ᠲᠡᠷᠢᠭᠦᠨ ᠨᠢᠭᠤᠷ>ᠨᠠᠮ᠎ᠤᠨ ᠪᠠᠢᠭᠤᠯᠤᠯᠲᠠ> ᠨᠠᠮ᠎ᠤ᠋ᠨ ᠲᠡᠦᠬᠡ᠎ᠶ᠋ᠢᠨ ᠮᠡᠳᠡᠯᠭᠡ

2022-07-07 09:53:27

ᠵᠣᠬᠢᠶᠠᠭ᠍ᠴᠢ᠄ ​ ᠵᠢᠨ ᠮᠢᠡᠭ ᠣᠩᠱᠢᠭ᠍ᠰᠠᠨ ᠣᠳᠠᠭ᠎ᠠ᠄ 3

ᠶᠠᠨ ᠠᠨ᠎ᠳᠤ ᠪᠠᠢᠬᠤᠬᠤᠭᠤᠴᠠᠭᠠᠨ ᠳ᠋ᠤ ᠷᠧᠨ ᠪᠢ ᠱ᠌ᠢ ᠵᠢᠨ ᠠᠵᠢᠯ ᠨᠢᠮᠠᠰᠢ ᠶᠠᠭᠠᠷᠠᠤ ᠪᠠᠢᠵᠤ᠂ ᠡᠳᠦᠷ ᠪᠦᠷᠢ 15 ᠴᠠᠭ᠎ᠠᠴᠠ ᠳᠡᠭᠡᠭ᠌ᠰᠢ ᠠᠵᠢᠯᠯᠠᠳᠠᠭ ᠪᠠᠢᠪᠠ᠃ ᠬᠡᠪᠡᠴᠤ ᠬᠡᠳᠦᠢᠶᠠᠭᠠᠷᠠᠤ ᠪᠠᠢᠭ᠍ᠰᠠᠨ ᠴᠤ᠌ ᠂ ᠲᠡᠷᠡ ᠴᠠᠭ ᠢᠮᠠᠭ᠍ᠲᠠ ᠤᠯᠠᠨ ᠲᠦᠮᠡᠨ᠎ᠦ ᠵᠣᠪᠠᠭᠤᠷᠢ ᠵᠦᠳᠡᠭᠦᠷᠢ ᠎ᠶ᠋ᠢ ᠬᠠᠯᠠᠮᠵᠢᠯᠠᠵᠤ᠂ᠦᠷᠭᠦᠯᠵᠢ ᠴᠠᠭ ᠭᠠᠷᠭᠠᠨ ᠲᠠᠷᠢᠶᠠᠴᠢᠳ᠎ᠤᠨ ᠭᠡᠷ ᠪᠦᠯᠢ᠎ᠳᠦ ᠭᠦᠨᠵᠡᠭᠡᠢᠷᠡᠨ᠂ ᠬᠠᠯᠠᠭᠤᠨ ᠬᠦᠢᠳᠡᠨ᠎ᠢ ᠨᠢ ᠠᠰᠠᠭᠤᠵᠤ᠂ ᠬᠦᠴᠢᠷᠳᠡᠯ᠎ᠢ ᠨᠢ ᠬᠠᠪᠰᠤᠷᠤᠨ ᠱᠢᠢᠳᠪᠦᠷᠢᠯᠡᠵᠦ᠍ ᠦᠭ᠌ᠳᠡᠭ ᠪᠠᠢᠯ᠎ᠠ᠃ ᠲᠡᠭᠦᠨ᠎ᠦ ᠦᠵᠡᠬᠦ᠌᠎ᠪᠡᠷ᠂ ᠬᠤᠪᠢᠰᠭᠠᠯᠨᠢ ᠬᠤᠪᠢ ᠬᠥᠮᠦᠨ᠎ᠦ ᠠᠱᠢᠭ ᠲᠤᠰᠠ᠎ᠶ᠋ᠢᠨ ᠲᠥᠯᠥᠭᠡ ᠪᠢᠰᠢ ᠂ ᠬᠤᠪᠢ ᠬᠥᠮᠦᠨ᠎ᠦ ᠨᠡᠷ᠎ᠡ ᠲᠦᠷᠦ᠍ ᠪᠠᠢᠷᠢ ᠰᠠᠭᠤᠷᠢ᠎ᠶ᠋ᠢᠨᠲᠥᠯᠥᠭᠡ ᠴᠦ᠍ ᠪᠢᠰᠢ᠂ ᠬᠠᠷᠢᠨ ᠥᠷᠭᠡᠨ ᠤᠯᠠᠨ ᠠᠷᠠᠳ ᠲᠦᠮᠡᠨ᠎ᠦ ᠴᠢᠯᠥᠭᠡᠯᠡᠯᠲᠡ᠂ᠠᠱᠢᠭ ᠲᠤᠰᠠ᠎ᠶ᠋ᠢᠨ ᠲᠥᠯᠥᠭᠡ ᠶᠤᠮ᠂ ᠡᠷᠬᠡᠪᠰᠢ《ᠤᠯᠠᠨ ᠲᠦᠮᠡᠨ᠎ᠦ ᠠᠱᠢᠭ ᠲᠤᠰᠠ᠎ᠶ᠋ᠢ ᠬᠠᠷᠠᠭᠠᠯᠵᠠᠬᠤ᠎ᠠᠴᠠ ᠡᠭᠦᠰᠴᠦ᠍᠂ ᠤᠯᠠᠨ ᠲᠦᠮᠡᠨ᠎ᠢᠬᠠᠷᠠᠭᠠᠯᠵᠠᠬᠤ ᠲᠤᠷᠱᠢᠯᠭ᠎ᠠ ᠡᠴᠡ ᠡᠭᠦᠰᠴᠦ᠍᠂ ᠤᠯᠠᠨ ᠲᠦᠮᠡᠨ᠎ᠦ ᠬᠦᠴᠦᠨ᠎ᠳᠦ ᠲᠦᠱᠢᠭ᠌ᠯᠡᠬᠦ᠌᠎ᠡᠴᠡ ᠡᠭᠦᠰᠭᠦᠬᠡᠷᠡᠭ᠌ᠲᠡᠢ》᠃

ᠬᠠᠯᠠᠭᠤᠨ ᠵᠤᠨ᠎ᠤ ᠨᠢᠭᠡᠨ ᠡᠳᠦᠷ᠎ᠦᠨ ᠦᠳᠡ᠎ᠶ᠋ᠢᠨ ᠬᠣᠢᠨ᠎ᠠ᠂ ᠷᠧᠨ ᠪᠢ ᠱ᠌ᠢ ᠠᠯᠪᠠᠯᠠᠳᠠᠭᠨᠦᠬᠡᠨ ᠭᠡᠷ᠎ᠡᠴᠡ ᠪᠡᠨ ᠭᠠᠷᠴᠤ᠌᠂ ᠴᠢᠪᠠᠭᠠᠨ ᠤ᠋ ᠬᠦᠷᠢᠶᠡᠯᠡᠩ᠎ᠠᠴᠠ ᠫᠢᠩ ᠴᠤᠸᠠᠨ ᠤᠷᠤᠭᠤ ᠶᠠᠪᠤᠵᠤ᠂ ᠵᠠᠮ ᠲᠤᠵᠢᠠᠭᠤᠯᠠ ᠳᠦᠭᠦᠷᠡᠩ ᠡᠷᠳᠡᠨᠢ ᠱᠢᠰᠢ ᠵᠢᠨ ᠨᠠᠪᠴᠢ ᠰᠢᠷᠠᠯᠠᠭᠰᠠᠨ ᠢ᠋ ᠤᠯᠵᠤ ᠦᠵᠡᠭᠡᠳ᠂ ᠰᠡᠳᠭᠢᠯ ᠠᠮᠤᠷ ᠦᠭᠡᠢᠪᠠᠢᠯ᠎ᠠ᠃ ᠳᠡᠭᠡᠳᠡᠯ᠎ᠠ ᠶᠠᠭ ᠰᠠᠢᠬᠠᠨ ᠬᠡᠳᠦᠨ ᠲᠠᠷᠢᠶᠠᠴᠢᠨ ᠲᠠᠷᠢᠶ᠎ᠠ ᠎ᠪᠠᠨ ᠤᠰᠤᠯᠠᠵᠤ ᠪᠠᠢᠬᠤ ᠲᠠᠶ ᠲᠠᠭᠠᠷᠠᠯᠳᠤᠵᠤ᠂ᠤᠷᠤᠰᠭᠠᠯ ᠨᠢ ᠮᠠᠰᠢ ᠪᠠᠭ᠎ᠠ ᠡᠴᠡ ᠪᠤᠯᠵᠤ᠂ ᠬᠠᠭᠠᠰ ᠡᠳᠦᠷ ᠪᠤᠯᠤᠭᠠᠳ ᠴᠦ᠍ ᠨᠢᠭᠡ ᠬᠡᠰᠡᠭ ᠭᠠᠵᠠᠷ᠎ᠢ ᠤᠰᠤᠯᠠᠵᠤᠳᠡᠢᠯᠬᠦ᠌ ᠦᠭᠡᠢ ᠪᠠᠢᠪᠠ᠃ ᠷᠧᠨ ᠪᠢ ᠱ᠌ᠢ ᠳᠡᠳᠡᠨ ᠡᠴᠡ ᠯᠠᠪᠯᠠᠨ ᠠᠰᠠᠭᠤᠭ᠍ᠰᠠᠨ᠎ᠳᠤ᠂ ᠤᠯᠠᠨ ᠲᠦᠮᠡᠨ ᠤ᠋ ᠤᠰᠤᠯᠠᠯᠳᠠ᠎ᠵᠢᠨᠰᠤᠪᠠᠭ᠎ᠢ ᠤᠳᠠᠭᠠᠨ ᠵᠢᠯ ᠵᠠᠰᠠᠭ᠍ᠰᠠᠨ ᠦᠭᠡᠢ ᠡᠴᠡ ᠪᠤᠯᠵᠤ᠂ ᠭᠠᠵᠠᠷ ᠪᠣᠯᠭᠠᠨ᠎ᠳᠤ ᠤᠰᠤ ᠭᠣᠭᠣᠵᠢᠵᠤᠨᠡᠪᠳᠡᠷᠡᠵᠤ ᠪᠠᠢᠬᠤ᠎ᠶ᠋ᠢ ᠰᠠᠶᠢ ᠣᠯᠵᠤ ᠮᠡᠳᠡᠵᠡᠢ᠃ ᠲᠡᠷᠡ ᠤᠰᠤᠨ᠎ᠤ ᠡᠬᠢ ᠰᠤᠷᠪᠤᠯᠵᠢ ᠠᠰᠠᠭᠤᠳᠠᠯ ᠦᠭᠡᠢ ᠂ᠰᠤᠪᠠᠭ᠎ᠢ ᠰᠠᠢᠲᠤᠷ ᠵᠠᠰᠠᠳᠠᠭ ᠯᠠ ᠶᠤᠮ ᠪᠣᠯ ᠲᠠᠷᠢᠶᠠᠴᠢᠳ᠎ᠤᠨ ᠪᠠᠴᠢᠮ ᠲᠤᠯᠭᠠᠮ ᠠᠰᠠᠭᠤᠳᠠᠯ᠎ᠢ ᠱᠢᠶ᠋ᠳᠪᠦᠷᠢᠯᠡᠵᠦ᠍ᠪᠣᠯᠤᠨ᠎ᠠ ᠭᠡᠳᠡᠭ᠎ᠢ ᠣᠯᠵᠤ ᠮᠡᠳᠡᠭᠡᠳ᠂ ᠲᠡᠷᠡ ᠳᠠᠷᠤᠢᠬᠠᠨ ᠮᠠᠤ ᠽᠸ ᠳ᠋ᠦᠩ ᠎ᠳᠦ ᠬᠠᠷᠢᠭᠤ ᠮᠡᠳᠡᠭᠦᠯᠵᠦ᠍᠂ ᠮᠠᠤ ᠽᠸ ᠳ᠋ᠦᠩ ᠵᠥᠪᠱᠢᠶᠡᠷᠡᠭ᠌ᠰᠡᠨ ᠪᠥᠭᠡᠳ ᠷᠧᠨᠪᠢ ᠱ᠌ᠢ᠎ᠳᠦ ᠲᠤᠱᠢᠶᠠᠨ ᠬᠠᠷᠢᠭᠤᠴᠠᠭᠤᠯᠵᠠᠶ᠃ ᠢᠩᠭᠢᠭᠡᠳ ᠠᠯᠪᠠᠨ ᠪᠠᠢᠭᠤᠯᠭ᠎ᠠ ᠎ᠶ᠋ᠢᠨ ᠺᠠᠳ᠋ᠷᠴᠤᠳ ᠪᠦᠭᠦᠳᠡᠭᠡᠷ᠎ᠢᠶᠡᠨᠬᠥᠳᠡᠯᠦᠯᠴᠡᠨ᠂ ᠡᠳᠦᠷ ᠰᠥᠨᠢ ᠦᠭᠡᠢ ᠲᠡᠮᠡᠴᠡᠵᠦ᠍᠂ ᠭᠠᠷᠠᠭᠪᠤᠯᠤᠯ ᠦᠭᠡᠢ ᠪᠡᠷ ᠨᠢᠭᠡ ᠵᠤᠷᠪᠤᠰ 6 ᠺᠢᠯᠣᠮᠧᠲ᠋ᠷ ᠤᠷᠳᠤ 4 ᠮᠧᠲ᠋ᠷ ᠥᠷᠭᠡᠨ ᠶᠡᠬᠡ ᠰᠤᠪᠠᠭ᠎ᠢ ᠵᠠᠰᠠᠵᠤ ᠭᠠᠷᠭᠠᠨ᠂ᠴᠢᠪᠠᠭᠠᠨ ᠤ᠋ ᠬᠦᠷᠢᠶᠡᠯᠡᠩ᠎ᠦᠨ ᠡᠷᠬᠢᠨ ᠲᠣᠭᠣᠷᠢᠨ᠎ᠤ 1400 ᠮᠦ᠍ ᠭᠠᠵᠠᠷ ᠲᠤᠬᠠᠢ᠎ᠶ᠋ᠢᠨ ᠵᠢᠯ᠎ᠳᠡᠭᠡᠨ ᠠᠱᠢᠭ ᠬᠦᠷᠳᠡᠭᠰᠡᠨ ᠪᠠᠢᠯ᠎ᠠ᠃ ᠤᠰᠤᠨᠰᠤᠪᠠᠭ᠎ᠢ ᠵᠠᠰᠠᠵᠤ ᠪᠠᠷᠠᠭ᠍ᠰᠠᠨ᠎ᠤ ᠳᠠᠷᠠᠭ᠎ᠠ᠂ ᠲᠣᠰᠭᠣᠨ᠎ᠤ ᠠᠷᠠᠳ ᠤᠰᠤ ᠲᠠᠲᠠᠵᠤ ᠲᠠᠷᠢᠶᠠᠨ ᠭᠠᠵᠠᠷ᠎ᠢᠶᠠᠨᠤᠰᠤᠯᠠᠵᠦ᠂ ᠬᠠᠳᠠᠵᠤ ᠬᠤᠪᠠᠬᠠᠢᠷᠠᠭ᠍ᠰᠠᠨ ᠲᠠᠷᠢᠶ᠎ᠠ ᠨᠢ ᠳᠠᠬᠢᠨ ᠠᠮᠢᠵᠢᠷᠠᠯ᠎ᠤᠨ ᠬᠦᠴᠦᠨ ᠵᠢᠡᠨ ᠰᠡᠷᠭᠦᠭᠡᠪᠡ᠃ᠬᠥᠮᠦᠰ ᠮᠠᠰᠢ ᠶᠡᠬᠡ ᠪᠠᠶᠠᠷᠯᠠᠵᠤ᠂ ᠡᠨᠡ ᠬᠦ᠌ ᠰᠤᠪᠠᠭ ᠢ᠋ 《ᠵᠣᠯ ᠵᠢᠷᠭᠠᠯᠳᠤ ᠰᠤᠪᠠᠭ》 ᠭᠡᠵᠤ ᠨᠡᠷᠡᠯᠡᠪᠡ᠃

ᠨᠢᠭᠡᠨ ᠡᠳᠦᠷ᠎ᠦᠨ ᠪᠥᠷᠦᠢ ᠳᠠᠰᠤᠷᠠᠬᠤ ᠪᠡᠷ᠂ ᠷᠧᠨ ᠪᠢ ᠱ᠌ᠢ ᠮᠣᠷᠢ ᠤᠨᠤᠵᠤ ᠴᠢᠪᠠᠭᠠᠨ ᠤ᠋ ᠬᠦᠷᠢᠶᠡᠯᠡᠩᠳ᠋ᠡᠭᠡᠨ ᠪᠤᠴᠠᠬᠤ ᠎ᠳᠠᠭᠠᠨ ᠵᠠᠷᠢᠮ ᠲᠠᠷᠢᠶᠠᠴᠢᠳ ᠠᠷᠴᠢᠭᠤᠷ ᠵᠢᠡᠨ ᠡᠭᠦᠷᠴᠦ᠍ ᠭᠡᠷ᠎ᠲᠡᠬᠡᠨ ᠬᠠᠷᠢᠵᠤ ᠪᠠᠢᠬᠤ᠎ᠲᠠᠶᠲᠠᠭᠠᠷᠠᠯᠳᠤᠪᠠ᠃ ᠲᠠᠷᠢᠶᠠᠴᠢᠳ ᠶᠠᠭ ᠰᠠᠢᠬᠠᠨ ᠭᠠᠩ ᠬᠠᠭ᠍ᠰᠠᠷᠠᠭᠠᠨ ᠎ᠲᠠᠶ ᠲᠡᠮᠡᠴᠡᠨ ᠲᠠᠷᠢᠶ᠎ᠠ ᠪᠡᠨᠠᠷᠴᠢᠵᠦ᠂ ᠲᠤᠢᠯ᠎ᠤᠨ ᠵᠦᠳᠡᠷᠡᠯᠲᠡᠢ ᠪᠠᠢᠬᠤ ᠡᠴᠡ ᠰᠠᠶᠢᠡᠢᠮᠦ᠍ ᠤᠷᠤᠢ ᠪᠣᠯᠲᠠᠯ᠎ᠠ ᠠᠵᠢᠯᠯᠠᠭᠰᠠᠨ ᠢ᠋ ᠮᠡᠳᠡᠭ᠌ᠰᠡᠨ᠎ᠦ ᠳᠠᠷᠠᠭ᠎ᠠ᠂ ᠲᠡᠷᠡ ᠮᠣᠷᠢ ᠪᠡᠨ ᠤᠨᠤᠭᠠᠳ ᠪᠤᠴᠠᠵᠦᠲᠠᠷᠢᠶᠠᠨ ᠭᠠᠵᠠᠷ ᠳᠡᠭᠡᠷ᠎ᠡ ᠨᠠᠷᠢᠨ ᠨᠢᠮᠪᠠᠢ ᠪᠠᠢᠴᠠᠭᠠᠨ ᠦᠵᠡᠪᠡ᠃ ᠲᠠᠷᠠᠭ᠎ᠠ ᠡᠳᠦᠷ ᠨᠢ᠂ ᠲᠡᠷᠡ ᠨᠢᠭᠡ ᠪᠦᠯᠦᠭᠺᠠᠳ᠋ᠷ ᠪᠠᠢᠯᠳᠤᠭ᠍ᠴᠢᠳ᠎ᠢ ᠳᠠᠭᠠᠭᠤᠯᠤᠨ ᠠᠷᠴᠢᠭᠤᠷ ᠡᠭᠦᠷᠴᠦ᠍ ᠲᠠᠷᠢᠶᠠᠨ ᠭᠠᠵᠠᠷ ᠲᠦ᠍ ᠢᠷᠡᠪᠡ᠃ ᠲᠠᠷᠢᠶᠠᠴᠢᠳ᠄《ᠢᠩᠭᠢᠭᠡᠳ ᠶᠠᠭᠠᠬᠢᠵᠤ ᠪᠣᠯᠬᠤ ᠪᠤᠢ? ᠲᠠ ᠨᠠᠷ ᠪᠦᠷ ᠠᠯᠪᠠᠨ ᠠᠵᠢᠯ ᠬᠢᠵᠦ᠍᠂ ᠶᠡᠬᠡ ᠶᠠᠪᠤᠳᠠᠯ ᠪᠦᠲᠦᠭᠡᠳᠡᠭ ᠬᠦᠮᠦᠨ ᠪᠠᠢᠨ᠎ᠠ᠂ ᠡᠨᠡ ᠵᠢᠭᠠᠬᠠᠨ ᠤᠴᠢᠷ ᠢ᠋ ᠲᠠ ᠨᠠᠷ ᠵᠢᠡᠷ ᠬᠢᠯᠬᠡᠪᠡᠯ᠂ ᠪᠢᠳᠡᠨ ᠶᠠᠭᠠᠬᠢᠨ ᠰᠡᠳᠬᠢᠯ ᠲᠦᠪᠳᠡᠬᠦ ᠪᠢᠯᠡ?》 ᠬᠡᠰᠡᠨ ᠳ᠋ᠤ ᠷᠧᠨ ᠪᠢ ᠱ᠌ᠢ ᠄ 《ᠡᠨᠡ ᠨᠢ ᠮᠦᠨ ᠴᠤ᠌ ᠠᠯᠪᠠᠨ ᠶᠠᠪᠤᠳᠠᠯ᠂ ᠶᠡᠬᠡ ᠶᠠᠪᠤᠳᠠᠯ ᠱᠢᠤ》 ᠭᠡᠭ᠌ᠰᠡᠭᠡᠷ ᠡᠪᠡᠰᠦᠨ ᠮᠠᠯᠠᠭᠠᠢ ᠵᠡᠭᠦᠵᠦ᠍᠂ ᠨᠢᠭᠡ ᠳᠡᠪᠦᠷ᠎ᠡ ᠤᠰᠤ ᠡᠭᠦᠷᠴᠦ᠍᠂ ᠠᠷᠴᠢᠭᠤᠷᠪᠠᠷᠢᠨ ᠲᠦᠷᠦᠭᠦᠯᠡᠨ ᠲᠠᠷᠢᠶᠠᠨ ᠭᠠᠵᠠᠷ ᠲᠦ᠍ ᠣᠴᠢᠵᠤ ᠠᠵᠢᠯᠯᠠᠪᠠ᠃ ᠠᠮᠠᠷᠠᠬᠤ ᠦᠶ᠎ᠡ᠎ᠳᠦ᠂ ᠲᠡᠷᠡ ᠲᠠᠷᠢᠶᠠᠴᠢᠳ᠎ᠠᠴᠠᠠᠮᠢᠳᠤᠷᠠᠯ᠎ᠤᠨ ᠪᠠᠢᠳᠠᠯ᠎ᠢ ᠨᠢ ᠠᠰᠠᠭᠤᠨ ᠯᠠᠪᠯᠠᠵᠤ᠂ ᠤᠯᠠᠨ᠎ᠢ ᠬᠠᠪᠰᠤᠷᠤᠨ ᠠᠮᠢᠳᠤᠷᠠᠯ᠎ᠤᠨ ᠨᠠᠷᠢᠨ ᠲᠠᠩᠰᠠ᠎ᠶ᠋ᠢᠨᠢ ᠪᠤᠳᠤᠵᠤ ᠥᠭ᠌ᠴᠡᠢ᠂ ᠡᠪᠦᠯ ᠶᠠᠭᠠᠬᠢᠵᠤ ᠲᠤᠬᠢᠷᠠᠭᠤᠯᠬᠤ᠂ ᠬᠠᠪᠤᠷ ᠎ᠤᠨ ᠭᠠᠴᠢᠭ ᠎ᠢ ᠬᠡᠷᠬᠢᠨ ᠲᠤᠭᠤᠯᠬᠤ ᠁ ᠤᠯᠠᠨ᠎ᠢᠶᠠᠷ᠎ᠢᠶᠠᠨ ᠰᠣᠨᠣᠰᠭᠤ ᠲᠤᠳᠤᠮ ᠰᠣᠴᠢᠨᠭᠠᠢᠬᠠᠵᠤ᠂ ᠳᠠᠷᠤᠭ᠎ᠠ᠎ᠨᠠᠷ ᠳᠡᠳᠡᠨ ᠤ᠋ ᠠᠮᠢᠳᠤᠷᠠᠯ᠎ᠢ ᠡᠢᠮᠦ᠍ ᠰᠠᠢ᠌ᠨ ᠣᠢᠯᠠᠭᠠᠵᠤ᠂ ᠲᠡᠳᠡᠨ᠎ᠢ ᠢᠩᠭᠢᠵᠦ᠍ ᠬᠠᠯᠠᠮᠵᠢᠯᠠᠨ᠎ᠠ ᠭᠡᠵᠦ᠍ ᠪᠤᠳᠤᠵᠤᠣᠯᠤᠭ᠍ᠰᠠᠨ ᠦᠭᠡᠢ ᠬᠡᠵᠡᠭᠡᠨ᠎ᠠ᠃

ᠤᠯᠠᠨ ᠲᠦᠮᠡᠨ᠎ᠲᠡᠶ ᠨᠢᠭ᠍ᠲᠠ ᠬᠠᠷᠢᠯᠴᠠᠵᠤ᠂ ᠤᠯᠠᠨ ᠲᠦᠮᠡᠨ᠎ᠦ ᠠᠱᠢᠭ ᠲᠤᠰᠠ᠎ᠶ᠋ᠢᠴᠠᠭ ᠢᠮᠠᠭ᠍ᠲᠠ ᠰᠡᠳᠭᠢᠯ᠎ᠳᠡᠭᠡᠨ ᠪᠤᠳᠤᠬᠤ ᠪᠣᠯ ᠡᠪ ᠬᠠᠮᠲᠤᠴᠤᠳ᠎ᠤᠨ ᠱᠢᠯᠢᠳᠡᠭ ᠤᠯᠠᠮᠵᠢᠯᠠᠯ ᠪᠠ ᠰᠤᠷᠲᠠᠯ ᠮᠥᠨ᠃ᠶᠠᠨ ᠠᠨ᠎ᠤ ᠦᠶ᠎ᠡ᠎ᠶ᠋ᠢᠨ ᠨᠠᠮ᠎ᠤᠨ ᠤᠳᠤᠷᠢᠳᠭᠤ ᠬᠥᠮᠦᠰ ᠦᠭᠡ ᠶᠠᠷᠢᠶ᠎ᠠ ᠦᠢᠯᠡ ᠠᠵᠢᠯᠯᠠᠭ᠎ᠠ᠎ᠪᠠᠷ᠎ᠢᠶᠠᠨ ᠠᠷᠠᠳᠲᠦᠮᠡᠨ ᠎ᠳᠦ ᠦᠢᠯᠡᠴᠢᠯᠡᠬᠦ᠌ ᠦᠨᠳᠦᠰᠦᠨ ᠵᠣᠷᠢᠯᠲᠠ᠎ᠶ᠋ᠢ ᠵᠢᠱ᠌ᠢᠶᠡᠴᠢ ᠪᠡᠷ ᠦᠢᠯᠡᠳᠦᠯᠭᠡᠵᠢᠭᠦᠯᠵᠦᠪᠠᠢᠵᠠᠢ᠃

ᠮᠠᠲ᠋ᠸᠷᠢᠶᠠᠯ ᠎ᠤᠨ ᠢᠷᠡᠯᠳᠡ᠄ 《ᠡᠪ ᠬᠠᠮᠳᠤ ᠨᠠᠮ᠎ᠤᠨᠬᠡᠰᠢᠬᠦᠨ᠎ᠤ ᠮᠡᠳᠡᠬᠦ ᠶᠤᠰᠤᠳᠠᠢ ᠨᠠᠮ᠎ᠤᠨᠳᠡᠦᠬᠡ ᠵᠢᠨ ᠵᠢᠵᠢᠭ ᠦᠯᠢᠭᠡᠷ᠎ᠤᠳ》

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠤᠶᠤᠨᠲᠠᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面