2022-09-15 10:43:49
ᠴᠧᠨ ᠶᠦᠨ᠎ᠤ ᠭᠡᠷᠡᠯ ᠰᠠᠴᠤᠷᠠᠩᠭᠤᠢ ᠨᠢᠭᠡ ᠨᠠᠰᠤ᠎ᠶᠢ ᠠᠵᠢᠭ᠍ᠯᠠᠪᠠᠯ᠂ ᠲᠡᠷᠡ《ᠭᠠᠪᠢᠶᠠᠷᠬᠠᠬᠤ ᠦᠭᠡᠢ᠂ ᠪᠠᠷᠳᠠᠮᠨᠠᠬᠤ ᠦᠭᠡᠢ》 ᠭᠡᠬᠦ ᠪᠠᠷᠢᠮᠵᠢᠶ᠎ᠠ᠎ᠶᠢ ᠢᠮᠠᠭᠲᠠ ᠪᠠᠷᠢᠮᠲᠠᠯᠠᠵᠤ᠂ ᠨᠠᠮ ᠪᠣᠯᠣᠨ ᠠᠷᠠᠳ ᠲᠦᠮᠡᠨ᠎ᠢ ᠲᠡᠷᠢᠭᠦᠨᠪᠠᠢᠷᠢᠨᠳᠤ ᠲᠠᠯᠪᠢᠵᠤ᠂ 《ᠭᠠᠪᠢᠶ᠎ᠠ ᠵᠢᠳᠬᠦᠯ᠎ᠢ ᠥᠪᠡᠷ᠎ᠦᠨ ᠭᠠᠭᠴᠠ ᠬᠥᠮᠥᠨᠦᠳᠠᠩᠰᠠᠨᠳᠤ ᠲᠡᠮᠳᠡᠭᠯᠡᠵᠦ ᠪᠣᠯᠬᠤ ᠦᠭᠡᠢ》 ᠭᠡᠵᠦ ᠣᠯᠠᠨᠲᠠ ᠴᠢᠬᠤᠯᠠᠴᠢᠯᠠᠪᠠ᠃1937ᠣᠨ᠎ᠠᠴᠠ 1944 ᠣᠨ ᠪᠣᠯᠲᠠᠯ᠎ᠠ᠂ ᠴᠧᠨ ᠶᠦᠨ 7 ᠵᠢᠯ ᠲᠥᠪ ᠬᠣᠷᠢᠶᠠᠨ᠎ᠤ ᠵᠣᠬᠢᠶᠠᠨ ᠪᠠᠶ᠋ᠢᠭᠤᠯᠬᠤ ᠬᠡᠯᠲᠡᠰᠦᠨᠳᠠᠷᠤᠭᠠᠶᠢᠨ ᠲᠤᠰᠢᠶᠠᠯ᠎ᠢ ᠬᠠᠷᠢᠭᠤᠴᠠᠪᠠ᠃ᠲᠤᠰᠢᠶᠠᠯ᠎ᠠᠴᠠ᠎ᠪᠠᠨ ᠰᠠᠯᠬᠤ ᠦᠶ᠎ᠡ᠎ᠳᠦ᠂ ᠵᠠᠯᠭᠠᠮᠵᠢᠯᠠᠭ᠍ᠴᠢᠫᠧᠩ ᠵᠧᠨ ᠪᠣᠯᠣᠨ ᠪᠤᠰᠤᠳ ᠵᠠᠷᠢᠮ ᠨᠥᠬᠥᠳ ᠴᠧᠨ ᠶᠦᠨ᠎ᠡᠴᠡ ᠲᠤᠰᠢᠶᠠᠬᠤ ᠴᠢᠬᠤᠯᠠᠲᠠᠢ ᠵᠦᠢᠯ ᠪᠠᠢᠬᠤ ᠡᠰᠡᠬᠦ᠎ᠵᠢ ᠠᠰᠠᠭᠤᠪᠠ᠃ ᠡᠭᠦᠨ᠎ᠦ ᠲᠤᠬᠠᠢ ᠴᠧᠨ ᠶᠦᠨ 1945 ᠣᠨ᠎ᠤ ᠨᠠᠮ᠎ᠤᠨ ᠳᠣᠯᠣᠳᠤᠭᠠᠷ ᠶᠡᠬᠡ ᠬᠤᠷᠠᠯ ᠳᠡᠭᠡᠷ᠎ᠡ ᠲᠣᠳᠣᠷᠬᠠᠢᠬᠠᠷᠢᠭᠤᠯᠲᠠ ᠥᠭᠴᠡᠢ᠃ ᠲᠡᠷᠡ ᠬᠡᠯᠡᠬᠦ᠎ᠳᠡᠭᠡᠨ᠂ 7 ᠵᠢᠯ᠎ᠦᠨ ᠳᠣᠲᠣᠷ᠎ᠠ ᠨᠢᠭᠡ ᠵᠦᠢᠯ᠎ᠦᠨ ᠮᠠᠭᠤ ᠬᠡᠯᠪᠡᠷᠢᠯᠬᠠᠷᠠᠭᠳᠠᠪᠠ᠄ 《ᠮᠠᠨ᠎ᠤ ᠨᠠᠮᠤᠨᠳᠣᠲᠣᠭᠠᠳᠤᠶᠢᠨ ᠬᠡᠰᠡᠭ ᠺᠠᠳ᠋ᠷᠴᠤᠳ ᠣᠮᠣᠷᠬᠠᠭᠯᠠᠨ ᠪᠠᠷᠳᠠᠮᠨᠠᠵᠤ ᠪᠠᠢᠨ᠎ᠠ》᠂ 《ᠮᠠᠰᠢ ᠤᠯᠠᠨ ᠬᠥᠮᠥᠨ ᠪᠤᠰᠤᠳ᠎ᠤᠨ ᠲᠡᠭᠦᠨᠢᠰᠠᠢᠨ ᠭᠡᠵᠦ ᠬᠡᠯᠡᠬᠦ᠎ᠶᠢ ᠲᠣᠭᠣᠳᠠᠭ᠂ ᠪᠤᠰᠤᠳ᠎ᠤᠨ ᠲᠡᠭᠦᠨ᠎ᠢ ᠮᠠᠭᠤ ᠭᠡᠵᠦ ᠬᠡᠯᠡᠬᠦ᠎ᠶᠢ ᠲᠣᠭᠣᠬᠤ ᠦᠭᠡᠢ᠂ ᠵᠠᠷᠢᠮᠬᠥᠮᠥᠨ ᠵᠥᠪᠬᠡᠨ ᠵᠡᠷᠭᠡ ᠳᠡᠪᠰᠢᠬᠦ᠎ᠡᠴᠡ ᠪᠢᠰᠢ᠂ ᠵᠡᠷᠭᠡ ᠳᠡᠰ ᠪᠠᠭᠤᠷᠠᠭᠤᠯᠵᠤ ᠪᠣᠯᠬᠤ ᠦᠭᠡᠢ᠂ ᠭᠠᠪᠢᠶ᠎ᠠ ᠪᠠᠢᠪᠠᠯᠵᠠᠪᠠᠯ ᠰᠠᠭᠤᠵᠤ᠂ ᠠᠯᠳᠠᠭ᠎ᠠ ᠪᠠᠢᠪᠠᠯ ᠵᠠᠪᠠᠯ ᠵᠠᠢᠯᠠᠳᠠᠭ》 ᠭᠡᠵᠡᠢ᠃《ᠦᠨᠡᠨ ᠶᠣᠰᠣ᠌᠎ᠶᠢ ᠡᠷᠬᠢᠮᠯᠡᠬᠦ ᠬᠡᠷᠡᠭᠲᠡᠢ᠂ ᠨᠢᠭᠤᠷ ᠲᠠᠯ᠎ᠠ ᠬᠠᠷᠠᠵᠤᠪᠣᠯᠬᠤ ᠦᠬᠡᠢ》᠂ ᠭᠠᠪᠢᠶ᠎ᠠ ᠵᠢᠳᠬᠦᠯ᠎ᠳᠦ ᠵᠥᠪ᠎ᠢᠶᠡᠷ ᠬᠠᠨᠳᠤᠵᠤ᠂ ᠬᠤᠪᠢᠶᠢᠨᠪᠠᠢᠷᠢᠪᠠᠨ ᠵᠥᠪ ᠲᠠᠯᠪᠢᠬᠤ ᠬᠡᠷᠡᠭᠲᠡᠢ ᠭᠡᠵᠡᠢ᠃
ᠲᠡᠭᠡᠪᠡᠯ᠂ ᠭᠠᠪᠢᠶᠠᠵᠢᠳᠬᠦᠯᠢ ᠶᠠᠭᠠᠬᠢᠵᠤ ᠦᠵᠡᠪᠡᠯ ᠵᠣᠬᠢᠬᠤ ᠪᠤᠢ? ᠴᠧᠨ ᠶᠦᠨ ᠭᠤᠷᠪᠠᠨᠬᠦᠴᠦᠨ ᠵᠦᠢᠯ᠎ᠦᠨ ᠳᠡᠰ ᠳᠠᠷᠠᠭ᠎ᠠ᠎ᠶᠢ ᠡᠷᠬᠡᠪᠰᠢ ᠵᠥᠪ ᠪᠣᠯᠭᠠᠬᠤ ᠬᠡᠷᠡᠭᠲᠡᠢ ᠭᠡᠵᠡᠢ᠄ 《ᠲᠦᠷᠦᠭᠦᠦ ᠨᠢᠭᠡ ᠨᠢ ᠠᠷᠠᠳ ᠲᠦᠮᠡᠨ᠎ᠦ ᠬᠦᠴᠦᠨ᠂ ᠬᠣᠶᠠᠳᠤᠭᠠᠷ᠎ᠨᠢ ᠨᠠᠮ᠎ᠤᠨ ᠤᠳᠤᠷᠢᠳᠤᠯᠭ᠎ᠠ᠂ ᠭᠤᠷᠪᠠᠳᠤᠭᠠᠷ ᠨᠢ ᠰᠠᠶᠢ ᠬᠤᠪᠢ ᠬᠥᠮᠥᠨ᠎ᠦ ᠡᠭᠡᠯᠵᠢ ᠪᠣᠯᠣᠨ᠎ᠠ》᠃ ᠡᠨᠡ ᠬᠦ᠌ ᠳᠡᠰ ᠳᠠᠷᠠᠭ᠎ᠠ᠎ᠶᠢ ᠥᠴᠥᠬᠡᠨ ᠴᠦ᠍ ᠲᠣᠩᠭᠣᠷᠤᠭᠤᠯᠵᠤ ᠪᠣᠯᠬᠤ ᠦᠭᠡᠢ᠂ ᠥᠴᠥᠬᠡᠨᠴᠦ᠍ ᠬᠠᠰᠢ ᠶᠠᠰᠢ ᠪᠠᠢᠵᠤ ᠪᠣᠯᠬᠤ ᠦᠭᠡᠢ᠃ ᠴᠧᠨ ᠶᠦᠨ ᠨᠠᠮ᠎ᠤᠨ ᠲᠡᠦᠬᠡ᠎ᠪᠡᠷ ᠡᠷᠬᠡᠪᠰᠢ ᠬᠤᠪᠢ ᠬᠥᠮᠥᠨ᠎ᠦ ᠪᠠᠢᠷᠢᠰᠠᠭᠤᠷᠢᠪᠠᠨ ᠵᠥᠪ ᠪᠣᠯᠭᠠᠬᠤ ᠶᠣᠰᠣ᠌ ᠤᠴᠢᠷ᠎ᠢ ᠠᠮᠢᠳᠤᠯᠢᠭ᠋᠎ᠢᠶᠠᠷ ᠲᠣᠳᠣᠷᠬᠠᠢᠯᠠᠪᠠ᠃ ᠵᠠᠩ ᠭᠦᠸᠸ ᠲᠤᠤ ᠮᠢᠩᠭᠠᠲᠦᠮᠡᠨ ᠴᠡᠷᠢᠭ᠎ᠢ ᠵᠢᠯᠤᠭᠣᠳᠴᠤ᠂ ᠬᠢᠵᠠᠭᠠᠷ ᠣᠷᠣᠨ᠎ᠤ ᠵᠠᠰᠠᠭ᠎ᠤᠨ ᠣᠷᠳᠣᠨ᠎ᠤ ᠲᠡᠷᠢᠭᠦᠯᠡᠭᠴᠢ ᠪᠣᠯᠵᠤ ᠦᠨᠭᠭᠡᠷᠡᠭᠰᠡᠨᠴᠦ᠍《ᠭᠡᠪᠡᠴᠦ ᠲᠡᠷᠡ ᠠᠷᠠᠳ ᠤᠯᠠᠨ᠎ᠠᠴᠠ ᠰᠠᠯᠬᠤ ᠦᠶ᠎ᠡ᠎ᠳᠦ᠂ ᠨᠠᠮᠠᠴᠠᠰᠠᠯᠬᠤ ᠦᠶ᠎ᠡ᠎ᠳᠦ ᠰᠣᠬᠣᠷ ᠵᠣᠭᠣᠰ ᠴᠤ᠌ ᠬᠦᠷᠬᠦ ᠦᠭᠡᠢ ᠶᠤᠮ》᠃ 《ᠲᠡᠷᠡ ᠶᠠᠪᠤᠬᠤ᠎ᠳᠠᠭᠠᠨ ᠭᠤᠤᠨᠢ ᠭᠠᠭᠴᠠᠭᠠᠷ ᠶᠠᠪᠤᠵᠦ᠂ ᠺᠠᠳ᠋ᠷᠴᠤᠳ ᠨᠢ ᠴᠥᠮ ᠲᠡᠭᠦᠨᠡᠴᠡᠰᠠᠯᠵᠤ᠂ ᠬᠠᠮᠠᠭᠠᠯᠠᠭ᠍ᠴᠢ ᠨᠢ ᠴᠦ᠍ ᠶᠠᠨ ᠠᠨ᠎ᠳᠤ ᠪᠤᠴᠠᠵᠤ ᠢᠷᠡᠭᠰᠡᠨ᠂ ᠲᠡᠷᠡ ᠭᠠᠭᠴᠠᠭᠠᠷ᠎ᠢᠶᠠᠨ ᠬᠠᠩᠰᠢᠶᠢᠨᠦᠶᠡᠶᠢᠨ ᠪᠣᠷᠣᠭᠠᠨ᠎ᠤ ᠳᠤᠮᠳᠠᠭᠤᠷ ᠶᠠᠪᠤᠴᠢᠬᠠᠪᠠ》᠃ 《ᠡᠨᠡ ᠶᠠᠪᠤᠳᠠᠯ᠎ᠢᠶᠠᠷ ᠪᠢᠳᠡ ᠰᠤᠷᠭᠠᠮᠵᠢ ᠪᠣᠯᠭᠠᠵᠤ ᠪᠣᠯᠣᠨ᠎ᠠ᠂ ᠬᠤᠪᠢ ᠬᠥᠮᠥᠨ᠎ᠦ ᠦᠢᠯᠡᠳᠦᠯᠪᠣᠯ ᠪᠠᠢᠨ᠎ᠠ᠂ ᠭᠡᠪᠡᠴᠦ ᠥᠪᠡᠷ᠎ᠢᠶᠡᠨ ᠳᠡᠩᠳᠡᠭᠦᠦ ᠶᠡᠬᠡ ᠵᠢᠱ᠌ᠢᠬᠦ ᠬᠡᠷᠡᠭ ᠦᠭᠡᠢ᠂ ᠬᠡᠨ ᠴᠦ᠍ ᠭᠡᠳ ᠠᠷᠠᠳᠲᠦᠮᠡᠨᠡᠴᠡ ᠰᠠᠯᠵᠤ᠂ ᠨᠠᠮ᠎ᠠᠴᠠ ᠰᠠᠯᠪᠠᠯ ᠨᠢᠭᠡ ᠶᠠᠪᠤᠳᠠᠯ᠎ᠢ ᠴᠤ᠌ ᠪᠦᠲᠦᠭᠡᠵᠦ ᠴᠢᠳᠠᠬᠤ ᠦᠭᠡᠢ》᠃ 《ᠪᠢᠳᠡ ᠪᠣᠯ ᠨᠠᠮ᠎ᠤᠨ ᠭᠡᠰᠢᠭᠦᠨ ᠮᠥᠨ᠂ ᠨᠠᠮᠤᠨᠤᠳᠤᠷᠢᠳᠤᠯᠭᠠ ᠳᠣᠣᠷ᠎ᠠ᠂ ᠠᠷᠠᠳ ᠤᠯᠠᠨ᠎ᠤ ᠱᠠᠭᠠᠷᠳᠠᠯᠭ᠎ᠠ᠎ᠳᠤ ᠨᠡᠢᠴᠡᠭᠦᠯᠦᠨ ᠪᠠᠭ᠎ᠠ ᠰᠠᠭ᠎ᠠ ᠠᠵᠢᠯ ᠬᠢᠵᠡᠢ᠂ᠡᠨᠡ ᠮᠡᠲᠦ᠎ᠶᠢᠨ ᠶᠠᠪᠤᠳᠠᠯ᠎ᠳᠤ ᠣᠮᠣᠷᠬᠠᠭᠯᠠᠨ ᠪᠠᠷᠳᠠᠮᠨᠠᠵᠤ ᠤᠬ᠍ᠳᠤ ᠪᠣᠯᠬᠤ ᠦᠭᠡᠢ》᠃
ᠴᠧᠨ ᠶᠦᠨ᠎ᠤ ᠦᠵᠡᠬᠦ᠎ᠪᠡᠷ᠂ ᠴᠢᠬᠤᠯᠠ ᠶᠡᠬᠡ ᠲᠡᠦᠬᠡ᠎ᠶᠢᠨ ᠡᠷᠭᠢᠯᠲᠡ᠎ᠶᠢᠨ ᠴᠠᠭ ᠦᠶ᠎ᠡ᠎ᠳᠦ᠂ᠪᠦᠬᠦ ᠨᠠᠮ᠎ᠢᠶᠠᠷ᠎ᠢᠶᠠᠨ ᠡᠷᠬᠡᠪᠰᠢ ᠬᠤᠪᠢ ᠬᠥᠮᠥᠨ᠎ᠦ ᠪᠠᠢᠷᠢ ᠰᠠᠭᠤᠷᠢ᠎ᠪᠠᠨ ᠵᠥᠪ ᠪᠠᠢᠯᠭᠠᠵᠤ᠂ ᠭᠠᠪᠢᠶ᠎ᠠ ᠵᠢᠳᠬᠦᠯᠳᠦᠵᠥᠪᠢᠶᠡᠷ ᠬᠠᠨᠳᠤᠵᠤ᠂ ᠬᠦᠴᠦᠷᠬᠡᠭ ᠶᠡᠬᠡ ᠬᠦᠴᠦᠨ᠎ᠢ ᠨᠢᠭ᠍ᠲᠠᠷᠠᠭᠤᠯᠬᠤ ᠬᠡᠷᠡᠭᠲᠡᠢ᠃ ᠲᠡᠷᠡ᠂ ᠳᠡᠯᠡᠬᠡᠢᠶᠢᠨᠶᠡᠬᠡ ᠬᠠᠨᠳᠤᠰᠢ᠂ ᠳᠤᠮᠳᠠᠳᠤ ᠤᠯᠤᠰ᠎ᠤᠨ ᠶᠡᠬᠡ ᠬᠠᠨᠳᠤᠰᠢ᠎ᠶᠢ ᠦᠨᠳᠦᠰᠦᠯᠡᠪᠡᠯ᠂ ᠪᠢᠳᠡ ᠰᠢᠢᠳᠪᠦᠷᠢᠲᠦ ᠪᠠᠢᠯᠳᠤᠭᠠᠨᠬᠢᠬᠦᠶᠢᠨ ᠤᠭᠳᠤᠯᠤᠨ ᠦᠶ᠎ᠡ᠎ᠳᠦ ᠣᠷᠣᠰᠢᠵᠤ ᠪᠠᠢᠨ᠎ᠠ᠃ ᠪᠢᠳᠡᠨ᠎ᠳᠦ ᠪᠦᠬᠦ ᠳᠤᠮᠳᠠᠳᠤ ᠤᠯᠤᠰ᠎ᠢ ᠴᠢᠯᠦᠭᠡᠯᠡᠵᠦ᠂ᠪᠦᠬᠦ ᠳᠤᠮᠳᠠᠳᠤ ᠤᠯᠤᠰ᠎ᠤᠨ ᠠᠷᠠᠳ ᠲᠦᠮᠡᠨ᠎ᠢ ᠪᠣᠰᠣᠯᠴᠠᠭᠤᠯᠤᠨ ᠵᠠᠰᠠᠭ᠎ᠤᠨ ᠡᠷᠬᠡ᠎ᠶᠢ ᠭᠠᠷ᠎ᠲᠠᠭᠠᠨ ᠠᠳᠬᠤᠭᠤᠯᠬᠤᠭᠡᠰᠡᠨ ᠬᠦᠰᠡᠯ ᠵᠣᠷᠢᠯᠲᠠ ᠪᠠᠢᠨ᠎ᠠ᠃ ᠪᠦᠬᠦ ᠨᠠᠮ᠎ᠤᠨ ᠤᠳᠦ᠎ᠶᠢᠨ ᠡᠭᠦᠷᠭᠡ ᠪᠣᠯ ᠬᠦᠴᠦᠨ᠎ᠢᠶᠡᠨ ᠨᠡᠮᠡᠭᠳᠡᠭᠦᠯᠬᠦᠶᠠᠪᠤᠳᠠᠯ ᠪᠣᠯᠣᠨ᠎ᠠ᠃ 《ᠬᠡᠷᠪᠡ ᠮᠠᠨᠤᠨᠥᠬᠥᠳ ᠴᠥᠮ ᠰᠡᠳᠬᠢᠯ ᠰᠠᠨᠠᠭ᠎ᠠ᠎ᠪᠠᠨ ᠲᠤᠢᠯ᠎ᠤᠨ ᠲᠥᠪ ᠪᠣᠯᠭᠠᠵᠤ᠂ ᠲᠤᠢᠯᠵᠢᠡᠷ ᠦᠨᠡᠨ᠎ᠡᠴᠡ ᠵᠥᠪ᠎ᠢ ᠡᠷᠢᠵᠦ᠂ᠥᠴᠥᠬᠡᠨ ᠴᠦ᠍ ᠬᠤᠪᠢᠨᠴᠢᠷ ᠦᠵᠡᠯ ᠦᠭᠡᠢ ᠶᠤᠮ ᠪᠣᠯ ᠠᠷᠪᠠᠨ ᠲᠦᠮᠡᠨ ᠴᠡᠷᠢᠭ᠂ ᠵᠠᠭᠤᠨ ᠲᠦᠮᠡᠨ ᠴᠡᠷᠢᠭ᠎ᠲᠠᠢ ᠲᠡᠩᠴᠡᠨ᠎ᠡ᠂ᠡᠨᠡ ᠪᠣᠯ ᠢᠯᠠᠭᠳᠠᠰᠢ ᠦᠭᠡᠢ ᠬᠦᠴᠦᠨ ᠮᠥᠨ》 ᠭᠡᠵᠦ ᠵᠢᠭᠠᠵᠤ ᠭᠠᠷᠭᠠᠭᠰᠠᠨᠪᠢᠯᠡ᠃
ᠥᠨᠥᠳᠥᠷ ᠪᠢᠳᠡ ᠳᠤᠮᠳᠠᠳᠤ ᠶ᠋ᠢᠨ ᠦᠨᠳᠦᠰᠦᠲᠡᠨᠦᠠᠭᠤᠤ ᠶᠡᠬᠡ ᠰᠡᠷᠭᠦᠨ ᠮᠠᠨᠳᠤᠯᠲᠠ ᠶ᠋ᠢᠨ ᠬᠠᠷᠠᠯᠲᠠᠳᠤᠲᠡᠦᠬᠡ ᠶ᠋ᠢᠨ ᠠᠯᠢ ᠴᠤ᠌ ᠦᠶ᠎ᠡ᠎ᠡᠴᠡ ᠢᠯᠡᠭᠦᠦ ᠣᠶ᠋ᠢᠷᠠᠳᠴᠤ᠂ ᠥᠷᠭᠡᠨ ᠤᠯᠠᠨ ᠨᠠᠮ᠎ᠤᠨ ᠭᠡᠰᠢᠭᠦᠨ ᠺᠠᠳ᠋ᠷᠴᠤᠳᠴᠧᠨ ᠶᠦᠨ ᠵᠡᠷᠭᠡ ᠠᠬᠠᠮᠠᠳ ᠨᠢᠭᠡ ᠦᠶ᠎ᠡ᠎ᠶᠢᠨ ᠬᠤᠪᠢᠰᠬᠠᠯᠴᠢᠳ᠎ᠠᠴᠠ ᠰᠤᠷᠤᠯᠴᠠᠵᠤ᠂ ᠠᠮᠵᠢᠯᠲᠠ᠎ᠪᠠᠨ ᠪᠤᠰᠤᠳᠴᠢᠪᠠᠷᠲᠠᠨᠢᠵᠤ᠂ ᠭᠠᠪᠢᠶ᠎ᠠ ᠵᠢᠳᠬᠦᠯ᠎ᠳᠡᠭᠡᠨ ᠵᠥᠪ᠎ᠢᠶᠡᠷ ᠬᠠᠨᠳᠤᠵᠤ᠂ 《ᠭᠠᠪᠢᠶ᠎ᠠ ᠵᠢᠳᠬᠦᠯ ᠮᠢᠨᠤ ᠳᠡᠭᠡᠷ᠎ᠡ ᠪᠠᠢᠬᠤ ᠪᠢᠰᠢ》 ᠭᠡᠰᠡᠨ ᠢᠳᠡᠪᠬᠢᠲᠡᠢ ᠣᠪᠣᠷ᠎ᠢᠶᠠᠷ᠂ ᠬᠦᠴᠦᠯᠡᠨ ᠴᠢᠷᠮᠠᠢᠵᠤ ᠦᠢᠯᠡᠰ ᠪᠦᠲᠦᠭᠡᠬᠦ ᠤᠶᠤᠨᠰᠠᠨᠠᠭᠠᠨᠤ ᠳᠦᠷᠰᠦ ᠪᠠᠢᠳᠠᠯ᠎ᠢᠶᠠᠷ ᠠᠭᠤᠤ ᠶᠡᠬᠡ ᠲᠡᠮᠡᠴᠡᠯ ᠬᠢᠵᠦ᠂ ᠠᠭᠤᠤ ᠶᠡᠬᠡ ᠢᠨᠵᠧᠨᠧᠷᠢᠩ᠎ᠢ ᠪᠦᠲᠦᠭᠡᠨᠪᠠᠢᠭᠤᠯᠵᠤ᠂ ᠠᠭᠤᠤ ᠶᠡᠬᠡ ᠦᠢᠯᠡᠰ᠎ᠢ ᠲᠦᠯᠬᠢᠨ ᠠᠬᠢᠭᠤᠯᠵᠤ᠂ ᠠᠭᠤᠤ ᠶᠡᠬᠡ ᠬᠦᠰᠡᠯ ᠵᠡᠭᠦᠳᠦ ᠪᠡᠨ ᠪᠡᠶᠡᠯᠡᠭᠦᠯᠬᠦᠬᠡᠷᠡᠭᠲᠡᠢ᠃
ᠢᠷᠡᠯᠳᠡ᠄ 《ᠡᠪ ᠬᠠᠮᠲᠤ ᠨᠠᠮᠤᠨᠬᠡᠰᠢᠬᠦᠨᠤ ᠮᠡᠳᠡᠬᠦ ᠶᠤᠰᠤᠳᠠᠢ ᠨᠠᠮ᠎ᠤᠨ ᠲᠡᠤᠬᠡ ᠵᠢᠨ ᠵᠢᠵᠢᠭ ᠦᠯᠢᠭᠡᠷ ᠤᠳ》
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃