2022-06-09 10:25:33
1941 ᠣᠨ᠎ᠳᠤ᠂ ᠭᠣᠮᠢᠨᠳᠠᠩ᠎ᠤᠨ ᠲᠡᠷᠰᠯᠡᠭᠦᠴᠦᠳ ᠱᠠᠨᠰᠢ ᠭᠠᠨᠰᠦᠨᠢᠩᠱᠢᠶᠠᠶ᠋ᠢᠨ ᠬᠢᠵᠠᠭᠠᠷ ᠣᠷᠣᠨ᠎ᠢ ᠪᠦᠰᠡᠯᠡᠵᠦ᠍ ᠪᠢᠲᠡᠭᠦᠮᠵᠢᠯᠡᠵᠤ᠂ ᠬᠢᠵᠠᠭᠠᠷ ᠣᠷᠣᠨ᠎ᠤ ᠭᠠᠳᠠᠭᠠᠳᠤ ᠶ᠋ᠢᠨᠲᠤᠰᠠᠯᠠᠮᠵᠢ ᠶ᠋ᠢ ᠲᠠᠰᠤᠯᠳᠠᠭᠤᠯᠤᠨ᠂ ᠡᠳ᠋ ᠦᠨ ᠵᠠᠰᠠᠭ ᠠᠵᠤ ᠠᠬᠤᠢ᠎ᠶ᠋ᠢ ᠬᠦᠨᠳᠦ ᠰᠦᠷᠡᠬᠡᠢ ᠬᠦᠴᠢᠷᠳᠡᠯᠳᠦᠣᠷᠣᠭᠤᠯᠪᠠ᠃ ᠡᠬᠦᠨ᠎ᠤ ᠳᠤᠯᠠᠳᠠ᠂ ᠨᠠᠮ ᠠᠴᠠ ᠰᠠᠭᠤᠷᠢᠨ ᠭᠠᠵᠠᠷ᠎ᠤᠨ ᠴᠡᠷᠢᠭ ᠠᠷᠠᠳ᠎ᠢ ᠤᠳᠤᠷᠢᠳᠤᠨ ᠶᠡᠬᠡᠦᠢᠯᠡᠳᠪᠦᠷᠢᠯᠡᠯᠦᠨ ᠬᠥᠳᠡᠯᠭᠡᠭᠡᠨ᠎ᠢ ᠥᠷᠨᠢᠭᠦᠯᠵᠦ᠍᠂ ᠬᠢᠵᠠᠭᠠᠷ ᠣᠷᠣᠨ᠎ᠳᠤ ᠡᠳ᠋᠎ᠦᠨ ᠵᠠᠰᠠᠭ᠎ᠤᠨ ᠬᠠᠩᠭᠠᠯᠭᠠᠪᠠ ᠦᠢᠯᠡᠳᠪᠦᠷᠢᠯᠡᠯ᠎ᠢᠶᠡᠷ ᠥᠪᠡᠷ᠎ᠢ᠎ᠪᠡᠨ ᠬᠠᠩᠭᠠᠬᠤ ᠡᠳ᠋ ᠦᠨ ᠵᠠᠰᠠᠭ ᠤᠨ ᠪᠠᠢᠭᠤᠯᠤᠯ ᠢ ᠬᠡᠷᠡᠭ᠌ᠵᠢᠭᠦᠯᠪᠡ᠃
1944 ᠣᠨ᠎ᠳᠤ ᠂ ᠴᠧᠨ ᠶᠦᠨ ᠡᠳ᠋᠎ᠦᠨ ᠵᠠᠰᠠᠭ ᠠᠵᠤ ᠠᠬᠤᠢ᠎ᠶ᠋ᠢᠨ ᠠᠵᠢᠯ ᠳ᠋ᠤ ᠱᠢᠯᠵᠢᠵᠦ᠍᠂ᠪᠠᠷᠠᠭᠤᠨ ᠬᠣᠢᠲᠤ᠎ᠶ᠋ᠢᠨ ᠡᠳ᠋᠎ᠦᠨ ᠵᠠᠰᠠᠭ ᠠᠵᠤ ᠠᠬᠤᠢ᠎ᠶ᠋ᠢᠨ ᠬᠡᠷᠡᠭ ᠡᠷᠬᠢᠯᠡᠬᠦ᠌ ᠭᠠᠵᠠᠷ᠎ᠤᠨ ᠳᠡᠳ᠋ ᠡᠷᠬᠢᠯᠡᠭ᠌ᠴᠢᠪᠠ ᠤᠯᠤᠰ ᠲᠥᠷᠥ᠎ᠶ᠋ᠢᠨ ᠬᠡᠯᠲᠡᠰ᠎ᠦᠨ ᠡᠷᠬᠢᠯᠡᠭ᠌ᠴᠢ ᠵᠢᠨ ᠲᠤᠱᠢᠶᠠᠯ ᠢ ᠬᠠᠪᠰᠤᠷᠭᠠᠨ ᠬᠠᠷᠢᠭᠤᠴᠠᠪᠠ᠃ ᠶᠡᠬᠡᠦᠢᠯᠡᠳᠪᠦᠷᠢᠯᠡᠯᠦᠨ ᠬᠥᠳᠡᠯᠭᠡᠭᠡᠨ᠎ᠢ ᠥᠷᠨᠢᠭᠦᠯᠦᠭ᠌ᠰᠡᠨ ᠬᠣᠶᠠᠷ ᠭᠤᠷᠪᠠᠨ ᠵᠢᠯ᠎ᠦᠨ ᠬᠤᠭᠤᠴᠠᠭᠠᠨ᠎ᠳᠤ ᠂ ᠬᠢᠵᠠᠭᠠᠷᠣᠷᠣᠨᠤ ᠡᠯ᠎ᠡ ᠪᠠᠢᠭᠤᠯᠭ᠎ᠠ᠂ ᠴᠡᠷᠢᠭ ᠠᠩᠭᠢ ᠪᠠ ᠰᠤᠷᠭᠠᠭᠤᠯᠢ ᠵᠡᠷᠭᠡ 《ᠪᠠᠭ᠎ᠠ ᠨᠢᠭᠡᠴᠢ》 ᠵᠢᠨᠯᠠᠷᠵᠢᠶᠠᠪᠤᠰᠴᠤ᠂ 《ᠶᠡᠬᠡ ᠨᠢᠭᠡᠴᠢ》 ᠪᠤᠯᠤᠭᠰᠠᠨ ᠬᠢᠵᠠᠭᠠᠷ ᠣᠷᠣᠨ᠎ᠤ ᠵᠠᠰᠠᠭ᠎ᠤᠨ ᠣᠷᠳᠣᠨ᠎ᠤ ᠡᠳ᠋᠎ᠦᠨ ᠵᠠᠰᠠᠭ᠎ᠤᠨ ᠰᠠᠭᠤᠷᠢᠨᠢᠮᠭᠡᠨ᠂ ᠲᠥᠪᠯᠡᠷᠡᠭ᠌ᠰᠡᠨ ᠤᠳᠤᠷᠢᠳᠤᠯᠭ᠎ᠠ ᠪᠠ ᠨᠢᠭᠡᠳᠦᠯᠲᠡᠶ ᠲᠥᠯᠥᠪᠵᠢᠭᠦᠯᠭᠡ ᠳᠤᠲᠠᠮᠠᠭ ᠪᠠᠢᠳᠠᠯ ᠳᠣᠣᠷ᠎ᠠ᠂《ᠪᠠᠭ᠎ᠠ ᠨᠢᠭᠡᠴᠢ》 ᠵᠢᠨ ᠪᠠᠢᠭᠤᠯᠭ᠎ᠠ ᠳ᠋ᠤ ᠪᠦᠷᠢᠯᠭᠡᠨ ᠰᠦᠢᠳᠭᠡᠬᠦ᠌ ᠦᠵᠡᠭ᠌ᠳᠡᠯᠬᠦᠨᠳᠦ ᠨᠣᠴᠢᠲᠠᠶ ᠣᠷᠣᠱᠢᠵᠤ ᠪᠠᠢᠪᠠ᠃ ᠡᠨᠡ ᠬᠦ᠌ ᠠᠰᠠᠭᠤᠳᠠᠯ᠎ᠢ ᠬᠡᠷᠬᠢᠨ ᠱᠢᠢᠳᠪᠦᠷᠢᠯᠡᠬᠦ᠌ ᠶᠠᠪᠤᠳᠠᠯ ᠴᠧᠨᠶᠦᠨᠤ ᠡᠮᠦᠨ᠎ᠡ ᠳᠤᠯᠵᠤ ᠢᠷᠡᠪᠡ᠃ ᠡᠭᠦᠨ᠎ᠳᠦ ᠴᠧᠨ ᠶᠦᠨᠢᠮᠠᠭ᠍ᠲᠠ 《ᠪᠠᠭ᠎ᠠ ᠨᠢᠭᠡᠴᠢ》 《ᠶᠡᠬᠡ ᠨᠢᠭᠡᠴᠢ》 ᠶ᠋ᠢ ᠳᠠᠭᠠᠬᠤ ᠶ᠋ᠢ ᠪᠠᠷᠢᠮᠲᠠᠯᠠᠵᠤ᠂ᠨᠢᠭᠡ ᠬᠡᠰᠡᠭ ᠨᠢ ᠪᠦᠬᠦᠯᠢ ᠴᠣᠭ᠍ᠴᠠ᠎ᠶ᠋ᠢ ᠳᠠᠭᠠᠬᠤ ᠬᠡᠷᠡᠭ᠌ᠲᠡᠶ ᠭᠡᠵᠦ᠍ ᠵᠢᠭᠠᠵᠤ ᠭᠠᠷᠭᠠᠭ᠍ᠰᠠᠨ ᠪᠥᠭᠡᠳ᠄ᠪᠠᠭ᠎ᠠ ᠨᠢᠭᠡᠴᠢ ᠳ᠋ᠤ ᠠᠰᠢᠭᠳᠠᠢ ᠶᠡᠬᠡ ᠨᠢᠭᠡᠴᠢ᠎ᠳ᠋ᠤ ᠬᠣᠬᠢᠷᠠᠯ ᠲᠠᠢ ᠠᠵᠢᠯ᠎ᠢ ᠬᠢᠵᠦ᠍ ᠪᠣᠯᠬᠤ ᠦᠭᠡᠢ ᠂ ᠪᠠᠭᠠᠨᠢᠭᠡᠴᠢ ᠶᠡᠬᠡ ᠨᠢᠭᠡᠴᠢ ᠳ᠋ᠤ ᠴᠦᠮ ᠠᠰᠢᠭᠳᠠᠢ ᠠᠵᠢᠯ᠎ᠢ ᠵᠠᠪᠠᠯ ᠬᠢᠬᠦ ᠬᠡᠷᠡᠭᠳᠠᠢ᠂ ᠪᠠᠭ᠎ᠠ ᠨᠢᠭᠡᠴᠢ ᠳ᠋ᠤᠠᠰᠢᠭᠳᠠᠢ ᠶᠡᠬᠡ ᠨᠢᠭᠡᠴᠢ ᠳ᠋ᠤ ᠬᠤᠬᠢᠷᠠᠯ ᠦᠭᠡᠢ ᠠᠵᠢᠯ᠎ᠢ ᠬᠢᠵᠤ ᠪᠤᠯᠤᠨ᠎ᠠ ᠬᠡᠵᠤ ᠵᠢᠭᠠᠵᠤ ᠭᠠᠷᠭᠠᠪᠠ᠃ᠲᠡᠷᠡ ᠮᠥᠷᠲᠡᠭᠡᠨ ᠴᠧᠨ ᠶᠦᠨ《ᠪᠠᠭ᠎ᠠ ᠨᠢᠭᠡᠴᠢ》 ᠵᠢᠨ ᠦᠢᠯᠡᠳᠪᠦᠷᠢᠯᠡᠯ ᠢᠶᠡᠷ ᠥᠪᠡᠷ ᠢ ᠪᠡᠨ ᠬᠠᠩᠭᠠᠬᠤ ᠶ᠋ᠢ ᠮᠠᠰᠢ ᠴᠢᠬᠤᠯᠠᠴᠢᠯᠠᠵᠤ᠂ ᠪᠠᠭ᠎ᠠ ᠨᠢᠭᠡᠴᠢ ᠦᠢᠯᠡᠳᠪᠦᠷᠢᠯᠡᠯᠢᠶᠡᠨᠶᠡᠬᠡᠪᠡᠷ ᠬᠥᠭ᠌ᠵᠢᠭᠦᠯᠵᠦ᠍᠂ ᠥᠪᠡᠷ᠎ᠦᠨ ᠬᠡᠷᠡᠭ᠌ᠴᠡᠭᠡ᠎ᠪᠡᠨ ᠬᠠᠩᠭᠠᠬᠤ᠎ᠶ᠋ᠢᠨ ᠵᠡᠷᠭᠡ᠎ᠪᠡᠷ 《ᠶᠡᠬᠡᠨᠢᠭᠡᠴᠢ》 ᠵᠢ ᠳᠡᠮᠵᠢᠬᠦ ᠬᠡᠷᠡᠭ᠌ᠲᠡᠶ ᠭᠡᠵᠦ᠍ ᠴᠢᠬᠤᠯᠠᠴᠢᠯᠠᠪᠠ᠃
1944 ᠣᠨ᠎ᠤ10 ᠰᠠᠷ᠎ᠠ᠎ᠳᠤ᠂ ᠬᠥᠨᠵᠢᠯᠡ ᠳᠡᠪᠢᠰᠭᠡᠷ ᠬᠤᠪᠴᠠᠰᠤ ᠬᠤᠨᠠᠷᠤᠨᠬᠠᠩᠭᠠᠯᠭᠠᠵᠢᠨᠠᠵᠢᠯᠤᠨ ᠳᠤᠮᠳᠠ᠂ ᠱᠠᠨᠰᠢ ᠭᠠᠨᠰᠦ ᠨᠢᠩᠱᠢᠶᠠᠱᠠᠨ ᠰᠢ ᠰᠦᠢᠶᠤᠸᠠᠨ ᠲᠠᠪᠤᠨ ᠮᠤᠵᠢ᠎ᠶ᠋ᠢᠨ ᠬᠠᠮᠲᠤᠷᠠᠨ ᠰᠡᠷᠭᠡᠢᠯᠡᠬᠦ᠌ ᠰᠧᠯᠢᠩᠪᠦ᠋᠎ᠶ᠋ᠢᠨ ᠠᠷᠤ ᠲᠠᠯᠠᠶ᠋ᠢᠨᠠᠵᠢᠯᠤᠨ ᠬᠡᠯᠲᠡᠰ᠎ᠦᠨ ᠳᠠᠷᠤᠭ᠎ᠠ ᠵᠠᠩ ᠯᠢᠩ ᠪᠢᠨ ᠴᠧᠨ ᠶᠦᠨ᠎ᠳᠤ ᠮᠡᠳᠡᠭᠦᠯᠬᠦ᠌᠎ᠳᠡᠭᠡᠨ᠂ ᠮᠠᠰᠢ ᠤᠯᠠᠨ ᠪᠠᠭ᠎ᠠ ᠨᠤᠮᠸᠷᠤᠨᠬᠥᠪᠥᠩ ᠬᠤᠪᠴᠠᠰᠤ ᠨᠢ ᠡᠮᠦᠰᠭᠦ᠎ᠶ᠋ᠢᠨ ᠠᠷᠭ᠎ᠠ ᠦᠭᠡᠢ᠂ ᠪᠦᠰ ᠨᠡᠮᠡᠵᠦ᠍ ᠵᠠᠰᠠᠭᠠᠳ ᠲᠠᠷᠬᠠᠭᠠᠬᠤ᠎ᠶ᠋ᠢ ᠱᠠᠭᠠᠷᠳᠠᠵᠤᠪᠠᠢᠨᠠ ᠭᠡᠵᠡᠶ᠃ ᠴᠧᠨ ᠶᠦᠨ᠄ ᠮᠢᠨᠦ᠍ ᠠᠷᠭ᠎ᠠ ᠪᠣᠯ ᠪᠠᠭ᠎ᠠ ᠨᠣᠮᠧᠷᠲᠤ ᠬᠤᠪᠴᠠᠰᠤ᠎ᠶ᠋ᠢ ᠪᠦᠬᠦᠨ᠎ᠢ ᠪᠤᠴᠠᠭᠠᠵᠤᠶᠡᠬᠡ ᠨᠣᠮᠧᠷᠲᠤ ᠬᠤᠪᠴᠠᠰᠤ ᠪᠡᠷ ᠰᠣᠯᠢᠨ᠎ᠠ᠂ ᠡᠰᠡᠬᠦᠯ᠎ᠡ ᠡᠯ᠎ᠡ ᠪᠠᠢᠭᠤᠯᠭ᠎ᠠ ᠶ᠋ᠢᠨ ᠤᠳᠤᠷᠢᠳᠤᠯᠭ᠎ᠠ ᠥᠪᠡᠷ᠎ᠵᠢᠡᠨ ᠲᠣᠬᠢᠷᠠᠭᠤᠯᠬᠤ᠎ᠶ᠋ᠢ ᠬᠠᠷᠢᠭᠤᠴᠠᠨ᠎ᠠ᠃ ᠪᠠᠭ᠎ᠠ ᠨᠣᠮᠧᠷᠳᠤ ᠬᠤᠪᠴᠠᠰᠤ ᠵᠥᠪᠬᠡᠨ ᠪᠦᠬᠦ᠌ ᠬᠥᠪᠥᠩ ᠬᠤᠪᠴᠠᠰᠤᠨ᠎ᠤ30% ᠶ᠋ᠢ ᠡᠵᠡᠯᠡᠨ᠎ᠡ᠂ ᠪᠠᠭ᠎ᠠ ᠨᠣᠮᠧᠷ᠎ᠦᠨ ᠪᠡᠶ᠎ᠡ ᠪᠢᠯᠳᠠᠷ᠎ᠲᠠᠶ ᠬᠥᠮᠦᠨ ᠪᠠᠢᠬᠤ ᠦᠭᠡᠢᠭᠡᠵᠦ᠍ ᠦᠦ? ᠪᠠᠭ᠎ᠠ ᠨᠤᠮᠸᠷᠳᠤᠬᠥᠪᠥᠩ ᠬᠤᠪᠴᠠᠰᠤ ᠵᠢ ᠡᠮᠦᠰᠭᠦ ᠬᠥᠮᠦᠨ ᠤᠢ᠍ᠭᠡᠢ ᠭᠡᠳᠡᠭ ᠤᠴᠢᠷ ᠨᠢ ᠦᠵᠡᠬᠦ᠌᠎ᠳᠦ ᠪᠠᠭ᠎ᠠ ᠱᠢᠭ᠋ ᠪᠣᠯᠪᠠᠴᠤ᠌ᠦᠨᠡᠨᠳᠡᠭᠡᠨ《ᠶᠡᠬᠡ ᠨᠢᠭᠡᠴᠢ》 ᠵᠢᠨ ᠬᠠᠩᠭᠠᠯᠭ᠎ᠠ ᠨᠢ ᠤᠯᠡᠠ᠎ᠳᠤ ᠭᠡᠵᠢᠶᠡᠳᠡ ᠬᠦᠷᠦᠯᠴᠡᠬᠡ ᠦᠬᠡᠢ ᠰᠠᠨᠠᠭ᠍ᠳᠠᠬᠤᠠᠴᠠᠪᠢᠰᠢ ᠢᠯᠡᠬᠦᠳᠡᠬᠦ ᠭᠡᠵᠦ ᠰᠠᠨᠠᠭ᠍ᠳᠠᠬᠤ ᠤᠢ᠍ᠭᠡᠢ ᠦᠵᠡᠭ᠌ᠳᠡᠯ᠎ᠢ ᠲᠤᠰᠭᠠᠵᠦ᠍ ᠪᠠᠢᠨ᠎ᠠ ᠬᠡᠪᠡ᠃ 1945 ᠣᠨ᠎ᠤ 1 ᠰᠠᠷ᠎ᠠ᠎ᠳᠤ᠂ ᠴᠧᠨ ᠶᠦᠨ ᠾᠧ ᠯᠦᠩ ᠲᠠᠢ ᠬᠠᠮᠲᠤ ᠬᠣᠯᠪᠣᠭ᠍ᠳᠠᠯ ᠪᠦᠬᠦᠢ ᠬᠥᠮᠦᠰ᠎ᠲᠦ ᠵᠠᠬᠢᠳᠠᠯᠢᠯᠡᠭᠡᠵᠦ᠍᠂ ᠡᠨᠡ ᠵᠢᠯ᠎ᠦᠨ ᠵᠤᠨ᠎ᠤ ᠬᠤᠪᠴᠠᠰᠤ᠎ᠶ᠋ᠢᠨ ᠪᠠᠷᠢᠮᠵᠢᠶ᠎ᠠ ᠬᠡᠮᠵᠢᠶ᠎ᠡ᠎ᠶ᠋ᠢ ᠴᠡᠷᠢᠭ᠎ᠦᠨ ᠶᠠᠪᠤᠳᠠᠯᠤᠨᠬᠣᠷᠢᠶᠠᠨᠤ ᠠᠷᠤ ᠲᠠᠯ᠎ᠠ᠎ᠶ᠋ᠢᠨ ᠬᠡᠯᠲᠡᠰ᠂ ᠲᠥᠪ᠎ᠦᠨ ᠪᠠᠢᠭᠤᠯᠭ᠎ᠠ᠎ᠶ᠋ᠢᠨ ᠶᠠᠪᠤᠳᠠᠯ᠎ᠤᠨ ᠬᠠᠮᠢᠶᠠᠷᠤᠯᠲᠠᠶ᠋ᠢᠨᠲᠣᠪᠴᠢᠶᠠᠲᠠᠶ ᠵᠥᠪᠳᠡᠯᠴᠡᠬᠦ᠌ ᠡᠴᠡ ᠭᠠᠳᠠᠨ᠎ᠠ᠂ ᠴᠢᠨᠠᠭᠰᠢᠳᠠ ᠬᠣᠯᠪᠣᠭᠠᠯᠠᠨ ᠰᠡᠷᠭᠡᠢᠯᠡᠬᠦ᠌ ᠴᠡᠷᠢᠭ ᠦᠨᠡᠯ᠎ᠡ ᠪᠠᠷᠢᠭᠠᠳᠠ ᠪᠣᠯᠤᠨ ᠪᠤᠰᠤᠳ ᠴᠢᠬᠤᠯᠠ ᠪᠠᠢᠭᠤᠯᠭ᠎ᠠ᠎ᠶ᠋ᠢᠨ ᠬᠠᠷᠢᠭᠤᠴᠠᠨ ᠬᠠᠩᠭᠠᠬᠤ ᠨᠥᠬᠥᠳ᠎ᠢ ᠴᠤᠭ᠍ᠯᠠᠭᠤᠯᠤᠨᠬᠤᠷᠠᠯ ᠬᠢᠵᠦ᠍ ᠂ ᠵᠤᠨ᠎ᠤ ᠬᠤᠪᠴᠠᠰᠤ᠎ᠶ᠋ᠢᠨ ᠪᠠᠷᠢᠮᠵᠢᠶ᠎ᠠ ᠪᠣᠯᠤᠨ ᠬᠤᠪᠢᠶᠠᠷᠢᠯᠠᠬᠤ ᠠᠷᠭ᠎ᠠ᠎ᠶ᠋ᠢ ᠲᠣᠭ᠍ᠲᠠᠭᠠᠵᠤ᠂ ᠡᠯ᠎ᠡ ᠪᠠᠢᠭᠤᠯᠭ᠎ᠠ᠎ᠶ᠋ᠢᠨ ᠴᠡᠷᠢᠭ ᠠᠩᠭᠢ᠎ᠳᠤ ᠮᠡᠳᠡᠭ᠌ᠳᠡᠬᠦ᠌᠎ᠶ᠋ᠢᠨ ᠬᠠᠮᠲᠤ ᠰᠣᠨᠢᠨ ᠳᠡᠭᠡᠷ᠎ᠡ ᠨᠡᠢᠲᠡᠯᠡᠬᠦ᠌ᠶ᠋ᠢᠬᠦᠰᠡᠵᠦ᠍ ᠪᠠᠢᠨ᠎ᠠ ᠭᠡᠵᠦ᠍ ᠴᠢᠬᠤᠯᠠᠴᠢᠯᠠᠪᠠ᠃
ᠴᠧᠨ ᠶᠦᠨ ᠲᠤᠰ ᠰᠠᠷ᠎ᠠ᠎ᠳᠤ ᠡᠷᠬᠢᠯᠡᠭ᠌ᠰᠡᠨ ᠬᠤᠷᠠᠯ ᠳᠡᠭᠡᠷ᠎ᠡ ᠨᠢᠳᠤᠨᠤᠨᠵᠢᠯᠤᠨ ᠬᠦᠨᠵᠢᠯᠡ ᠳᠡᠪᠢᠰᠭᠡᠷ ᠬᠤᠪᠴᠠᠰᠤ ᠬᠤᠨᠠᠷ ᠬᠠᠨᠭᠭᠠᠬᠤ ᠳᠤᠮᠳᠠ ᠭᠠᠷᠭᠠᠭ᠍ᠰᠠᠨ ᠠᠯᠳᠠᠭ᠎ᠠ ᠪᠡᠨ ᠱᠢᠭᠦᠮᠵᠢᠯᠡᠪᠡ᠄ᠡᠨᠡ ᠵᠢᠯ ᠪᠦᠰ᠎ᠦᠨ ᠦᠨ᠎ᠡ ᠶᠡᠬᠡᠪᠡᠷ ᠥᠰᠴᠦ᠍᠂ ᠬᠥᠨᠵᠢᠯᠡ ᠳᠡᠪᠢᠰᠭᠡᠷ ᠬᠤᠪᠴᠠᠰᠤ ᠬᠤᠨᠠᠷ᠎ᠢᠶᠠᠨ ᠬᠠᠢᠷᠠᠯᠠᠬᠤᠬᠡᠷᠡᠭ᠌ᠲᠡᠢ᠃ ᠪᠠᠷᠠᠭᠠᠨ᠎ᠤ ᠦᠨ᠎ᠡ ᠥᠨᠳᠥᠷ ᠪᠠᠢᠬᠤ᠎ᠳᠤ ᠦᠢᠯᠡᠳᠪᠦᠷᠢᠯᠡᠯ ᠬᠢᠵᠦ᠍ ᠥᠪᠡᠷ᠎ᠢ᠎ᠪᠡᠨ ᠬᠠᠩᠭᠠᠬᠤ ᠲᠠᠯᠠᠪᠠᠷᠠᠷᠭᠠ ᠪᠤᠳᠤᠬᠤ ᠬᠡᠷᠡᠭ᠌ᠲᠡᠢ᠃ ᠳᠤᠤᠷᠠᠬᠢ ᠡᠯ᠎ᠡ ᠪᠠᠢᠭᠤᠯᠭᠠᠵᠠᠷᠤᠳᠠᠯ ᠵᠢᠡᠨ ᠶᠡᠬᠡ ᠪᠡᠷ ᠲᠦᠯᠦᠪᠯᠡᠨ ᠪᠤᠳᠤᠵᠤ ᠪᠤᠯᠬᠤ ᠦᠭᠡᠢ᠂ ᠡᠳ᠋᠎ᠦᠨ ᠵᠠᠰᠠᠭ ᠠᠵᠤ ᠠᠬᠤᠢ᠎ᠶ᠋ᠢᠨ ᠬᠡᠷᠡᠭ ᠡᠷᠬᠢᠯᠡᠬᠦ᠌ᠭᠠᠵᠠᠷᠲᠤ ᠲᠥᠪᠯᠡᠷᠡᠭᠦᠯᠦᠨ ᠬᠡᠷᠡᠭ᠌ᠯᠡᠭᠦᠯᠬᠦ᠌ ᠬᠡᠷᠡᠭ᠌ᠲᠡᠢ᠃ ᠤᠯᠡᠠᠢᠶᠠᠷᠢᠶᠠᠨ ᠴᠥᠮ ᠪᠦᠬᠦ᠌ ᠲᠠᠯᠠᠳᠦᠦᠨᠳᠦᠰᠦᠯᠡᠬᠦ᠌ᠶ᠋ᠢᠨ ᠬᠠᠮᠲᠤ ᠬᠡᠰᠡᠭ ᠲᠠᠯ᠎ᠠ᠎ᠶ᠋ᠢ ᠬᠠᠷᠠᠭᠠᠯᠵᠠᠬᠤ ᠬᠡᠷᠡᠭ᠌ᠲᠡᠢ᠂ ᠡᠭᠦᠨ᠎ᠦ ᠲᠤᠬᠠᠢ ᠵᠠᠪᠠᠯᠲᠠᠨᠢᠯᠲᠠ ᠨᠢᠭᠡᠲᠡᠢ ᠪᠠᠢᠬᠤ ᠬᠡᠷᠡᠭ᠌ᠲᠡᠢ ᠭᠡᠵᠤ ᠱᠠᠭᠠᠷᠳᠠᠪᠠ᠃
ᠴᠧᠨ ᠶᠦᠨ ᠪᠠᠰᠠ ᠡᠳ᠋᠎ᠦᠨ ᠵᠠᠰᠠᠭ᠎ᠤᠨ ᠠᠵᠢᠯᠲᠠᠨ᠎ᠢ ᠳᠠᠩᠰᠠ ᠪᠤᠳᠤᠵᠤ ᠴᠢᠳᠠᠬᠤ ᠬᠡᠷᠡᠭ᠌ᠲᠡᠶ᠂ 《ᠬᠥᠮᠦᠨ ᠶᠠᠭᠤᠮᠠᠠᠪᠬᠤᠪᠠᠷ ᠢᠷᠡᠪᠡᠯ᠂ ᠳᠠᠨᠭᠰᠠ ᠵᠢ ᠨᠢ ᠨᠠᠷᠢᠨ ᠨᠢᠮᠪᠠᠶᠪᠣᠳᠣᠵᠤ ᠦᠭᠬᠦ ᠬᠡᠷᠡᠭ᠌ᠲᠡᠶ》᠂ 《ᠬᠥᠮᠦᠨ ᠶᠠᠭᠤ ᠠᠪᠤᠪᠠᠯ ᠶᠠᠭᠤ ᠥᠭ᠌ᠬᠦᠨ᠎ᠡ᠂ ᠲᠠᠩᠰᠠ ᠪᠤᠳᠤᠬᠤ ᠦᠭᠡᠢ ᠪᠣᠯᠬᠤ ᠦᠭᠡᠢ》᠂ 《ᠲᠠᠩᠰᠠ ᠪᠤᠳᠤᠬᠤ ᠦᠶ᠎ᠡ᠎ᠳᠦ᠂ ᠵᠦᠢᠯᠪᠦᠬᠦᠨᠢ ᠡᠷᠬᠡᠪᠰᠢ ᠰᠠᠢᠨ ᠬᠠᠷᠭᠤᠭᠤᠯᠬᠤ ᠬᠡᠷᠡᠭᠳᠠᠢ》᠂《ᠴᠥᠭᠡᠨ ᠥᠭᠪᠡᠯ ᠠᠰᠠᠭᠤᠳᠠᠯ᠎ᠢ ᠱᠢᠢᠳᠪᠦᠷᠢᠯᠡᠵᠦ᠍ᠳᠡᠢᠯᠬᠦ᠌ ᠦᠭᠡᠢ ᠂ ᠢᠯᠡᠭᠦᠦ ᠦᠭᠪᠡᠯ ᠪᠦᠷᠢᠯᠭᠡᠨᠡ᠂ ᠪᠦᠷ ᠲᠠᠭᠠᠷᠠᠬᠤ ᠦᠭᠡᠢ》 ᠬᠡᠳᠡᠭ᠃
ᠴᠧᠨ ᠶᠦᠨ᠎ᠤ ᠤᠳᠤᠷᠢᠳᠤᠯᠭ᠎ᠠ ᠳᠣᠣᠷ᠎ᠠ᠂ ᠬᠢᠵᠠᠭᠠᠷᠣᠷᠣᠨᠤ ᠡᠳ᠋᠎ᠦᠨ ᠵᠠᠰᠠᠭ᠎ᠤᠨ ᠠᠵᠢᠯ ᠮᠠᠰᠢ ᠶᠡᠬᠡ ᠠᠮᠵᠢᠯᠲᠠ ᠣᠯᠵᠤ᠂ 《ᠪᠠᠭ᠎ᠠ ᠨᠢᠭᠡᠴᠢ》᠎ᠶ᠋ᠢᠨ ᠪᠦᠷᠢᠯᠭᠡᠨ ᠰᠦᠢᠳᠭᠡᠬᠦ᠌ ᠠᠰᠠᠭᠤᠳᠠᠯ᠎ᠢ ᠬᠦᠴᠦᠲᠡᠶᠱᠢᠶ᠋ᠳᠪᠦᠷᠢᠯᠡᠵᠦ᠍᠂ ᠪᠠᠰᠠ 《ᠶᠡᠬᠡ ᠨᠢᠭᠡᠴᠢ》ᠵᠢᠨ ᠡᠳ᠋ ᠬᠣᠭ᠍ᠰᠢᠯᠢ ᠬᠤᠷᠠᠮᠳᠤᠭᠤᠯᠤᠭᠰᠠᠨᠪᠠᠢᠯᠠ᠃ ᠡᠬᠦᠨ ᠡᠴᠡ ᠳᠠᠷᠠᠭ᠎ᠠ᠎ᠪᠠᠷ ᠬᠢᠵᠠᠭᠠᠷ ᠣᠷᠣᠨ᠎ᠤ ᠮᠠᠰᠢ ᠤᠯᠠᠨ ᠺᠠᠳ᠋ᠷ ᠪᠠ ᠴᠡᠷᠢᠭ ᠠᠩᠬᠢ ᠡᠮᠦᠨ᠎ᠡ ᠹᠷᠣᠨᠲᠲᠤᠣᠴᠢᠵᠤ ᠂ 《ᠶᠡᠬᠡ ᠨᠢᠭᠡᠴᠢ》 ᠪᠣᠯᠤᠨ 《ᠪᠠᠭ᠎ᠠ ᠨᠢᠭᠡᠴᠢ》ᠵᠢᠨ ᠨᠥᠭᠡᠴᠡ ᠬᠤᠷᠠᠮᠳᠤᠭᠤᠯᠤᠯ ᠨᠢ ᠡᠳ᠋ ᠪᠣᠳᠠᠰ᠎ᠤᠨ ᠳᠡᠮᠵᠢᠯᠭᠡ᠎ᠳᠦ ᠮᠠᠰᠢ ᠶᠡᠬᠡ ᠬᠠᠪᠰᠤᠷᠤᠯᠭᠠᠦᠵᠡᠭᠦᠯᠵᠦ᠍᠂ ᠪᠠᠰᠠ ᠬᠢᠵᠠᠭᠠᠷ ᠣᠷᠣᠨ᠎ᠤ ᠠᠷᠠᠳ ᠲᠦᠮᠡᠨ᠎ᠳᠦ ᠡᠳ᠋ ᠬᠦᠷᠦᠩᠬᠡ᠎ᠵᠢᠨ ᠰᠠᠭᠤᠷᠢ ᠦᠯᠡᠳᠡᠭᠡᠵᠦ᠍ ᠥᠭ᠌ᠭᠦᠭᠰᠡᠨ ᠪᠠᠢᠳᠠᠭ᠃
ᠮᠠᠲ᠋ᠸᠷᠢᠶᠠᠯ᠎ᠤᠨ ᠢᠷᠡᠯᠳᠡ᠄ 《ᠡᠪ ᠬᠠᠮᠳᠤ ᠨᠠᠮ᠎ᠤᠨ ᠬᠡᠰᠢᠬᠦᠨ ᠮᠡᠳᠡᠬᠦ ᠶᠤᠰᠤᠳᠠᠢ ᠨᠠᠮᠤᠨᠳᠡᠦᠬᠡ ᠵᠢᠨ ᠵᠢᠵᠢᠭ ᠦᠯᠢᠭᠡᠷ᠎ᠤᠳ》
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠤᠶᠤᠨᠲᠠᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃