2022-06-23 09:52:18
ᠶᠧ ᠵᠢᠶᠠᠨ ᠶᠢᠩᠰᠦᠨ ᠵᠦᠩ ᠱᠠᠨ᠎ᠢ ᠲᠠᠭᠠᠵᠤ ᠠᠷᠠᠳᠴᠢᠯᠠᠭ᠍ᠰᠠᠨ ᠬᠤᠪᠢᠰᠭᠠᠯᠳᠤ ᠣᠷᠣᠯᠴᠠᠵᠤ᠂ ᠤᠷᠢᠳ ᠬᠣᠵᠢᠳ ᠲᠠᠯᠠᠢᠶ᠋ᠢᠨᠴᠡᠷᠢᠭᠦᠨ ᠬᠠᠭᠤᠷᠠᠢ᠎ᠳᠤ ᠪᠠᠢᠯᠳᠤᠬᠤ ᠠᠡᠭᠭᠢ᠎ᠶ᠋ᠢᠨ ᠪᠠᠲ᠋ᠯᠢᠶᠣᠨ᠎ᠤ ᠳᠠᠷᠤᠭ᠎ᠠ᠂ ᠤᠯᠤᠰ ᠪᠠᠢᠭᠤᠯᠤᠭ᠍ᠰᠠᠨᠭᠤᠸᠠᠩᠳᠦ᠋ᠩ ᠦᠨ ᠴᠡᠷᠢᠭ᠎ᠦᠨ ᠬᠣᠶᠠᠳᠤᠭᠠᠷ ᠳ᠋ᠢᠸᠢᠽᠢ᠎ᠶ᠋ᠢᠨ ᠱᠲ᠋ᠠᠪ᠎ᠤᠨ ᠳᠠᠷᠤᠭ᠎ᠠ ᠵᠡᠷᠭᠡ ᠲᠤᠱᠢᠶᠠᠯᠢᠬᠠᠷᠢᠭᠤᠴᠠᠵᠤ ᠦᠡᠭᠭᠡᠷᠡᠵᠠᠢ᠃ ᠬᠤᠸᠠᠩᠫᠦ᠋ ᠵᠢᠨ ᠴᠡᠷᠢᠭ᠎ᠦᠨ ᠰᠤᠷᠭᠠᠭᠤᠯᠢ᠎ᠳᠤ ᠲᠤᠱᠢᠶᠠᠯ ᠬᠠᠷᠢᠭᠤᠴᠠᠵᠤᠪᠠᠢᠬᠤ ᠬᠤᠭᠤᠴᠠᠭᠠᠨ᠎ᠳᠠᠭᠠᠨ᠂ ᠲᠡᠷᠡ ᠨᠣᠢᠷ ᠬᠣᠭᠣᠯᠠ᠎ᠪᠠᠨ ᠮᠠᠷᠲᠠᠨ ᠮᠠᠷᠺᠰ ᠯᠧᠨᠢᠨ᠎ᠦ ᠦᠵᠡᠯᠦᠨᠵᠣᠬᠢᠶᠠᠯᠢ ᠤᠩᠱᠢᠵᠤ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠵᠣᠬᠢᠶᠠᠨ ᠪᠠᠢᠭᠤᠯᠵᠤᠥᠷᠨᠢᠭᠦᠯᠦᠭ᠌ᠰᠡᠨ ᠡᠯ᠎ᠡ ᠵᠦᠢᠯ᠎ᠦᠨ ᠠᠵᠢᠯᠯᠠᠭ᠎ᠠ᠎ᠳᠤ ᠦᠷᠭᠦᠯᠵᠢ ᠣᠷᠣᠯᠴᠠᠬᠤ᠎ᠶ᠋ᠢᠨ ᠬᠠᠮᠲᠤ ᠨᠠᠮᠤᠨᠵᠣᠬᠢᠶᠠᠨ ᠪᠠᠢᠭᠤᠯᠤᠯᠲᠠ᠎ᠳᠤ ᠵᠢᠩᠬᠢᠨᠢ᠎ᠪᠡᠷ ᠳᠤᠮᠳᠠᠳᠤ ᠤᠯᠤᠰ᠎ᠤᠨ ᠡᠪ ᠬᠠᠮᠲᠤ ᠨᠠᠮ᠎ᠳᠤ ᠣᠷᠣᠬᠤ ᠭᠤᠶᠤᠴᠢᠯᠠᠯᠲᠤᠰᠢᠶᠠᠵᠠᠢ᠃ ᠲᠤᠬᠠᠢ᠎ᠶ᠋ᠢᠨ ᠦᠶ᠎ᠡ᠎ᠳᠦ᠂ ᠨᠠᠮ᠎ᠤᠨ ᠵᠣᠬᠢᠶᠠᠨ ᠪᠠᠢᠭᠤᠯᠤᠯᠲᠠ᠎ᠶ᠋ᠢᠨ ᠵᠠᠷᠢᠮ ᠨᠥᠬᠥᠳ ᠶᠧᠵᠢᠶᠠᠨ ᠶᠢᠩ ᠪᠣᠯ ᠭᠣᠮᠢᠨᠳᠠᠩ᠎ᠤᠨ ᠴᠡᠷᠢᠭ᠎ᠦᠨ ᠳᠡᠭᠡᠳᠦ ᠵᠡᠷᠭᠡ᠎ᠶ᠋ᠢᠨ ᠣᠹᠢᠼᠧᠷ ᠮᠥᠨ᠂ ᠤᠷᠳᠤ ᠬᠤᠭᠤᠴᠠᠭᠠᠨ᠎ᠤ ᠱᠢᠯᠭᠠᠯᠲᠠ᠎ᠶ᠋ᠢ ᠥᠩᠭᠡᠷᠡᠭᠡᠪᠡᠯᠰᠠᠶᠢ ᠡᠯᠰᠡᠭ᠌ᠳᠡᠵᠦ᠍ ᠪᠤᠯᠤᠨ᠎ᠠ ᠭᠡᠵᠦ᠍ ᠦᠵᠡᠭᠡᠳ ᠲᠡᠭᠦᠨ᠎ᠦ ᠭᠤᠶᠤᠴᠢᠯᠠᠯ᠎ᠢ ᠲᠡᠪᠴᠢᠵᠡᠢ᠃ ᠭᠡᠪᠡᠴᠦ᠍ ᠶᠧᠵᠢᠶᠠᠨ ᠶᠢᠩ ᠵᠣᠷᠢᠭ ᠮᠣᠬᠣᠭ᠍ᠰᠠᠨ ᠦᠭᠡᠢ᠂ ᠲᠡᠷᠡ ᠮᠥᠨ ᠯᠡ ᠮᠠᠷᠺᠰ ᠯᠧᠨᠢᠨ᠎ᠦ ᠦᠵᠡᠯ᠎ᠢ ᠰᠤᠷᠤᠯᠴᠠᠵᠤ᠂ᠴᠡᠷᠢᠭ᠎ᠦᠨ ᠰᠤᠷᠭᠠᠭᠤᠯᠢ᠎ᠳᠠᠬᠢ ᠡᠪ ᠬᠠᠮᠲᠤᠴᠤᠳ᠎ᠲᠠᠶ ᠦᠷᠭᠦᠯᠵᠢᠯᠡᠨ ᠶᠠᠪᠤᠯᠴᠠᠵᠤ ᠪᠠᠢᠪᠠ᠃
ᠤᠮᠠᠷᠠᠰᠢ ᠳᠠᠢᠯᠠᠬᠤᠲᠠᠢ᠌ᠨ ᠡᠬᠢᠯᠡᠭ᠌ᠰᠡᠨ᠎ᠦ ᠲᠠᠷᠠᠭ᠎ᠠ᠂ ᠵᠢᠶᠠᠩ ᠵᠢᠶ᠍ᠸ ᠱ᠌ᠢ ᠶᠧ ᠵᠢᠶᠠᠨ ᠶᠢᠩ᠎ᠢ ᠢᠷᠭᠡᠨ᠎ᠦ ᠬᠤᠪᠢᠰᠭᠠᠯᠲᠤᠴᠡᠷᠢᠭᠦᠨ ᠨᠢᠭᠡᠳᠦᠭᠡᠷ ᠠᠷᠮᠢ᠎ᠶ᠋ᠢᠨ ᠱᠲ᠋ᠠᠪ᠎ᠤᠨ ᠳᠠᠷᠤᠭ᠎ᠠ ᠪᠥᠭᠡᠳ ᠱᠢᠨ᠎ᠡ᠎ᠪᠡᠷ ᠪᠠᠢᠭᠤᠯᠤᠭ᠍ᠰᠠᠨᠬᠣᠶᠠᠳᠤᠭᠠᠷ ᠳ᠋ᠢᠸᠢᠽᠢ᠎ᠶ᠋ᠢᠨ ᠣᠷᠣᠯᠠᠭ᠍ᠴᠢ ᠳ᠋ᠢᠸᠢᠽᠢ᠎ᠶ᠋ᠢᠨ ᠳᠠᠷᠤᠭ᠎ᠠ᠎ᠪᠠᠷ ᠲᠣᠮᠢᠯᠠᠵᠤ᠂ ᠴᠡᠷᠢᠭᠠᠩᠬᠢᠳᠠᠭᠠᠭᠤᠯᠤᠨ ᠨᠠᠨᠴᠠᠩ᠎ᠠᠴᠠ ᠵᠶ᠋ᠢ ᠠᠨ᠎ᠢ ᠰᠡᠷᠭᠡᠢᠯᠡᠬᠦ᠌᠎ᠪᠡᠷ ᠱᠢᠯᠵᠢᠭᠦᠯᠪᠡ᠃ ᠵᠶ᠋ᠢ ᠠᠨ᠎ᠳᠤ ᠲᠡᠷᠡᠴᠡᠷᠢᠭ ᠠᠩᠬᠢ᠎ᠶ᠋ᠢᠨ ᠵᠡᠭᠦᠨᠦ ᠴᠡᠷᠢᠭ᠎ᠦᠨ ᠳᠠᠷᠤᠭ᠎ᠠ ᠪᠣᠯᠤᠨ ᠨᠢᠭᠤᠴᠠ ᠡᠪ ᠬᠠᠮᠲᠤ ᠨᠠᠮ᠎ᠤᠨ ᠭᠡᠱᠢᠭᠦᠨᠦᠦᠵᠡᠯ ᠰᠠᠨᠠᠭᠠᠨ᠎ᠤ ᠨᠥᠯᠥᠭᠡ᠎ᠶ᠋ᠢ ᠭᠦᠨ ᠬᠦᠷᠳᠡᠵᠤ᠂ ᠳᠠᠪᠱᠢᠩᠭᠤᠢ ᠬᠤᠪᠢᠰᠭᠠᠯᠲᠤ ᠠᠵᠢᠯᠯᠠᠭ᠎ᠠ᠎ᠶ᠋ᠢ ᠶᠡᠬᠡ ᠪᠡᠷᠳᠡᠮᠵᠢᠪᠡ᠃ ᠵᠢᠶᠠᠩ ᠵᠢᠶ᠍ᠸ ᠱ᠌ᠢ 《4·12》 ᠤᠨ ᠬᠤᠪᠢᠰᠭᠠᠯ᠎ᠤᠨ ᠡᠰᠡᠷᠭᠦᠦ ᠲᠦᠷᠦ᠍᠎ᠶ᠋ᠢᠨ ᠬᠤᠪᠢᠰᠤᠯ ᠭᠠᠷᠭᠠᠭ᠍ᠰᠠᠨ᠎ᠤ ᠲᠠᠷᠠᠭ᠎ᠠ᠂ᠴᠠᠭᠠᠨ᠎ᠤ ᠰᠦᠷᠳᠡᠭᠦᠯᠦᠯ ᠪᠦᠬᠦ᠌ ᠤᠯᠤᠰ᠎ᠢ ᠪᠦᠷᠬᠦᠵᠦ᠍᠂ ᠶᠧ ᠵᠢᠶᠠᠨ ᠶᠢᠩ ᠲᠤᠢᠯ᠎ᠢᠶᠠᠷ ᠬᠢᠯᠢᠩᠨᠡᠪᠡ᠃ᠲᠡᠷᠡ ᠪᠠᠴᠢᠮ ᠱᠢᠷᠦᠭᠦᠨ ᠦᠵᠡᠯ ᠰᠠᠨᠠᠭᠠᠨ᠎ᠤ ᠲᠡᠮᠡᠴᠡᠯ᠎ᠢᠶᠡᠷ ᠲᠠᠮᠵᠢᠨ ᠬᠥᠮᠦᠨ᠎ᠦ ᠠᠮᠢᠳᠤᠷᠠᠯᠤᠨᠴᠢᠬᠤᠯᠠ ᠰᠣᠩᠭᠣᠯᠲᠠ ᠬᠢᠪᠡ᠄ ᠪᠦᠬᠦ᠌ ᠤᠯᠤᠰ᠎ᠲᠤ ᠴᠠᠬᠢᠯᠭᠠᠨ ᠮᠡᠳᠡᠭᠡ ᠶᠠᠪᠤᠭᠤᠯᠵᠤ ᠵᠢᠶᠠᠩ ᠵᠢᠶ᠍ᠸᠱ᠌ᠢᠶ᠋ᠢ ᠡᠰᠡᠷᠭᠦᠴᠡᠵᠡᠢ᠃ ᠵᠢᠶᠠᠩ ᠵᠢᠶ᠍ᠸ ᠱ᠌ᠢ ᠡᠨᠡ ᠴᠢᠮᠡᠭᠡ᠎ᠶ᠋ᠢ ᠰᠣᠨᠣᠰᠤᠭᠠᠳ ᠶᠧ ᠵᠢᠶᠠᠨ ᠶᠢᠩᠢᠭᠣᠮᠢᠨᠳᠠᠩᠠᠴᠠ 《ᠡᠭᠦᠷᠢᠳᠡ》 ᠬᠥᠭᠡᠭᠡᠵᠦ᠍ ᠭᠠᠷᠭᠠᠨ᠎ᠠ ᠭᠡᠵᠦ᠍ ᠨᠡᠢᠲᠡᠯᠡᠪᠡ᠃ ᠵᠶ᠋ᠢ ᠠᠨ᠎ᠤ ᠲᠡᠷᠰᠯᠡᠭᠦᠦ ᠬᠦᠴᠦᠨᠴᠦ᠍ ᠵᠢᠳᠠᠨ ᠦᠵᠦᠭᠦᠷ᠎ᠢᠶᠡᠨ ᠶᠧ ᠵᠢᠶᠠᠨ ᠶᠢᠩ᠎ᠳᠦ ᠱᠢᠭᠤᠳ ᠬᠠᠨᠳᠤᠭᠤᠯᠵᠤ᠂ ᠲᠡᠭᠦᠨ᠎ᠢ ᠠᠷᠭ᠎ᠠ ᠪᠤᠰᠤ ᠵᠶ᠋ᠢᠠᠨᠠᠴᠠ ᠶᠠᠪᠤᠭᠤᠯᠪᠠ᠃
ᠶᠧ ᠵᠢᠶᠠᠨ ᠶᠢᠩ ᠵᠢᠶ ᠠᠨ᠎ᠠᠴᠠ ᠰᠠᠯᠤᠭ᠍ᠰᠠᠨᠤ ᠳᠠᠷᠠᠭᠠᠦᠬᠠᠨᠳᠤ ᠬᠦᠷᠴᠡᠶ᠃ ᠲᠡᠷᠡ ᠦᠬᠠᠨ᠎ᠳᠤ ᠭᠤᠸᠠᠩᠳᠦ᠋ᠩ᠎ᠦᠨ ᠮᠧᠢ ᠱᠢᠶᠠᠨ᠎ᠤ ᠬᠠᠭᠤᠴᠢᠨ ᠲᠠᠨᠢᠯ᠂ ᠳᠤᠮᠳᠠᠳᠤ ᠤᠯᠤᠰᠤᠨᠡᠪ ᠬᠠᠮᠲᠤ ᠨᠠᠮ᠎ᠤᠨ ᠭᠡᠱᠢᠭᠦᠨ᠂ ᠲᠤᠬᠠᠢ᠎ᠶ᠋ᠢᠨ ᠦᠶ᠎ᠡ᠎ᠵᠢᠨ ᠦᠬᠠᠨ᠎ᠤ ᠳᠣᠲᠣᠭᠠᠳᠤ᠎ᠶ᠋ᠢ ᠬᠠᠮᠠᠭᠠᠯᠠᠬᠤᠲᠣᠪᠴᠢᠶᠠᠨᠤ ᠡᠷᠬᠢᠯᠡᠭᠴᠢ ᠵᠢᠨ ᠨᠠᠷᠢᠨ ᠪᠢᠴᠢᠭᠡᠴᠢᠪᠠᠢᠭ᠍ᠰᠠᠨ ᠯᠢ ᠱ᠌ᠢ ᠠᠨ᠎ᠲᠠᠶ ᠤᠯᠠᠨ ᠤᠳᠠᠭ᠎ᠠ ᠠᠭᠤᠯᠵᠠᠵᠤ᠂ ᠴᠠᠭ᠎ᠤᠨ ᠪᠠᠢᠳᠠᠯ᠎ᠤᠨ ᠲᠤᠬᠠᠢ ᠦᠵᠡᠯᠲᠡᠪᠡᠨᠶᠠᠷᠢᠵᠤ᠂ ᠰᠡᠳᠭᠢᠯ᠎ᠦᠨ ᠪᠤᠬᠢᠨᠢᠳᠤᠯ᠎ᠢᠶᠠᠨ ᠲᠣᠭᠠᠴᠢᠭ᠍ᠰᠠᠨ ᠪᠥᠭᠡᠳ ᠳᠤᠮᠳᠠᠳᠤ ᠤᠯᠤᠰ᠎ᠤᠨ ᠡᠪ ᠬᠠᠮᠲᠤᠨᠠᠮᠳᠤ ᠣᠷᠣᠬᠤ ᠭᠤᠶᠤᠴᠢᠯᠠᠯ᠎ᠢᠶᠠᠨ ᠳᠠᠬᠢᠨᠲᠠ ᠳᠤᠷᠠᠳᠪᠠ᠃ ᠯᠢ ᠱ᠌ᠢ ᠠᠨ ᠲᠡᠷᠡ ᠳᠠᠷᠤᠢᠳᠤᠨᠢᠨᠢᠭᠤᠴᠠᠪᠠᠷ ᠵᠧᠦ ᠡᠸᠨ ᠯᠠᠢ᠎ᠶ᠋ᠢ ᠡᠷᠢᠵᠦ᠍ ᠣᠴᠢᠭᠠᠳ ᠶᠧ ᠵᠢᠶᠠᠨ ᠶᠢᠩ᠎ᠦᠨ ᠪᠠᠢᠳᠠᠯ᠎ᠢ ᠬᠠᠷᠢᠭᠤᠮᠡᠳᠡᠭᠦᠯᠪᠡ᠃ 1927 ᠣᠨ᠎ᠤ 7 ᠰᠠᠷᠠᠶ᠋ᠢᠨᠡᠬᠢᠪᠡᠷ᠂ ᠵᠧᠦ ᠧᠨ ᠯᠠᠢ᠎ᠶ᠋ᠢᠨ ᠵᠥᠪᠱᠢᠶᠡᠷᠡᠯ᠎ᠢᠶᠡᠷ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪᠬᠣᠷᠢᠢᠠᠠᠴᠠ ᠶᠧ ᠵᠢᠶᠠᠨ ᠶᠢᠩ᠎ᠢ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠵᠢᠩᠬᠢᠨᠢ ᠭᠡᠱᠢᠭᠦᠨᠢᠶᠡᠷᠵᠥᠪᠱᠢᠶᠡᠷᠡᠪᠡ᠃
ᠶᠧ ᠵᠢᠶᠠᠨ ᠶᠢᠩ ᠨᠢᠭᠡᠨ ᠬᠤᠪᠢᠰᠭᠠᠯᠲᠤ ᠠᠷᠠᠳᠴᠢᠯᠠᠭ᠍ᠰᠠᠨᠦᠵᠡᠯᠲᠡᠨ ᠪᠠᠢᠭ᠍ᠰᠠᠨ᠎ᠠᠴᠠ᠎ᠪᠠᠨ ᠡᠪ ᠬᠠᠮᠲᠤ ᠶᠣᠰᠣᠨ᠎ᠤ ᠪᠠᠢᠯᠳᠤᠭ᠍ᠴᠢ ᠪᠣᠯᠪᠠ᠂ ᠡᠨᠡᠬᠦ᠌ ᠬᠤᠪᠢᠷᠠᠯᠲᠠᠪᠣᠯ ᠲᠡᠭᠦᠨ᠎ᠦ ᠬᠦᠴᠢᠷ ᠪᠡᠷᠬᠡᠱᠢᠶᠡᠯ ᠨᠤᠭᠤᠷᠠᠯ ᠪᠦᠳᠦᠷᠢᠯ᠎ᠢ ᠲᠤᠭᠤᠯᠵᠤ᠂ ᠠᠷᠢᠭᠤᠨ ᠴᠢᠰᠤ ᠤᠯᠠᠭᠠᠨᠭᠠᠯᠤᠨ ᠳᠠᠪᠲᠠᠯᠲᠠ ᠪᠠ ᠱᠢᠯᠭᠠᠯᠲᠠ᠎ᠶ᠋ᠢ ᠥᠩᠭᠡᠷᠡᠭᠦᠯᠦᠭ᠌ᠰᠡᠨᠦ ᠳᠠᠷᠠᠭᠠᠬᠢ ᠡᠷᠡᠰ ᠪᠠᠲᠤ ᠰᠣᠩᠭᠣᠯᠲᠠᠪᠣᠯᠤᠨᠠ᠃
ᠢᠷᠡᠯᠳᠡ᠄ 《ᠡᠪ ᠬᠠᠮᠳᠤᠨᠠᠮᠤᠨ ᠬᠡᠰᠢᠭᠦᠨ ᠮᠡᠳᠡᠬᠦ ᠶᠤᠰᠤᠳᠠᠢ ᠨᠠᠮ᠎ᠤᠨ ᠲᠡᠤᠬᠡ ᠵᠢᠨ ᠵᠢᠵᠢᠭᠦᠯᠢᠭᠡᠷ ᠤ᠋ᠤᠨ》
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠪᠣᠣ ᠮᠧᠢ ᠷᠥᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃