2022-05-18 12:53:08
《ᠤᠷᠳᠤ ᠵᠠᠮ᠎ᠤᠨ ᠠᠶᠠᠨ ᠲᠠᠢ᠌ᠨ᠎ᠦ ᠦᠶ᠎ᠡ᠎ᠳᠦ ᠲᠠ ᠶᠠᠮᠠᠷᠶᠠᠮᠠᠷ ᠠᠵᠢᠯ ᠬᠢᠭ᠌ᠰᠡᠨ ᠪᠤᠢ?》ᠬᠡᠵᠤ ᠳ᠋ᠧᠩ ᠱᠢᠶᠤᠤ ᠫᠢᠩ ᠦᠨ ᠥᠬᠢᠨ ᠮᠠᠤ ᠮᠠᠤ ᠰᠣᠨᠢᠭᠤᠴᠢᠪᠠᠷᠠᠪᠤᠠᠴᠠᠪᠠᠨ ᠠᠰᠠᠭᠤᠵᠠᠢ᠃ ᠳ᠋ᠧᠩ ᠱᠢᠶᠤᠤ ᠫᠢᠩ ᠳᠥᠭᠥᠮᠭᠡᠨ ᠵᠢᠡᠷ᠄ ᠳᠠᠭᠠᠵᠤ ᠶᠠᠪᠤᠭᠰᠠᠨ ᠡ ᠭᠡᠵᠦ᠍ ᠬᠠᠷᠢᠭᠤᠯᠪᠠ! ᠮᠠᠤ ᠮᠠᠤ ᠰᠡᠭᠦᠯᠡᠷ ᠨᠢ ᠄ 《ᠠᠪᠤ ᠦᠨᠡᠨ ᠦᠭᠡ ᠶᠠᠷᠢᠭᠰᠠᠨᠪᠠᠢᠨᠠ᠂ ᠠᠶᠠᠨ ᠲᠡᠢ᠌ᠠᠤ ᠡᠬᠢᠨ ᠳ᠋ᠤ ᠲᠡᠭᠦᠨ᠎ᠦ 〈ᠪᠠᠷᠠᠭᠤᠨ᠎ᠤ ᠬᠡᠯᠪᠡᠷᠢᠯᠦᠨᠠᠯᠳᠠᠭᠠ〉 ᠭᠡᠰᠡᠨ ᠮᠠᠯᠠᠭᠠᠢ᠎ᠵᠢ ᠠᠪᠴᠤ᠌ ᠬᠠᠶᠠᠭᠠᠳᠤᠢ᠂ ᠰᠡᠭᠦᠯᠡᠷ᠎ᠨᠢ ᠴᠡᠷᠢᠭ᠎ᠦᠨ ᠶᠠᠪᠤᠳᠠᠯ᠎ᠤᠨ ᠴᠢᠬᠤᠯᠠ ᠲᠤᠱᠢᠶᠠᠯ᠎ᠢ ᠴᠤ᠌ ᠬᠠᠷᠢᠭᠤᠴᠠᠭᠠᠳᠤᠢ ᠪᠠᠢᠵᠠᠢ᠃ ᠳᠠᠬᠢᠪᠠᠯ ᠣᠷᠳᠣ ᠵᠠᠮᠤᠨᠠᠶᠠᠨ ᠲᠡᠢᠨ᠎ᠳᠦ ᠬᠣᠶᠠᠷ ᠲᠦᠮᠡ ᠲᠠᠪᠤᠨ ᠮᠢᠩᠭᠠᠨ ᠭᠠᠵᠠᠷ᠎ᠢ ᠦᠨᠡᠭᠡᠷ ᠴᠦ᠍ ᠠᠯᠬᠤᠭᠠᠳ ᠢᠷᠡᠭ᠌ᠰᠡᠨ ᠪᠢᠰᠢᠦ!》ᠬᠡᠵᠤ ᠦᠨᠡᠯᠡᠪᠡ᠃
ᠤᠷᠳᠤ ᠵᠠᠮ᠎ᠤᠨ ᠠᠶᠠᠨ ᠲᠠᠢ᠌ᠨᠡᠬᠢᠯᠡᠬᠦ ᠡᠴᠡ ᠡᠮᠦᠨ᠎ᠡ᠂ ᠳ᠋ᠧᠩ ᠱᠢᠶᠤᠤ ᠫᠢᠩ 《ᠵᠡᠭᠦᠨ》ᠦᠱᠤᠭᠤᠮᠤᠨ ᠭᠠᠳᠠᠭᠤᠷᠴᠢᠯᠠᠯ᠎ᠳᠤ ᠤᠴᠠᠷᠠᠪᠠ;ᠤᠯᠠᠭᠠᠨ ᠴᠡᠷᠢᠭ᠎ᠦᠨ ᠤᠷᠳᠤᠵᠠᠮᠤᠨ ᠠᠶᠠᠨ ᠲᠠᠢ᠌ᠨ᠎ᠦ ᠦᠶ᠎ᠡ᠎ᠳᠦ᠂ ᠳ᠋ᠧᠩ ᠱᠢᠶᠤᠤ ᠫᠢᠩ᠎ᠢ ᠨᠠᠮ ᠳᠤ ᠦᠯᠡᠳᠡᠭᠡᠵᠦ᠍ ᠬᠢᠨᠠᠨ ᠦᠵᠡᠵᠦ᠍ᠪᠠᠢᠭ᠍ᠰᠠᠨ ᠪᠠᠢᠳᠠᠯ ᠳᠣᠣᠷ᠎ᠠ᠂ ᠰᠠᠨᠠᠭ᠍ᠰᠠᠨ ᠶᠣᠰᠣᠭᠠᠷᠢᠶᠠᠨᠳᠠᠭᠠᠵᠤ ᠶᠠᠪᠤᠨ᠂ ᠳᠠᠮᠨᠠᠭᠤᠷᠴᠢᠨᠤ ᠰᠤᠮᠤᠨ᠎ᠳᠤ ᠬᠦᠷᠴᠦ᠍ ᠬᠦᠨᠳᠦ ᠳᠠᠮᠨᠠᠭᠤᠷ ᠳᠠᠮᠨᠠᠵᠤ ᠤᠷᠳᠤ ᠵᠠᠮ ᠤᠨᠠᠶᠠᠨ ᠲᠠᠢ᠌ᠨ᠎ᠢᠶᠡᠨ ᠡᠬᠢᠯᠡᠭᠦᠯᠪᠡ᠃ ᠳᠠᠭᠠᠵᠤ ᠶᠠᠪᠤᠬᠤ ᠦᠶ᠎ᠡ᠎ᠳᠦ ᠬᠡᠳᠦᠢᠪᠡᠷ ᠴᠡᠷᠢᠭ ᠠᠶᠠᠯᠠᠨ ᠪᠠᠢᠯᠳᠤᠭᠠᠨᠬᠢᠬᠦ ᠨᠢ ᠪᠠᠴᠢᠮ ᠪᠠᠢᠭ᠍ᠰᠠᠨ ᠴᠤ᠌᠂ ᠳ᠋ᠧᠩ ᠱᠢᠶᠤᠤ ᠫᠢᠩ ᠵᠦᠢᠯ ᠵᠦᠢᠯ᠎ᠦᠨ ᠬᠦᠴᠢᠷ ᠪᠡᠷᠬᠡᠱᠢᠶᠡᠯ᠎ᠢ ᠢᠯᠠᠨᠳᠠᠪᠠᠵᠤ《ᠤᠯᠠᠭᠠᠨ ᠤᠳᠤ ᠰᠣᠨᠢᠨ》᠎ᠢ ᠡᠷᠬᠢᠯᠡᠨ ᠨᠠᠢᠷᠠᠭᠤᠯᠵᠤ᠂ ᠭᠠᠷ ᠰᠡᠢᠯᠦᠮᠡᠯ ᠲᠤᠰ᠎ᠤᠨ ᠳᠠᠷᠤᠮᠠᠯ ᠢᠶᠠᠷ ᠳᠣᠯᠣᠳᠤᠭᠠᠷᠬᠤᠭᠤᠴᠠᠭᠠ᠂ ᠨᠠᠢ᠍ᠮᠠᠳᠤᠭᠠᠷ ᠬᠤᠭᠤᠴᠠᠭ᠎ᠠ ᠶ᠋ᠢ ᠡᠷᠬᠢᠯᠡᠨ ᠨᠠᠢᠷᠠᠭᠤᠯᠵᠤ ᠳᠠᠷᠤᠮᠠᠯᠯᠠᠨ᠂ ᠪᠠᠢᠯᠳᠤᠭ᠍ᠴᠢᠳ᠎ᠲᠤ《ᠤᠶᠤᠨ᠎ᠤ ᠬᠦᠨᠡᠰᠦ》ᠬᠠᠩᠭᠠᠪᠠ᠃
ᠽᠦᠨ ᠢ᠎ᠶ᠋ᠢᠨ ᠬᠤᠷᠠᠯ᠎ᠠᠴᠠ ᠡᠮᠦᠨ᠎ᠡ᠂ ᠳ᠋ᠧᠩ ᠱᠢᠶᠤᠤ ᠫᠢᠩ ᠲᠥᠪ ᠬᠤᠷᠢᠶᠠᠨ᠎ᠤ ᠨᠠᠷᠢᠨᠪᠢᠴᠢᠭᠦᠨ ᠳᠠᠷᠤᠭ᠎ᠠ᠎ᠪᠠᠷ ᠲᠣᠮᠢᠯᠠᠭ᠍ᠳᠠᠭ᠍ᠰᠠᠨ ᠪᠥᠭᠡᠳ ᠽᠦᠨ ᠢ᠎ᠶ᠋ᠢᠨ ᠬᠤᠷᠠᠯ᠎ᠳᠤ ᠣᠷᠣᠯᠴᠠᠪᠠ᠃ ᠽᠦᠨ ᠢᠶ᠋ᠢᠨᠬᠤᠷᠠᠯᠠᠴᠠ ᠮᠠᠤ ᠽᠸ ᠳ᠋ᠦᠩ᠎ᠦᠨ ᠪᠦᠬᠦ᠌ ᠨᠠᠮ ᠪᠦᠬᠦ᠌ ᠴᠡᠷᠢᠭ᠎ᠦᠨ ᠤᠳᠤᠷᠢᠳᠭᠤ ᠪᠠᠢᠷᠢ ᠰᠠᠭᠤᠷᠢ᠎ᠶ᠋ᠢ ᠲᠣᠭ᠍ᠲᠠᠭᠠᠵᠤ᠂ᠳ᠋ᠧᠩ ᠱᠢᠶᠤᠤ ᠫᠢᠩ ᠰᠠᠨᠠᠭᠠᠴᠢᠯᠠᠭ᠎ᠠ᠎ᠠᠴᠠ᠎ᠪᠠᠨ ᠳᠠᠭᠠᠵᠤ ᠶᠠᠪᠤᠵᠤ᠂ ᠮᠥᠨ ᠢᠲᠡᠭᠡᠯ ᠲᠦᠭᠦᠷᠡᠩ ᠳᠠᠭᠠᠵᠤᠶᠠᠪᠤᠪᠠ᠃ ᠽᠦᠨ ᠢ ᠵᠢᠨ ᠬᠤᠷᠠᠯ ᠡᠴᠡ ᠳᠠᠷᠠᠭᠠᠬᠢ ᠨᠢᠭᠡ ᠬᠤᠭᠤᠴᠠᠭᠠᠨ᠎ᠳᠤ᠂ ᠲᠡᠷᠡ ᠲᠥᠪ ᠬᠣᠷᠢᠶᠠᠨ᠎ᠤ ᠨᠠᠷᠢᠨᠪᠢᠴᠢᠭᠦᠨ ᠳᠠᠷᠤᠭ᠎ᠠ᠎ᠶ᠋ᠢᠨ ᠬᠤᠪᠢ᠎ᠪᠠᠷ ᠤᠯᠤᠰ ᠲᠦᠷᠦ᠍᠎ᠶ᠋ᠢᠨ ᠲᠣᠪᠴᠢᠶᠠᠨ᠎ᠤ ᠬᠤᠷᠠᠯ᠎ᠳᠤ ᠤᠯᠠᠨ ᠤᠳᠠᠭ᠎ᠠ ᠣᠷᠣᠯᠴᠠᠪᠠ᠃ᠨᠠᠷᠢᠨ ᠪᠢᠴᠢᠭ᠎ᠦᠨ ᠳᠠᠷᠤᠭ᠎ᠠ ᠪᠣᠯᠤᠭ᠍ᠰᠠᠨ᠎ᠤ ᠬᠤᠪᠢ᠎ᠳᠤ᠂ ᠳ᠋ᠧᠩ ᠱᠢᠶᠤᠤ ᠫᠢᠩ ᠲᠥᠪᠬᠤᠷᠢᠶᠠᠨᠤ ᠳᠠᠷᠤᠭ᠎ᠠ᠎ᠶ᠋ᠢᠨ ᠠᠮᠢᠳᠤᠷᠠᠯ ᠢ ᠲᠤᠬᠢᠷᠠᠭᠤᠯᠬᠤ ᠶ᠋ᠢ ᠬᠠᠷᠢᠭᠤᠴᠠᠬᠤ᠎ᠶ᠋ᠢᠨ ᠬᠠᠮᠲᠤ ᠬᠤᠷᠠᠯ᠎ᠤᠨ ᠲᠡᠮᠳᠡᠭ᠌ᠯᠡᠯ ᠬᠢᠵᠤ᠂ᠪᠠᠰᠠ ᠰᠡᠷᠭᠡᠢᠯᠡᠨ ᠬᠠᠮᠠᠭᠠᠯᠠᠬᠤ ᠠᠵᠢᠯ᠎ᠢ ᠬᠤᠪᠢᠳᠠᠨ ᠬᠠᠮᠢᠶᠠᠷᠳᠠᠭ᠃ ᠳᠡᠷᠡ ᠥᠪᠡᠷ᠎ᠦᠨ ᠢᠳᠡᠭᠡᠨ ᠪᠢᠱᠢᠷᠡᠳᠡᠭᠤᠯᠤᠰ ᠲᠥᠷᠥ᠎ᠶ᠋ᠢᠨ ᠵᠥᠪ ᠵᠣᠷᠢᠯᠲᠠ᠎ᠳᠠᠭᠠᠨ ᠡᠷᠡᠰ ᠭᠤᠢᠪᠢᠰᠢ ᠦᠭᠡᠢ ᠪᠠᠢᠭᠰᠠᠨ ᠶᠤᠮ᠃
ᠨᠠᠮ᠎ᠢ ᠳᠠᠭᠠᠵᠤ ᠶᠠᠪᠤᠬᠤ ᠪᠣᠯ ᠬᠤᠪᠢᠰᠭᠠᠯ᠎ᠤᠨ ᠬᠦᠰᠡᠯᠡᠩ ᠪᠠ ᠢᠲᠡᠭᠡᠯ ᠪᠢᠰᠢᠷᠡᠯᠤᠨᠡᠷᠡᠰ ᠴᠢᠩᠭ᠎ᠠ ᠬᠥᠭᠡᠭᠡᠴᠡᠯᠳᠦᠯ ᠮᠥᠨ᠂ ᠱᠢᠳᠤᠷᠭᠤ ᠶᠣᠰᠣᠨ᠎ᠤ ᠦᠢᠯᠡᠰ ᠵᠠᠢᠯᠠᠰᠢ ᠦᠭᠡᠢ ᠢᠯᠠᠯᠲᠠ ᠤᠯᠬᠤᠶ᠋ᠢᠪᠠᠲᠤ ᠢᠲᠡᠭᠡᠵᠦ᠍ ᠪᠠᠢᠳᠠᠭ᠃ 1935 ᠣᠨ᠎ᠤ 6 - 7 ᠰᠠᠷ᠎ᠠ᠎ᠶ᠋ᠢᠨ ᠬᠣᠭᠣᠷᠣᠨᠳᠣ᠂ ᠳ᠋ᠧᠩ ᠱᠢᠶᠤᠤ ᠫᠢᠩ ᠤᠯᠠᠭᠠᠨᠨᠢᠭᠡᠳᠦᠭᠡᠷ ᠨᠢᠭᠡᠳᠭᠡᠯ ᠠᠷᠮᠢ᠎ᠶ᠋ᠢᠨ ᠤᠯᠤᠰ ᠲᠦᠷᠦ᠍᠎ᠶ᠋ᠢᠨ ᠬᠡᠯᠲᠡᠰ᠎ᠦᠨ ᠤᠬᠠᠭᠤᠯᠬᠤ ᠬᠡᠯᠲᠡᠰ᠎ᠦᠨ ᠳᠠᠷᠤᠭᠠᠶ᠋ᠢᠨᠲᠤᠱᠢᠶᠠᠯᠢ ᠡᠭᠦᠷᠭᠡᠯᠡᠪᠡ᠂ ᠲᠡᠷᠡ ᠭᠠᠷᠮᠠᠭᠠᠢ ᠦᠷ᠎ᠡ ᠪᠦᠲᠦᠮᠵᠢᠲᠡᠢ ᠤᠬᠠᠭᠤᠯᠤᠨ ᠳᠠᠢᠴᠢᠯᠠᠬᠤ ᠠᠵᠢᠯ ᠢᠶᠠᠷ᠎ᠢᠶᠠᠨ ᠤᠯᠠᠭᠠᠨ ᠴᠡᠷᠢᠭ᠎ᠦᠨ ᠪᠠᠢᠯᠳᠤᠭ᠍ᠴᠢᠳ᠎ᠤᠨ ᠬᠦᠴᠢᠷ ᠪᠡᠷᠬᠡᠱᠢᠶᠡᠯ ᠬᠠᠷᠰᠢ ᠰᠠᠭᠠᠳ᠎ᠢ ᠢᠯᠠᠨ ᠳᠠᠪᠠᠵᠤ᠂ᠡᠷᠡᠯᠬᠡᠭ᠌ᠯᠡᠨ ᠤᠷᠤᠭ᠍ᠰᠢᠯᠠᠬᠤ᠎ᠶ᠋ᠢ ᠵᠣᠷᠢᠭ᠍ᠵᠢᠭᠤᠯᠪᠠ᠃ ᠯᠦᠸᠧ ᠷᠦᠩ ᠬᠤᠸᠠᠨ᠎ᠤ ᠬᠠᠳᠤᠨ ᠯᠢᠨ ᠶᠤᠸᠠᠢ ᠴᠢᠨ᠄ᠲᠡᠷᠡ ᠦᠶ᠎ᠡ᠎ᠳᠦ ᠡᠳᠦᠷ ᠡᠳᠦᠷ ᠴᠡᠷᠢᠭ ᠠᠶᠠᠯᠠᠵᠤ᠂ ᠯᠦᠸᠧ ᠷᠦᠩ ᠬᠤᠸᠠᠨ ᠦᠭᠡ ᠬᠡᠯᠡᠬᠦ᠌ ᠳᠤᠷ᠎ᠠ ᠦᠭᠡᠢ ᠪᠠᠢᠭ᠍ᠰᠠᠨ᠂ᠭᠡᠲᠡᠯ᠎ᠡ ᠳ᠋ᠧᠩ ᠱᠢᠶᠤᠤ ᠫᠢᠩ ᠦᠷᠭᠦᠯᠵᠢ ᠢᠨᠢᠶᠡᠵᠦ᠍᠂ ᠬᠠᠳᠠᠭᠠᠨᠠᠲᠠᠯ᠎ᠠ ᠢᠨᠢᠶᠡᠳᠡᠭ ᠪᠠᠢᠯ᠎ᠠ᠃ ᠤᠷᠳᠤ ᠵᠠᠮᠤᠨᠠᠶᠠᠨ ᠲᠠᠢ᠌ᠨ ᠪᠣᠯ ᠬᠦᠴᠢᠷ ᠪᠡᠷᠬᠡᠱᠢᠶᠡᠯ᠎ᠲᠡᠶ ᠶᠤᠮ᠂ ᠠᠮᠢ ᠪᠡᠶ᠎ᠡ᠎ᠪᠡᠨ ᠦᠷᠡᠭ᠌ᠳᠡᠭᠦᠯᠦᠨ ᠴᠢᠰᠤ ᠪᠠᠨ ᠤᠷᠤᠰᠭᠠᠵᠤ᠂ᠵᠣᠪᠠᠭᠤᠷᠢ ᠵᠦᠳᠡᠭᠦᠷᠢ᠎ᠶ᠋ᠢ ᠲᠤᠭᠤᠯᠤᠭ᠍ᠰᠠᠨ ᠪᠣᠯᠪᠠᠴᠤ᠌ ᠤᠯᠠᠨ᠎ᠢᠶᠠᠷ ᠢᠶᠠᠨ ᠴᠥᠮ ᠮᠠᠰᠢ ᠪᠠᠶᠠᠰᠤᠩᠭᠤᠢ ᠪᠠᠢᠪᠠ᠃ᠳ᠋ᠧᠩ ᠱᠢᠶᠤᠤ ᠫᠢᠩ ᠨᠥᠬᠥᠳ᠎ᠲᠡᠶ᠎ᠪᠡᠨ ᠬᠠᠮᠲᠤ ᠪᠠᠢᠪᠠᠯ ᠦᠷᠭᠦᠯᠵᠢ ᠬᠠᠮᠲᠤ ᠣᠩᠭᠢᠷᠠᠳᠠᠭ᠂ ᠶᠠᠭᠤ ᠣᠩᠭᠢᠷᠠᠳᠠᠭᠪᠤᠢ?ᠬᠡᠪᠡᠯ ᠶᠠᠮᠠᠷᠶᠠᠭᠤᠮᠠ ᠠᠮᠲᠠᠲᠠᠶ ᠵᠢ ᠣᠩᠭᠢᠷᠠᠳᠠᠭ᠃ ᠯᠠᠵᠤᠤ᠎ᠶ᠋ᠢ ᠠᠮᠲᠠᠲᠠᠶ ᠬᠡᠬᠦᠯᠡᠷ᠂ ᠯᠠᠵᠤᠤ ᠭᠡᠭ᠌ᠰᠡᠭᠡᠷ ᠱᠢᠯᠦᠰᠦᠭᠣᠭᠣᠵᠢᠨᠠ᠂ ᠤᠷᠮ᠎ᠠ ᠪᠠᠬ᠎ᠠ ᠢᠷᠡᠨ᠎ᠠ᠃ ᠬᠠᠭᠤᠷᠤᠭᠰᠠᠨ ᠭᠠᠬᠠᠢ ᠵᠢᠨ ᠮᠢᠬ᠎ᠠ ᠠᠮᠲᠠᠲᠠᠢ ᠭᠡᠬᠦᠯᠡᠷ᠂ ᠨᠢᠭᠡ᠎ᠨᠢ ᠰᠸᠴᠤᠸᠠᠨ᠎ᠤ ᠬᠠᠭᠤᠷᠤᠭᠰᠠᠨ ᠭᠠᠬᠠᠢ ᠵᠢᠨ ᠮᠢᠬ᠎ᠠ ᠠᠮᠳᠠᠳᠠᠢ ᠬᠡᠵᠤ᠂ ᠨᠦᠬᠦᠭᠡ ᠨᠢ ᠬᠤᠨᠠᠨ᠎ᠤ ᠬᠠᠭᠤᠷᠤᠭᠰᠠᠨᠭᠠᠬᠠᠢ ᠵᠢᠨ ᠮᠢᠬ᠎ᠠ ᠠᠮᠳᠠᠳᠠᠢ ᠬᠡᠨ᠎ᠡ᠂ ᠶᠠᠭᠤ ᠪᠣᠯᠤᠭ᠍ᠰᠠᠨ ᠴᠤ᠌ ᠢᠳᠡᠬᠦ᠌ ᠶᠠᠭᠤᠮ᠎ᠠ ᠦᠭᠡᠢ᠂ ᠣᠶᠤᠨᠰᠠᠨᠠᠭᠠ ᠪᠡᠷ ᠬᠣᠭᠣᠯᠠᠯᠠᠴᠢᠬᠠᠨᠠ ᠬᠡᠵᠤ ᠡᠷᠬᠢᠴᠡᠬᠦᠯᠤᠨ ᠶᠠᠷᠢᠪᠠ ᠃
ᠤᠷᠳᠤ ᠵᠠᠮ᠎ᠤᠨ ᠠᠶᠠᠨ ᠲᠠᠢ᠌ᠨ᠎ᠳᠦ ᠣᠷᠣᠯᠴᠠᠭ᠍ᠰᠠᠨᠵᠠᠩ ᠸᠸᠨ ᠲᠢᠶᠠᠨ᠎ᠤ ᠬᠠᠳᠤᠨ ᠯᠢᠦ ᠶᠢᠡᠭ ᠪᠠᠰᠠ᠄ ᠤᠯᠠᠨ᠎ᠢᠶᠠᠷ᠎ᠢᠶᠠᠨ ᠣᠩᠬᠢᠷᠠᠳᠠᠭ ᠺᠤᠮᠫᠠᠨᠢ ᠪᠠᠢᠭᠤᠯᠵᠤ᠂ᠴᠧᠨ ᠶᠦᠨᠢ ᠶᠡᠷᠦᠩᠬᠡᠢ ᠡᠷᠬᠢᠯᠡᠭᠴᠢ ᠪᠤᠯᠭᠠᠵᠤ᠂ ᠳ᠋ᠧᠩ ᠱᠢᠶᠤᠤ ᠫᠢᠩ ᠢ ᠳᠡᠳ᠋ ᠶᠡᠷᠦᠩᠬᠡᠢ ᠡᠷᠬᠢᠯᠡᠭᠴᠢᠪᠤᠯᠭᠠᠨᠠ ᠬᠡᠵᠤ ᠨᠠᠭᠠᠳᠤᠮ ᠬᠢᠵᠤ ᠪᠠᠢᠭᠰᠠᠨ᠃ ᠳ᠋ᠧᠩ ᠱᠢᠶᠤᠤ ᠫᠢᠩ ᠮᠠᠰᠢ ᠴᠣᠪᠣᠭᠣ ᠳᠡᠭ᠌ᠵᠢᠨ᠂ᠶᠦᠮᠦᠷᠯᠢᠭ᠃ ᠲᠡᠷᠡ ᠦᠶ᠎ᠠ᠎ᠳᠤ ᠪᠦᠭᠦᠳᠡᠭᠡᠷ ᠵᠠᠯᠠᠭᠤ ᠪᠠᠢᠭ᠍ᠰᠠᠨ᠂ ᠪᠦᠷ ᠪᠠᠶᠠᠰᠤᠨᠭᠭᠤᠢ ᠦᠵᠡᠯᠲᠡ ᠲᠠᠢᠪᠠᠢᠵᠠᠢ ᠬᠡᠵᠤ ᠡᠷᠬᠢᠴᠡᠬᠦᠯᠤᠨ ᠶᠠᠷᠢᠪᠠ᠃
ᠨᠠᠮ᠎ᠢᠶᠠᠨ ᠲᠡᠭᠠᠵᠦ᠍ ᠶᠠᠪᠤᠬᠤ ᠪᠣᠯ ᠲᠥᠪ ᠬᠣᠷᠢᠶᠠᠨ᠎ᠤ ᠱᠤᠭᠤᠮ ᠴᠢᠭ᠌ᠯᠡᠯᠲᠡᠶ᠋ᠢᠲᠡᠭᠠᠵᠦ᠍ ᠶᠠᠪᠤᠬᠤ ᠶᠠᠪᠤᠳᠠᠯ ᠮᠥᠨ᠃ ᠭᠠᠭ᠍ᠴᠠ ᠬᠦ᠌ ᠲᠥᠪ ᠬᠣᠷᠢᠶ᠎ᠠ᠎ᠶ᠋ᠢ ᠳᠠᠭᠠᠪᠠᠯ᠂ ᠦᠢᠯᠡ ᠠᠵᠢᠯᠯᠠᠭ᠎ᠠ᠂ᠦᠵᠡᠯ ᠰᠠᠨᠠᠭᠠᠨ᠎ᠤ ᠲᠠᠯ᠎ᠠ᠎ᠪᠠᠷ ᠰᠠᠶᠢ ᠡᠩᠨᠡᠭᠡ᠎ᠡᠴᠡ ᠪᠠᠨ ᠬᠣᠴᠣᠷᠬᠤ ᠦᠭᠡᠶ ᠶᠤᠮ ᠭᠡᠳᠡᠭ᠎ᠢ ᠳ᠋ᠸᠩᠰᠢᠶᠤᠤ ᠫᠢᠩ ᠪᠠᠲᠤ ᠢᠲᠡᠭᠡᠵᠦ ᠪᠠᠢᠵᠠᠢ᠃
《ᠳᠠᠭᠠᠬᠤ》 ᠭᠡᠳᠡᠭ ᠦᠭᠡ ᠨᠢ ᠳᠠᠭᠠᠬᠤ ᠴᠢᠭ᠌ᠯᠡᠯᠢᠲᠣᠳᠣᠷᠬᠠᠢᠯᠠᠪᠠ᠂ ᠲᠥᠪ ᠬᠣᠷᠢᠶᠠᠨ᠎ᠤ ᠵᠥᠪ ᠱᠤᠭᠤᠮ᠎ᠢ ᠳᠠᠭᠠᠨ᠎ᠠ᠂ ᠮᠠᠤ ᠽᠸ ᠳ᠋ᠦᠩ ᠢᠶᠡᠷ ᠤᠳᠤᠷᠢᠳᠤᠭᠤᠯᠤᠭ᠍ᠰᠠᠨᠲᠥᠪ ᠬᠣᠷᠢᠶ᠎ᠠ᠎ᠶ᠋ᠢ ᠳᠠᠭᠠᠵᠤ ᠶᠠᠪᠤᠨ᠎ᠠ;《ᠶᠠᠪᠤᠨ᠎ᠠ》ᠭᠡᠳᠡᠭ ᠦᠭᠡ ᠨᠢ᠂ ᠲᠡᠮᠡᠴᠡᠯ᠎ᠦᠨ ᠵᠣᠷᠢᠭ᠎ᠢ ᠪᠠᠲᠤᠳᠭᠠᠪᠠ᠂ ᠤᠯᠠᠨ᠎ᠢᠶᠠᠷ᠎ᠢᠶᠠᠨ ᠽᠦᠨᠢ ᠳ᠋ᠤ ᠬᠦᠷᠴᠦ᠍ ᠂ ᠴᠠᠰᠤᠲᠤ ᠠᠭᠤᠯᠠ ᠡᠪᠡᠰᠦᠲᠦ ᠲᠠᠯ᠎ᠠ᠂ ᠥᠨᠳᠥᠷ ᠠᠭᠤᠯᠠ ᠬᠠᠪᠴᠢᠯ ᠵᠢᠯᠠᠭ᠎ᠠ᠎ᠠᠴᠠ ᠭᠠᠷᠴᠤ᠌᠂ᠬᠦᠴᠢᠷ ᠪᠡᠷᠬᠡᠱᠢᠶᠡᠯ᠂ ᠮᠤᠬᠤᠷᠳᠠᠯ᠎ᠠᠴᠠ ᠭᠠᠷᠴᠤ᠌᠂ ᠤᠳᠠᠭ᠎ᠠ ᠲᠠᠷᠠᠭ᠎ᠠ᠎ᠪᠠᠷ ᠢᠯᠠᠯᠲᠠ ᠣᠯᠤᠭ᠍ᠰᠠᠨ ᠶᠤᠮ᠃
ᠮᠠᠲ᠋ᠸᠷᠢᠶᠠᠯ ᠤᠨ ᠢᠷᠡᠯᠳᠡ᠄ 《ᠡᠪ ᠬᠠᠮᠳᠤ ᠨᠠᠮ᠎ᠤᠨ ᠬᠡᠰᠢᠬᠦᠨᠮᠡᠳᠡᠬᠦ ᠶᠤᠰᠤᠳᠠᠢ ᠨᠠᠮ ᠤᠨ ᠲᠡᠦᠬᠡ ᠵᠢᠨ ᠦᠯᠢᠭᠡᠷ ᠤᠳ》
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠹᠦ᠋ ᠭᠸᠨ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃