2022-07-28 10:19:47
ᠱᠢᠨᠡᠳᠤᠮᠳᠠᠳᠤ ᠤᠯᠤᠰ ᠪᠠᠢᠭᠤᠯᠤᠭ᠍ᠳᠠᠭ᠍ᠰᠠᠨ᠎ᠤ ᠳᠠᠷᠠᠭ᠎ᠠ᠂ ᠪᠡᠭᠡᠵᠢᠩ᠎ᠦᠨ ᠠᠩᠬᠠᠳᠠᠭ᠍ᠴᠢ ᠡᠭᠡᠯᠵᠢ ᠵᠢᠨ ᠬᠤᠳᠠᠶ᠋ᠢᠨᠨᠠᠮᠤᠨ ᠬᠣᠷᠢᠶᠠᠨ᠎ᠤ ᠱᠦᠵᠢ ᠫᠸᠩ ᠵᠧᠨ (1951ᠣᠨ᠎ᠤ 2 ᠰᠠᠷ᠎ᠠ᠎ᠠᠴᠠ ᠡᠬᠢᠯᠡᠨ ᠬᠤᠳᠠ᠎ᠶ᠋ᠢᠨ ᠳᠠᠷᠤᠭᠠᠶ᠋ᠢᠨᠲᠤᠱᠢᠶᠠᠯᠢ ᠬᠠᠪᠰᠤᠷᠭᠠᠨ ᠡᠭᠦᠷᠭᠡᠯᠡᠪᠡ) ᠪᠡᠭᠡᠵᠢᠩ ᠴᠢᠯᠥᠭᠡᠯᠡᠭ᠌ᠳᠡᠭ᠌ᠰᠡᠨᠦ ᠳᠠᠷᠠᠭᠠᠬᠢ 17 ᠵᠢᠯᠦᠨᠬᠤᠳᠠᠶ᠋ᠢᠨ ᠪᠦᠳᠦᠭᠡᠨ ᠪᠠᠢᠭᠤᠯᠤᠯᠲᠠ᠎ᠶ᠋ᠢᠨ ᠠᠵᠢᠯ᠎ᠢ ᠱᠢᠭᠤᠳ ᠤᠳᠤᠷᠢᠳᠤᠭᠰᠠᠨ ᠶᠤᠮ᠃ 1956 ᠣᠨ᠎ᠤ10 ᠰᠠᠷ᠎ᠠ᠎ᠳᠤ᠂ ᠫᠸᠩ ᠵᠧᠨ ᠪᠡᠭᠡᠵᠢᠩ ᠬᠤᠳᠠ᠎ᠶ᠋ᠢᠨ ᠨᠠᠮ᠎ᠤᠨ ᠬᠣᠷᠢᠶᠠᠨ᠎ᠤ ᠪᠠᠢᠩᠭᠤ ᠶ᠋ᠢᠨ ᠬᠣᠷᠢᠶᠠᠨ ᠤ ᠬᠤᠷᠠᠯ ᠳᠡᠭᠡᠷᠡᠪᠡᠭᠡᠵᠢᠩ ᠬᠤᠳᠠ ᠶ᠋ᠢᠨ ᠲᠥᠯᠥᠪᠵᠢᠭᠦᠯᠭᠡ᠎ᠶ᠋ᠢᠨ ᠲᠤᠬᠠᠶ ᠶᠠᠷᠢᠬᠤ᠎ᠳᠠᠭᠠᠨ ᠨᠡᠢᠰᠯᠡᠯ᠎ᠦᠨ ᠬᠥᠭ᠌ᠵᠢᠯᠲᠡᠳᠦᠠᠯᠢ ᠤᠯᠠᠨ ᠪᠣᠳᠠᠲᠠᠶ ᠪᠦᠬᠡᠳ ᠬᠡᠷᠡᠭ᠌ᠵᠢᠭᠦᠯᠦᠭᠦᠱᠢᠲᠡᠶ ᠰᠠᠨᠠᠯ ᠳᠤᠷᠠᠳᠴᠠᠶ᠂ ᠡᠭᠦᠨ᠎ᠤ ᠳᠤᠮᠳᠠ ᠠᠭᠤᠯᠤᠭ᠍ᠳᠠᠵᠤᠪᠠᠢᠭᠠ ᠦᠵᠡᠯ ᠰᠠᠨᠠᠭ᠎ᠠ ᠠᠷᠭ᠎ᠠ ᠪᠤᠳᠤᠯᠭ᠎ᠠ ᠨᠢ ᠤᠳᠤ ᠴᠣ᠌ ᠬᠡᠰᠡᠨ ᠪᠢᠳᠡᠡ᠎ᠤ ᠰᠤᠷᠤᠯᠴᠠᠭᠤᠱᠢᠲᠠᠶ ᠵᠦᠢᠯᠪᠤᠯᠬᠤ ᠶᠤᠮ᠃
ᠬᠥᠮᠦᠨ ᠠᠮᠠ᠎ᠶ᠋ᠢᠨ ᠲᠤᠬᠠᠢ ᠫᠸᠩ ᠵᠧᠨ᠎ᠦ ᠦᠵᠡᠬᠦ᠌᠎ᠪᠡᠷ᠂ ᠲᠤᠬᠠᠢ᠎ᠵᠢᠨ ᠦᠶᠡᠰᠪᠡᠭᠡᠵᠢᠩ ᠬᠤᠳᠠ᠎ᠶ᠋ᠢᠨ ᠬᠥᠮᠦᠨ ᠠᠮᠠ ᠨᠡᠮᠡᠭᠳᠡᠭᠡᠳ 500 ᠲᠦᠮᠡ ᠣᠷᠴᠢᠮ ᠪᠤᠯᠵᠤ᠂ ᠬᠣᠵᠢᠮ ᠬᠦᠮᠦᠨ ᠠᠮᠠ ᠮᠢᠨᠭᠭᠠᠨᠲᠦᠮᠡ ᠪᠣᠯᠬᠤ ᠪᠤᠯᠤᠮᠵᠢ ᠶᠡᠬᠡ ᠪᠤᠢ᠂ ᠥᠨᠥᠳᠦᠷ᠎ᠦᠨ ᠲᠥᠯᠥᠪᠯᠡᠭᠡ ᠨᠢ ᠬᠣᠢᠱᠢᠳᠠ᠎ᠶ᠋ᠢᠨ ᠬᠥᠭ᠌ᠵᠢᠯᠲᠡᠶ᠋ᠢᠨᠬᠡᠷᠡᠭ᠌ᠴᠡᠭᠡᠶ᠋ᠢ ᠪᠣᠳᠣᠯᠬᠢᠯᠠᠬᠤ ᠬᠡᠷᠡᠭ᠌ᠲᠡᠢ ᠬᠡᠪᠡ᠃ ᠵᠠᠮ᠎ᠤᠨ ᠥᠷᠭᠡᠨ ᠨᠠᠷᠢᠨᠤ ᠲᠤᠬᠠᠢ ᠲᠡᠷᠡ᠄ ᠢᠷᠡᠭᠡᠳᠦᠢ᠎ᠳ᠋ᠤ ᠳᠤᠯᠭᠠᠷᠠᠬᠤ ᠠᠰᠠᠭᠤᠳᠠᠯ ᠨᠢ ᠵᠠᠰᠠᠮᠠᠯ ᠵᠠᠮ ᠳᠡᠩᠳᠡᠭᠦᠦ ᠢᠪᠴᠤᠤ ᠬᠡᠬᠦ ᠡᠴᠡ ᠪᠢᠰᠢ ᠬᠠᠷᠢᠨ ᠳᠡᠨᠭᠳᠡᠬᠦᠦᠥᠷᠭᠡᠨ ᠪᠢᠰᠢ ᠶᠤᠮ᠂ ᠪᠢᠳᠡ ᠭᠠᠭᠴᠠ ᠬᠦ᠌ ᠤᠳᠤ᠎ᠶ᠋ᠢᠨ ᠪᠡᠭᠡᠵᠢᠩ ᠬᠤᠳᠠ᠎ᠳᠤ ᠲᠦᠮᠡ ᠬᠦᠷᠬᠦ᠌ ᠦᠭᠡᠢ ᠪᠠᠭ᠎ᠠ ᠮᠠᠱᠢᠨᠲᠡᠷᠭᠡᠲᠡᠶ ᠪᠠᠢᠬᠤ᠎ᠶ᠋ᠢ ᠯᠠ ᠦᠵᠡᠭᠡᠳ ᠪᠣᠯᠬᠤ ᠦᠭᠡᠢ᠂ ᠢᠷᠡᠭᠡᠳᠦᠢ ᠳᠦ ᠬᠡᠳᠦᠨ ᠠᠷᠪᠠᠨ ᠲᠦᠮᠡ᠂ ᠵᠠᠭᠤ ᠭᠠᠷᠤᠢᠲᠦᠮᠡᠨ ᠮᠠᠱᠢᠨ ᠲᠡᠷᠭᠡ᠎ᠲᠡᠶ ᠪᠣᠯᠤᠨ᠎ᠠ ᠭᠡᠵᠦ᠍ ᠪᠤᠳᠤᠯᠬᠢᠯᠡᠬᠤ ᠬᠡᠷᠡᠭ᠌ᠲᠡᠢ᠃ ᠵᠠᠮ ᠢᠪᠴᠤᠦ ᠪᠤᠯ᠂ ᠮᠠᠱᠢᠨᠲᠡᠷᠭᠡ ᠨᠢᠭᠡ ᠴᠠᠭ᠎ᠲᠤ ᠰᠠᠶᠢ ᠠᠷᠪᠠᠭᠠᠳ ᠺᠢᠯᠣᠮᠧᠲ᠋ᠷ ᠠᠶᠠᠯᠠᠨ᠎ᠠ᠂ ᠡᠨᠡ ᠨᠢ ᠮᠠᠰᠢ ᠶᠡᠬᠡ ᠪᠦᠷᠢᠯᠭᠡᠯ ᠪᠢᠰᠢ᠎ᠦᠦ? ᠬᠡᠪᠡ᠃
ᠫᠸᠩ ᠵᠧᠨ ᠪᠠᠰᠠ ᠲᠡᠷᠭᠡᠨ ᠵᠣᠭ᠍ᠰᠣᠭᠠᠯ ᠪᠠᠢᠭᠤᠯᠬᠤ ᠠᠰᠠᠭᠤᠳᠠᠯ᠎ᠢ ᠨᠢᠭᠡᠨ ᠴᠢᠬᠤᠯᠠᠶᠠᠪᠤᠳᠠᠯ ᠪᠣᠯᠭᠠᠨ ᠲᠥᠪ ᠴᠢᠩᠭ᠎ᠠ᠎ᠪᠠᠷ ᠳᠤᠷᠠᠳᠤᠭ᠍ᠰᠠᠨ ᠪᠠᠢᠨ᠎ᠠ᠃ ᠲᠡᠷᠡ᠂ ᠡᠨᠡ ᠨᠢ ᠪᠠᠭ᠎ᠠ ᠠᠰᠠᠭᠤᠳᠠᠯ ᠪᠢᠰᠢ᠂ᠪᠡᠭᠡᠵᠢᠩ᠎ᠳᠦ ᠬᠡᠷᠪᠡ ᠬᠤᠵᠢᠮ ᠬᠡᠳᠦᠨ ᠠᠷᠪᠠᠨ ᠲᠦᠮᠡ᠂ ᠵᠠᠭᠤ ᠭᠠᠷᠤᠢ ᠲᠦᠮᠡᠨ ᠮᠠᠱᠢᠨ ᠲᠡᠷᠭᠡ ᠲᠡᠶ ᠪᠣᠯᠪᠠᠯ ᠬᠠᠮᠢᠭ᠎ᠠ ᠵᠤᠭᠰᠤᠭᠠᠬᠤ ᠪᠤᠢ? ᠲᠡᠭᠦᠨ ᠦ ᠦᠵᠡᠬᠦ᠌ ᠪᠡᠷ᠂ ᠤᠳᠤ ᠬᠦᠢᠴᠡᠳᠪᠤᠳᠤᠯᠬᠢᠯᠠᠪᠠᠯ᠂ ᠬᠣᠵᠢᠮ ᠮᠠᠱᠢᠨ ᠲᠡᠷᠭᠡ ᠠᠷᠪᠢᠳᠤᠪᠠᠯ ᠲᠦᠪᠡᠭᠳᠡᠬᠦ ᠪᠠᠢᠳᠠᠯ᠎ᠠᠴᠠ ᠵᠠᠢᠯᠠᠰᠭᠢᠵᠤᠳᠡᠢᠯᠦᠨᠡ ᠭᠡᠪᠡ᠃ ᠬᠣᠲᠠ᠎ᠶ᠋ᠢᠨ ᠨᠣᠭᠣᠭᠠᠷᠠᠭᠤᠯᠤᠯᠲᠠ ᠶ᠋ᠢᠨ ᠲᠤᠬᠠᠶ ᠫᠸᠩ ᠵᠧᠨ᠂ ᠬᠣᠲᠠ ᠳᠣᠲᠣᠷ᠎ᠠ ᠤᠷᠢᠳᠠᠪᠡᠷᠡᠯᠡ ᠲᠣᠭᠣᠷᠢᠭ ᠤᠨ ᠴᠡᠴᠡᠷᠯᠢᠭ ᠦᠨ ᠲᠠᠷᠬᠠᠯᠲᠠ ᠶ᠋ᠢᠨ ᠰᠦᠯᠵᠢᠶ᠎ᠡ᠎ᠶ᠋ᠢ ᠵᠠᠭᠠᠭ᠍ᠯᠠᠨ ᠲᠣᠭ᠍ᠲᠠᠭᠠᠵᠤ᠂ᠵᠠᠭᠠᠭ᠍ᠯᠠᠨ ᠲᠣᠭ᠍ᠲᠠᠭᠠᠭ᠍ᠰᠠᠨ᠎ᠤ ᠳᠠᠷᠠᠭ᠎ᠠ ᠳᠠᠷᠤᠶ ᠲᠦᠷᠭᠡᠨ ᠨᠡᠢᠲᠡᠯᠡᠵᠦ᠍᠂ ᠬᠣᠢᠱᠢᠳᠠ ᠲᠦᠪᠡᠭᠳᠡᠬᠦ ᠪᠠᠢᠳᠠᠯᠳᠤᠣᠷᠣᠬᠤᠠᠴᠠ ᠵᠠᠢᠯᠠᠰᠭᠢᠬᠦ᠌ ᠬᠡᠷᠡᠭ᠌ᠲᠡᠶ᠃ ᠰᠠᠭᠤᠭᠠᠯᠢ ᠠᠷᠠᠳ᠎ᠤᠨ ᠠᠰᠠᠷ᠎ᠤᠨ ᠡᠮᠦᠨᠡᠬᠢ ᠵᠠᠰᠠᠮᠠᠯ ᠵᠠᠮ᠎ᠢ ᠳᠠᠭᠠᠭ᠍ᠰᠠᠨ ᠭᠠᠵᠠᠷ᠎ᠲᠤ ᠬᠡᠰᠡᠭ ᠰᠤᠯᠠ ᠭᠠᠵᠠᠷᠦᠯᠡᠳᠡᠭᠡᠵᠦ᠍ ᠨᠣᠭᠣᠭᠠᠷᠠᠭᠤᠯᠤᠯᠲᠠ ᠬᠢᠵᠦ᠍ ᠪᠣᠯᠤᠨ᠎ᠠ᠃ ᠦᠢᠯᠡᠳᠪᠦᠷᠢ᠎ᠶ᠋ᠢᠨ ᠲᠣᠭᠣᠷᠢᠭ᠎ᠲᠤ ᠪᠠᠰᠠ ᠭᠦᠢᠴᠡᠳᠬᠣᠭᠣᠰᠣᠨ ᠭᠠᠵᠠᠷ ᠭᠠᠷᠭᠠᠵᠤ ᠴᠡᠴᠡᠷᠯᠢᠭ ᠪᠠᠢᠭᠤᠯᠤᠭᠠᠳ ᠣᠷᠴᠢᠨ ᠲᠣᠭᠣᠷᠢᠨ ᠢᠶᠠᠨ ᠨᠤᠭᠤᠭᠠᠷᠠᠭᠤᠯᠬᠤ ᠬᠡᠷᠡᠭ᠌ᠲᠡᠢᠬᠡᠵᠤ ᠬᠡᠯᠡᠪᠡ᠃
ᠲᠤᠬᠠᠢ᠎ᠶ᠋ᠢᠨ ᠦᠶ᠎ᠡ᠎ᠳᠦ ᠲᠥᠯᠥᠪᠯᠡᠭᠡᠨ᠎ᠦ ᠰᠠᠯᠠᠭ᠎ᠠ ᠮᠥᠴᠢᠷ᠎ᠦᠨ ᠬᠢᠨ ᠠᠳᠠᠯᠢ ᠪᠤᠰᠤᠰᠠᠨᠠᠯᠲᠠᠶ ᠪᠠᠢᠵᠤ᠂ ᠬᠥᠮᠦᠨ ᠠᠮᠠ᠎ᠶ᠋ᠢᠨ ᠬᠡᠪᠴᠢᠶ᠎ᠡ ᠬᠡᠲᠦᠷᠬᠡᠢ ᠶᠡᠬᠡᠳᠴᠦ᠍᠂ ᠣᠷᠣᠨ ᠰᠠᠭᠤᠴᠠ ᠶ᠋ᠢᠨ ᠲᠣᠭᠣᠷᠢᠭᠲᠤᠬᠡᠷᠡᠭ᠌ᠯᠡᠬᠦ᠌ ᠭᠠᠵᠠᠷ᠎ᠤᠨ ᠲᠣᠭ᠎ᠠ ᠨᠤᠷᠮ᠎ᠠ ᠪᠠᠬᠠᠨ ᠥᠨᠳᠥᠷ ᠪᠣᠯᠵᠦ᠂ ᠲᠥᠯᠥᠪᠵᠢᠭᠦᠯᠦᠭ᠌ᠰᠡᠨ ᠵᠠᠮ ᠨᠢ ᠥᠷᠭᠡᠨ᠂ ᠨᠤᠭᠤᠭᠠᠷᠠᠭᠤᠯᠬᠤ ᠭᠠᠵᠠᠷ᠂ ᠭᠤᠤᠯ ᠨᠠᠭᠤᠷ᠎ᠤᠨ ᠤᠰᠤᠨ ᠱᠢᠰᠲ᠋ᠧᠮ᠎ᠦᠨ ᠲᠠᠯᠠᠪᠠᠢ ᠨᠢ ᠶᠡᠬᠡ ᠪᠤᠯᠴᠢᠬᠠᠵᠠᠢ ᠬᠡᠵᠦ ᠪᠠᠢᠯ᠎ᠠ᠃ ᠡᠢᠮᠦ᠍ ᠰᠠᠨᠠᠯ᠎ᠤᠨ ᠲᠤᠬᠠᠢᠫᠸᠩ ᠵᠧᠨ᠂ ᠬᠤᠲᠠ᠎ᠶ᠋ᠢᠨ ᠲᠥᠯᠥᠪᠵᠢᠭᠦᠯᠭᠡ᠎ᠳᠦ ᠠᠯᠤᠰ ᠬᠤᠯᠠ ᠶ᠋ᠢ ᠪᠣᠳᠣᠯᠬᠢᠯᠠᠬᠤ ᠬᠡᠷᠡᠭ᠌ᠲᠡᠢ᠂ ᠨᠡᠢᠭᠡᠮ ᠵᠢᠷᠤᠮ᠎ᠤᠨ ᠠᠯᠤᠰ᠎ᠤᠨ ᠲᠥᠰᠦᠪ᠎ᠢ ᠣᠯᠵᠤ ᠬᠠᠷᠠᠬᠤ ᠬᠡᠷᠡᠭ᠌ᠲᠡᠢ᠂ᠬᠣᠵᠢᠮ᠎ᠤᠨ ᠬᠥᠮᠦᠰ᠎ᠲᠦ ᠬᠥᠭ᠌ᠵᠢᠬᠦ᠌ ᠵᠠᠮ ᠦᠯᠡᠳᠡᠭᠡᠵᠦ᠍ ᠥᠭ᠌ᠬᠦ ᠬᠡᠷᠡᠭ᠌ᠲᠡᠢ᠂ ᠨᠢᠳᠤᠨ ᠡᠮᠦᠨᠡᠬᠢ ᠪᠡᠨ ᠯᠡᠬᠠᠷᠠᠭᠠᠳ ᠪᠠᠢᠵᠤ ᠪᠣᠯᠬᠤ ᠦᠭᠡᠢ ᠭᠡᠪᠡ᠃ ᠬᠤᠳᠠ᠎ᠶ᠋ᠢᠨ ᠲᠥᠯᠥᠪᠵᠢᠭᠦᠯᠭᠡ ᠬᠢᠬᠦ᠌᠎ᠳᠦ ᠬᠡᠷᠪᠡ ᠠᠯᠤᠰ᠎ᠤᠨ ᠲᠥᠰᠦᠪ᠎ᠢ ᠪᠣᠳᠣᠯᠬᠢᠯᠠᠬᠤ ᠦᠭᠡᠢ ᠪᠣᠯ ᠡᠴᠦᠰ᠎ᠲᠡᠬᠡᠨ ᠪᠢᠳᠡ ᠰᠢᠬᠦᠮᠵᠢᠯᠡᠭᠳᠡᠵᠦ ᠬᠠᠷᠢᠶᠠᠭ᠍ᠳᠠᠬᠤ ᠪᠣᠯᠤᠨ᠎ᠠ ᠭᠡᠵᠡᠢ᠃ᠡᠳᠡᠭᠡᠷ ᠦᠭᠡ᠎ᠶ᠋ᠢ ᠶᠠᠷᠢᠬᠤ ᠦᠶ᠎ᠡ᠎ᠳᠦ᠂ ᠪᠡᠭᠡᠵᠢᠩ ᠬᠤᠳᠠ᠎ᠶ᠋ᠢᠨ ᠮᠠᠱᠢᠨ ᠲᠡᠷᠭᠡ ᠴᠥᠭᠡᠨ ᠡᠴᠡ ᠪᠤᠯᠵᠤ᠂ ᠵᠠᠰᠠᠮᠠᠯ ᠵᠠᠮ ᠬᠣᠪ ᠬᠣᠭᠣᠰᠣᠨ ᠪᠣᠯᠤᠭ᠍ᠰᠠᠨ᠎ᠳᠤ᠂ᠵᠠᠷᠢᠮ ᠬᠥᠮᠦᠨ ᠵᠠᠰᠠᠮᠠᠯ ᠵᠠᠮ᠎ᠢ ᠥᠷᠭᠡᠨ ᠱᠢᠭ ᠵᠠᠰᠠᠬᠤ ᠵᠣᠷᠢᠯᠲᠠ᠎ᠶ᠋ᠢ 《ᠶᠡᠬᠡ ᠵᠠᠰᠠᠮᠠᠯ ᠵᠠᠮ᠎ᠤᠨ ᠦᠵᠡᠯ》 ᠭᠡᠵᠦ᠍ ᠨᠡᠷᠡᠯᠡᠪᠡ᠃ ᠫᠸᠩ ᠵᠧᠨ᠄ 《1953 ᠣᠨᠳᠤᠳ᠋ᠦᠩ ᠳ᠋ᠠᠨ᠎ᠠᠴᠠ ᠰᠢ ᠳ᠋ᠠᠨ ᠬᠦᠷᠲᠡᠯᠡᠬᠢ ᠶᠡᠬᠡ ᠵᠡᠭᠡᠯᠢ᠎ᠶ᠋ᠢ ᠶᠡᠷᠡᠨ ᠮᠧᠲ᠋ᠷ ᠥᠷᠭᠡᠨ ᠵᠠᠰᠠᠨ᠎ᠠ ᠭᠡᠵᠦ᠍ᠳᠤᠷᠠᠳᠤᠭᠰᠠᠨ ᠳ᠋ᠤ ᠵᠠᠷᠢᠮ ᠬᠥᠮᠦᠨ ᠡᠭᠦᠨ᠎ᠢ 〈ᠶᠡᠬᠡ ᠵᠠᠰᠠᠮᠠᠯ ᠵᠠᠮ᠎ᠤᠨ ᠦᠵᠡᠯ〉 ᠭᠡᠵᠦ᠍ ᠱᠢᠭᠦᠮᠵᠢᠯᠡᠵᠡᠶ᠃ᠶᠡᠬᠡ ᠵᠠᠰᠠᠮᠠᠯ ᠵᠠᠮ᠎ᠤᠨ ᠦᠵᠡᠯ ᠬᠡᠵᠤ ᠬᠡᠯᠡᠪᠡᠯ ᠬᠡᠯᠡᠭ᠃ ᠪᠢᠲᠡᠭᠡᠶ ᠠᠶᠤ᠂ ᠬᠥᠭ᠌ᠵᠢᠯᠲᠡ᠎ᠶ᠋ᠢᠨ ᠱᠠᠭᠠᠷᠳᠠᠯᠭᠠᠳᠤᠨᠡᠢᠴᠡᠬᠦ᠌ ᠡᠰᠡᠬᠦ᠌᠎ᠶ᠋ᠢ ᠦᠵᠡᠬᠦ᠌ ᠬᠡᠷᠡᠭ᠌ᠲᠡᠢ》 ᠬᠡᠵᠤ ᠬᠠᠷᠢᠭᠤᠯᠪᠠ᠃
1953 ᠣᠨ᠎ᠤ 《ᠪᠡᠭᠡᠵᠢᠩ ᠬᠤᠳᠠ᠎ᠶ᠋ᠢ ᠥᠭᠡᠷᠡᠴᠢᠯᠡᠨ ᠪᠠᠢᠭᠤᠯᠬᠤ ᠪᠠ ᠥᠷᠭᠡᠳᠭᠡᠨ ᠪᠠᠢᠭᠤᠯᠬᠤ ᠲᠥᠯᠥᠪᠵᠢᠭᠦᠯᠭᠡ ᠶ᠋ᠢᠨᠲᠥᠰᠦᠯᠦᠨ ᠭᠣᠣᠯᠳᠠᠯᠭ᠎ᠠ》 ᠡᠴᠡ 1957 ᠣᠨ ᠤ 《ᠪᠡᠭᠡᠵᠢᠩ᠎ᠦᠨ ᠬᠤᠳᠠᠶ᠋ᠢᠨᠪᠦᠳᠦᠭᠡᠨ ᠪᠠᠢᠭᠤᠯᠤᠯᠲᠠ᠎ᠶ᠋ᠢᠨ ᠶᠡᠷᠦᠩᠬᠡᠶ ᠲᠥᠯᠥᠪᠵᠢᠭᠦᠯᠭᠡ᠎ᠶ᠋ᠢᠨ ᠠᠩᠬᠠᠨ᠎ᠤ ᠲᠥᠰᠦᠯ》 ᠢ ᠰᠤᠳᠤᠯᠤᠨ ᠨᠠᠢᠷᠠᠭᠤᠯᠬᠤ ᠬᠦᠷᠲᠡᠯ᠎ᠡ᠂ ᠫᠸᠩ ᠵᠧᠨ ᠪᠦᠷ ᠣᠷᠣᠯᠴᠠᠵᠤ᠂ ᠮᠠᠰᠢ ᠤᠯᠠᠨᠴᠢᠬᠤᠯᠠ ᠶᠡᠬᠡ ᠠᠰᠠᠭᠤᠳᠠᠯ᠎ᠢ ᠪᠦᠷ ᠲᠡᠷᠡ ᠡᠷᠬᠢᠯᠡᠨ ᠰᠤᠳᠤᠯᠵᠤ᠂ ᠦᠵᠡᠯᠲᠡ᠎ᠪᠡᠨ ᠳᠤᠷᠠᠳᠴᠤ᠌᠂ ᠬᠤᠳᠠᠶ᠋ᠢᠨᠨᠠᠮᠤᠨ ᠬᠣᠷᠢᠶ᠎ᠠ ᠵᠠᠰᠠᠭ᠎ᠤᠨ ᠣᠷᠳᠣᠨ᠎ᠢᠶᠠᠷ ᠶᠠᠷᠢᠯᠴᠠᠭᠤᠯᠤᠨ ᠪᠠᠲᠤᠯᠠᠭᠤᠯᠤᠭᠠᠳ᠂ ᠲᠥᠪ ᠬᠣᠷᠢᠶ᠎ᠠ᠎ᠳᠤ ᠮᠡᠳᠡᠭᠦᠯᠦᠨᠵᠥᠪᠱᠢᠶᠡᠷᠡᠭᠦᠯᠦᠭᠰᠡᠨ ᠶᠤᠮ᠃ ᠡᠨᠡ ᠮᠡᠲᠦ᠍᠎ᠪᠡᠷ᠂ ᠲᠤᠬᠠᠢ᠎ᠶ᠋ᠢᠨ ᠦᠶ᠎ᠡ᠎ᠳᠦ ᠨᠡᠢᠰᠯᠡᠯ᠎ᠦᠨ ᠪᠦᠳᠦᠬᠡᠨ ᠪᠠᠢᠭᠤᠯᠤᠯᠲᠠᠶ᠋ᠢᠨᠠᠤᠭᠠ ᠲᠥᠰᠦᠪ᠎ᠢ ᠪᠣᠳᠠᠲᠠᠢ ᠵᠢᠷᠤᠭ᠍ᠯᠠᠬᠤ ᠦᠶ᠎ᠡ᠎ᠳᠦ᠂ ᠫᠸᠩ ᠵᠧᠨ ᠬᠣᠵᠢᠮ᠎ᠤᠨ ᠬᠥᠮᠦᠰ᠎ᠲᠦ ᠬᠥᠭ᠌ᠵᠢᠯᠲᠡ᠎ᠶ᠋ᠢᠨ ᠠᠭᠤᠵᠢᠮ ᠣᠷᠣᠨ ᠵᠠᠢ ᠦᠯᠡᠳᠡᠭᠡᠵᠦ᠍ ᠥᠭ᠌ᠬᠦ ᠶ᠋ᠢᠪᠠᠷᠢᠮᠲᠠᠯᠠᠭᠰᠠᠨ ᠪᠢᠯᠡ᠃
ᠮᠠᠲ᠋ᠸᠷᠢᠶᠠᠯ᠎ᠤᠨ ᠢᠷᠡᠯᠳᠡ᠄ 《ᠡᠪ ᠬᠠᠮᠳᠤ ᠵᠢᠨ ᠨᠠᠮ᠎ᠤᠨ ᠬᠡᠰᠢᠬᠦᠨ᠎ᠤ ᠮᠡᠳᠡᠬᠦ ᠶᠤᠰᠤᠳᠠᠢ ᠨᠠᠮᠤᠨᠳᠡᠦᠬᠡ ᠵᠢᠨ ᠵᠢᠵᠢᠭ ᠦᠯᠢᠭᠡᠷ᠎ᠤᠳ》
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠰᠤᠶᠤᠯᠲᠦ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃