪᠠᠷ ᠣᠢᠯᠠᠭᠠᠮᠵᠢᠲᠠᠢ᠂ ᠨᠢᠭᠡ ᠯᠡ ᠠᠮᠢᠰᠭᠤᠭ᠎ᠠ᠎ᠪᠠᠷ ᠤᠩᠱᠢᠭᠠᠳ ᠪᠠᠷᠠᠴᠢᠬᠠᠨ᠎ᠠ᠂ ᠰᠠᠢ᠌ᠨ ᠣᠷᠴᠢᠭᠤᠯᠭ᠎ᠠᠪᠠᠢᠪᠠᠯ ᠮᠠᠷᠺᠰ᠎ᠤᠨ ᠦᠵᠡᠯ᠎ᠢ ᠣᠢᠯᠠᠭᠠᠬᠤ ᠳ᠋ᠤ ᠨᠡᠩ ᠲᠤᠰᠠᠳᠠᠢ ᠭᠡᠵᠦ ᠬᠡᠯᠡᠭᠰᠡᠨ ᠪᠠᠢᠨ᠎ᠠ᠃ ᠠᠶᠠᠷᠯᠠᠬᠤ ᠡᠴᠡ᠎ᠪᠠᠨ ᠡᠮᠦᠨ᠎ᠡ ᠵᠸ᠋ᠳ᠋ᠸ᠂ ᠴᠧᠩ ᠹᠠᠩ ᠦ᠋᠎ᠳᠤ ᠪᠡᠶ᠎ᠡ᠎ᠪᠡᠨ ᠰᠠᠢᠬᠠᠨ ᠰᠤᠪᠢᠯᠠᠭᠠᠷᠠᠢ᠂ ᠬᠣᠵᠢᠮ ᠦᠷᠭᠦᠯᠵᠢ ᠢᠷᠡᠵᠦ᠍ ᠦᠵᠡᠨ᠎ᠡᠭᠡᠪᠡ᠃ ᠬᠠᠷᠠᠮᠰᠠᠯᠲᠠᠶ ᠨᠢ᠂ ᠰᠠᠷ᠎ᠠ ᠭᠠᠷᠤᠶ᠎ᠶ᠋ᠢᠨ ᠳᠠᠷᠠᠭ᠎ᠠ ᠵᠸ᠋ ᠳ᠋ᠸ ᠡᠪᠡᠳᠴᠢᠨ ᠨᠢ ᠬᠦᠨᠳᠦᠷᠡᠭ᠌ᠰᠡᠨ᠎ᠡᠴᠡᠪᠤᠯᠵᠤ ᠨᠠᠰᠤ ᠪᠠᠷᠠᠵᠠᠶ᠃

ᠵᠸ᠋ ᠳ᠋ᠸ 1922 ᠣᠨ᠎ᠤ11 ᠰᠠᠷ᠎ᠠ᠎ᠳᠤ ᠳᠤᠮᠳᠠᠳᠤ ᠤᠯᠤᠰ᠎ᠤᠨ ᠡᠪ ᠬᠠᠮᠲᠤ ᠨᠠᠮ᠎ᠳᠤ ᠣᠷᠣᠵᠤ᠂ᠵᠧᠦ ᠧᠨ ᠯᠠᠢ᠎ᠶ᠋ᠢᠨ ᠭᠠᠷ ᠡᠴᠡ ᠴᠧᠨ ᠸᠠᠩ ᠳ᠋ᠤᠤ᠎ᠶ᠋ᠢᠨ ᠣᠷᠴᠢᠭᠤᠯᠤᠭ᠍ᠰᠠᠨ《ᠡᠪ ᠬᠠᠮᠲᠤ ᠨᠠᠮ᠎ᠤᠨ ᠲᠤᠩᠬᠠᠭ》᠎ᠢ ᠲᠤᠰᠴᠤ᠌ ᠂1976 ᠣᠨ᠎ᠳᠤ ᠨᠠᠰᠤ ᠪᠠᠷᠠᠬᠤ᠎ᠡᠴᠡ᠎ᠪᠠᠨ ᠡᠮᠦᠨ᠎ᠡ ᠳᠠᠬᠢᠨ ᠴᠸᠨ ᠹᠠᠩ ᠦ᠋᠎ᠶ᠋ᠢᠨ ᠣᠷᠴᠢᠭᠤᠯᠤᠭ᠍ᠰᠠᠨ 《ᠡᠪᠬᠠᠮᠲᠤ ᠨᠠᠮ᠎ᠤᠨ ᠲᠤᠩᠬᠠᠭ》᠎ᠢ ᠤᠩᠱᠢᠵᠠᠢ᠃ ᠨᠡᠭᠡᠷᠡᠨ ᠵᠦ᠍ ᠳ᠋ᠸ ᠵᠢᠨᠨᠢᠭᠡ ᠨᠠᠰᠤ ᠨᠢ《ᠡᠪ ᠬᠠᠮᠲᠤ ᠨᠠᠮ᠎ᠤᠨ ᠲᠤᠩᠬᠠᠭ》 ᠲᠠᠢ ᠰᠠᠯᠤᠰᠢ ᠦᠭᠡᠢ ᠪᠠᠷᠢᠯᠳᠤᠯᠭ᠎ᠠ᠎ᠲᠠᠶ ᠭᠡᠵᠦ᠍ ᠬᠡᠯᠡᠵᠦ᠍ ᠪᠣᠯᠤᠨ᠎ᠠ᠃

《ᠡᠪ ᠬᠠᠮᠲᠤ ᠨᠠᠮ᠎ᠤᠨ ᠲᠤᠩᠬᠠᠭ》᠎ᠢ ᠰᠤᠳᠤᠯᠤᠨ ᠤᠩᠱᠢᠬᠰᠠᠨ ᠪᠣᠯ ᠵᠸ᠋ ᠳ᠋ᠸ ᠵᠢᠨ ᠨᠠᠰᠤ᠎ᠪᠠᠷ᠎ᠢᠶᠠᠨ ᠰᠤᠷᠤᠯᠴᠠᠭ᠍ᠰᠠᠨ᠎ᠤ ᠬᠢᠨᠢ ᠨᠢᠭᠡ ᠯᠡ ᠵᠢᠱ᠌ᠢᠶ᠎ᠠ ᠪᠣᠯᠤᠨ᠎ᠠ᠃ ᠬᠤᠪᠢᠰᠭᠠᠯ᠂ ᠪᠦᠳᠦᠭᠡᠨ ᠪᠠᠢᠭᠤᠯᠤᠯᠲᠠ᠎ᠶ᠋ᠢᠨ ᠠᠳᠠᠯᠢ ᠪᠤᠰᠤ ᠴᠠᠭᠦᠶ᠎ᠡ᠎ᠳᠦ᠂ ᠵᠦ᠍ ᠳ᠋ᠸ ᠢᠮᠠᠭ᠍ᠲᠠ《ᠦᠳᠡᠯᠳᠡᠯ᠎ᠠᠪᠡᠨ ᠬᠤᠪᠢᠰᠭᠠᠯ ᠬᠢᠵᠤ᠂ ᠥᠲᠡᠯᠲᠡᠯ᠎ᠡ᠎ᠪᠡᠨ ᠰᠤᠷᠤᠯᠴᠠᠵᠤ᠂ ᠥᠲᠡᠯᠲᠡᠯ᠎ᠡ ᠎ᠪᠡᠨ ᠥᠭᠡᠷᠡᠴᠢᠯᠡᠬᠦ᠌》ᠪᠡᠷ ᠥᠪᠡᠷ ᠎ᠢ ᠪᠡᠨ ᠱᠠᠭᠠᠷᠳᠠᠭ᠍ᠰᠠᠭᠠᠷᠢᠷᠡᠵᠠᠢ᠃ ᠲᠡᠷᠡ ᠭᠸᠷᠮᠠᠨ ᠳ᠋ᠥ ᠰᠤᠷᠤᠯᠴᠠᠵᠤ ᠪᠠᠢᠬᠤ᠎ᠳᠠᠭᠠᠨ 《ᠡᠪ ᠬᠠᠮᠲᠤ ᠨᠠᠮ᠎ᠤᠨᠲᠤᠩᠬᠠᠭ》᠂《ᠨᠡᠢᠭᠡᠮ ᠵᠢᠷᠤᠮᠬᠡᠢ ᠪᠣᠳᠣᠯ ᠡᠴᠡ ᠱᠢᠨᠵᠢᠯᠡᠬᠦ᠌ ᠤᠬᠠᠭᠠᠨ ᠪᠣᠯᠵᠤ ᠬᠥᠭ᠌ᠵᠢᠭ᠌ᠰᠡᠨ ᠨᠢ》ᠭᠡᠬᠦ᠌ ᠨᠣᠮ᠎ᠢ ᠪᠠᠭ᠍ᠲᠠᠭᠠᠭ᠍ᠰᠠᠨ ᠠᠯᠢ ᠣᠯᠠᠨ ᠭᠸᠷᠮᠠᠨ ᠬᠡᠯᠡᠨ᠎ᠦ ᠬᠡᠪᠯᠡᠯ᠎ᠦᠨ ᠮᠠᠷᠺᠰᠯᠧᠨᠢᠨ᠎ᠦ ᠵᠣᠬᠢᠶᠠᠯ᠎ᠢ ᠤᠩᠱᠢᠵᠠᠶ; ᠶᠠᠨ ᠠᠨ᠎ᠤ ᠦᠶ᠎ᠠ᠎ᠳᠤ᠂ ᠵᠸ᠋ᠳ᠋ᠸ ᠮᠠᠷᠺᠰ᠎ᠤᠨ ᠦᠵᠡᠯ᠎ᠤᠨ ᠬᠤᠪᠢᠰᠭᠠᠯ᠎ᠤᠨ ᠣᠨᠣᠯ᠎ᠢ ᠬᠢᠨᠠᠮᠠᠭᠠᠶ ᠰᠤᠷᠤᠯᠴᠠᠪᠠ; ᠳᠡᠭᠡᠷ᠎ᠡᠵᠠᠭᠤᠨ᠎ᠤ ᠵᠢᠷᠠᠭᠠᠳ ᠣᠨ᠎ᠤ ᠳᠤᠮᠳᠠᠴᠢ᠎ᠪᠠᠷ᠂ ᠲᠡᠷᠡ ᠨᠠᠮ᠎ᠤᠨ ᠲᠥᠪ ᠬᠣᠷᠢᠶᠠᠨ᠎ᠤ ᠳᠡᠭᠡᠳᠦ ᠳᠡᠰ᠎ᠤᠨ ᠺᠠᠳ᠋ᠷ᠎ᠤᠨᠰᠤᠷᠤᠯᠴᠠᠬᠤ᠎ᠪᠠᠷ ᠲᠣᠭ᠍ᠲᠠᠭᠠᠭ᠍ᠰᠠᠨ 32 ᠳᠡᠪᠲᠡᠷ ᠮᠠᠷᠺᠰ ᠯᠧᠨᠢᠨ᠎ᠦᠵᠣᠬᠢᠶᠠᠯ᠎ᠢ ᠰᠤᠳᠤᠯᠤᠨ ᠤᠩᠱᠢᠬᠤ᠎ᠶ᠋ᠢ ᠪᠠᠷᠢᠮᠲᠠᠯᠠᠵᠤ᠂ ᠮᠥᠨ ᠮᠠᠰᠢ ᠤᠯᠠᠨ ᠰᠤᠷᠤᠯᠴᠠᠯᠭ᠎ᠠ᠎ᠶ᠋ᠢᠨ ᠲᠡᠮᠳᠡᠭ᠌ᠯᠡᠯᠪᠢᠴᠢᠭ᠌ᠰᠡᠨ ᠪᠠᠢᠨ᠎ᠠ᠃ ᠡᠭᠦᠨ᠎ᠡᠴᠡ ᠭᠠᠳᠠᠨ᠎ᠠ᠂ ᠵᠦ᠍ ᠳ᠋ᠸ ᠨᠣᠮ ᠪᠢᠴᠢᠭ᠎ᠦᠨ ᠮᠡᠳᠡᠯᠭᠡ᠎ᠶ᠋ᠢᠨ ᠰᠤᠷᠤᠯᠴᠠᠯᠭ᠎ᠠ᠎ᠶ᠋ᠢᠴᠢᠬᠤᠯᠠᠴᠢᠯᠠᠬᠤ ᠮᠥᠷᠲᠡᠭᠡᠨ ᠦᠢᠯᠡᠳᠦᠯᠭᠡ᠎ᠶ᠋ᠢᠨ ᠳᠤᠮᠳᠠ ᠤᠯᠠᠨ ᠲᠦᠮᠡᠨ᠎ᠡᠴᠡ ᠰᠤᠷᠤᠯᠴᠠᠬᠤ᠎ᠶ᠋ᠢ ᠨᠡᠩ ᠴᠢᠬᠤᠯᠠᠴᠢᠯᠠᠳᠠᠭ᠃ᠲᠡᠷᠡ᠂ ᠮᠠᠷᠺᠰ ᠯᠧᠨᠢᠨ᠎ᠦ ᠦᠵᠡᠯ᠎ᠦᠨ ᠬᠠᠮᠤᠭ᠎ᠤᠨ ᠴᠢᠬᠤᠯᠠ ᠭᠣᠣᠯ ᠴᠢᠮᠥᠭᠡ ᠪᠣᠯ ᠤᠯᠠᠨ ᠲᠦᠮᠡᠨ᠎ᠲᠡᠶ ᠬᠠᠷᠢᠯᠴᠠᠵᠤ᠂ᠤᠯᠠᠨ ᠲᠦᠮᠡᠨ᠎ᠡᠴᠡ ᠰᠤᠷᠤᠯᠴᠠᠬᠤ ᠶᠠᠪᠤᠳᠠᠯ ᠪᠤᠯᠤᠨ᠎ᠠ ᠭᠡᠵᠦ ᠬᠡᠯᠡᠭᠰᠡᠨ ᠪᠠᠢᠨ᠎ᠠ᠃

ᠮᠠᠨ᠎ᠤ ᠨᠠᠮ ᠰᠤᠷᠤᠯᠴᠠᠯᠭ᠎ᠠ᠎ᠳᠤᠲᠦᠱᠢᠭ᠌ᠯᠡᠨ ᠥᠨᠥᠳᠦᠷ᠎ᠲᠦ ᠬᠦᠷᠴᠦ᠍ ᠢᠷᠡᠭ᠌ᠰᠡᠨ ᠪᠥᠭᠡᠳ ᠮᠥᠨ ᠰᠤᠷᠤᠯᠴᠠᠯᠭ᠎ᠠ᠎ᠳᠤ ᠲᠦᠱᠢᠭ᠌ᠯᠡᠨ ᠢᠷᠡᠭᠡᠳᠦᠢᠲᠡᠢᠰᠢ ᠤᠷᠤᠭ᠍ᠰᠢᠯᠠᠬᠤ ᠨᠢ ᠵᠠᠢᠯᠠᠰᠢ ᠦᠭᠡᠢ ᠶᠤᠮ᠃ ᠱᠢᠨ᠎ᠡ ᠴᠠᠭ ᠦᠶ᠎ᠡ᠎ᠳᠦ᠂ ᠡᠯ᠎ᠡ ᠱᠠᠲᠤᠨ᠎ᠤ ᠤᠳᠤᠷᠢᠳᠭᠤᠺᠠᠳ᠋ᠷ ᠵᠦ᠍ ᠳ᠋ᠸ ᠨᠥᠬᠥᠷ᠎ᠲᠡᠶ ᠠᠳᠠᠯᠢ᠎ᠪᠠᠷ ᠰᠤᠷᠤᠯᠴᠠᠬᠤ᠎ᠶ᠋ᠢ ᠪᠠᠷᠢᠮᠲᠠᠯᠠᠵᠤ᠂ ᠨᠠᠷᠢᠨ ᠬᠢᠨᠠᠮᠠᠭᠠᠢ ᠰᠤᠷᠤᠯᠴᠠᠵᠤ᠂ᠴᠢᠳᠠᠮᠠᠭᠠᠢ᠎ᠪᠠᠷ ᠰᠤᠷᠤᠯᠴᠠᠵᠤ᠂ ᠠᠬᠠᠮᠠᠳ ᠬᠤᠪᠢᠰᠭᠠᠯᠴᠢᠳ᠎ᠤᠨ ᠡᠭᠦᠳᠦᠨ ᠪᠦᠲᠦᠭᠡᠭ᠌ᠰᠡᠨ ᠠᠭᠤᠤ ᠶᠡᠬᠡ ᠦᠢᠯᠡᠰ᠎ᠢᠦᠷᠭᠦᠯᠵᠢᠯᠡᠨ ᠤᠷᠤᠬ᠍ᠰᠢ ᠠᠬᠢᠭᠤᠯᠬᠤ ᠬᠡᠷᠡᠭ᠌ᠲᠡᠢ᠃

ᠮᠠᠲ᠋ᠸᠷᠢᠶᠠᠯ ᠎ᠤᠨ ᠢᠷᠡᠯᠳᠡ᠄《ᠡᠪ ᠬᠠᠮᠳᠤ ᠨᠠᠮ᠎ᠤᠨᠬᠡᠰᠢᠭᠦᠨ᠎ᠤ ᠵᠠᠪᠠᠯ ᠮᠡᠳᠡᠭᠦ ᠨᠠᠮ ᠎ᠤᠨ ᠲᠡᠤᠭᠡ ᠵᠢᠨ ᠵᠢᠵᠢᠭᠦᠯᠢᠭᠡᠷ》

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠤᠶᠤᠨᠲᠠᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面