2022-11-23 19:41:58
1952 ᠣᠨ᠎ᠤ 6 ᠰᠠᠷ᠎ᠠ᠎ᠳᠤ ᠬᠤᠪᠧᠢ ᠮᠤᠵᠢ᠎ᠶᠢᠨ ᠨᠠᠮ᠎ᠤᠨ ᠬᠣᠷᠢᠶᠠᠨ᠎ᠤ ᠳᠥᠷᠪᠡᠳᠦᠭᠡᠷ ᠤᠳᠠᠭᠠᠨᠤᠵᠣᠬᠢᠶᠠᠨ ᠪᠠᠶ᠋ᠢᠭᠤᠯᠬᠤ ᠠᠵᠢᠯ᠎ᠤᠨ ᠬᠤᠷᠠᠯ ᠳᠡᠭᠡᠷ᠎ᠡ ᠯᠢ ᠰᠢᠶᠠᠨ ᠨᠢᠶᠠᠨ᠄ 《ᠪᠢᠳᠡ ᠬᠣᠢᠰᠢᠳᠠ ᠺᠠᠳ᠋ᠷ᠎ᠢ ᠦᠵᠡᠬᠦ᠎ᠳᠡᠭᠡᠨ 〈ᠮᠣᠷᠠᠯ ᠴᠢᠳᠠᠪᠤᠷᠢ᠎ᠶᠢ ᠵᠡᠷᠭᠡ᠎ᠪᠡᠷ ᠴᠢᠬᠤᠯᠠᠴᠢᠯᠠᠬᠤ〉 ᠵᠠᠷᠴᠢᠮ᠎ᠢ ᠦᠨᠳᠦᠰᠦᠯᠡᠨ ᠡᠷᠬᠡᠪᠰᠢ᠄ ᠨᠢᠭᠡ ᠳ᠋ᠦ᠂ ᠲᠡᠦᠬᠡ᠎ᠪᠡᠷ ᠴᠢᠬᠤᠯᠠ ᠯᠠᠪᠯᠠᠯᠲᠠᠪᠣᠯᠭᠠᠵᠤ᠂ ᠭᠣᠣᠯᠳᠠᠭᠤ ᠣᠳᠣᠬᠢ᠎ᠶᠢ ᠦᠵᠡᠬᠦ ᠬᠡᠷᠡᠭᠲᠡᠢ᠃ ᠬᠣᠶᠠᠷ ᠲᠦ᠍᠂ ᠵᠥᠪᠬᠡᠨ ᠲᠤᠬᠠᠢᠯᠠᠭᠰᠠᠨ ᠠᠵᠢᠯ᠎ᠢ᠎ᠨᠢ ᠦᠵᠡᠬᠦ ᠪᠢᠰᠢ᠂ ᠬᠡᠨ᠎ᠳᠦ ᠦᠢᠯᠡᠴᠢᠯᠡᠬᠦ᠎ᠶᠢ ᠨᠢ ᠦᠵᠡᠬᠦ ᠬᠡᠷᠡᠭᠲᠡᠢ᠃ ᠭᠤᠷᠪᠠ ᠳ᠋ᠦ᠂ ᠵᠠᠷᠯᠢᠭ᠋ ᠵᠠᠬᠢᠶᠠᠶᠢᠳᠠᠭᠠᠬᠤ ᠵᠢ ᠯᠠ ᠦᠵᠡᠬᠦ ᠪᠢᠰᠢ᠂ ᠬᠠᠷᠢᠨ ᠡᠭᠦᠷᠭᠡᠯᠡᠵᠦ ᠴᠢᠳᠠᠬᠤ ᠡᠰᠡᠬᠦ᠎ᠶᠢ ᠨᠢ ᠦᠵᠡᠬᠦ ᠬᠡᠷᠡᠭᠲᠡᠢ》 ᠬᠡᠪᠡ᠃ᠡᠨᠡ ᠨᠢ ᠲᠡᠭᠦᠨ᠎ᠦ ᠺᠠᠳ᠋ᠷ᠎ᠢ ᠬᠥᠮᠥᠵᠢᠭᠦᠯᠬᠦ ᠪᠠ ᠱᠠᠭᠠᠷᠳᠠᠬᠤ ᠵᠠᠷᠴᠢᠮ ᠪᠣᠯᠬᠤ᠎ᠪᠠᠷ ᠪᠠᠷᠠᠬᠤ ᠦᠭᠡᠢ᠂ ᠨᠡᠩᠴᠤ᠌ ᠲᠡᠭᠦᠨ᠎ᠦ ᠪᠣᠳᠠᠲᠠᠢ ᠠᠵᠢᠯ᠎ᠤᠨ ᠳᠤᠮᠳᠠ᠎ᠪᠠᠨ ᠢᠮᠠᠭᠲᠠ ᠦᠢᠯᠡᠳᠦᠯᠭᠡᠵᠢᠭᠦᠯᠦᠭᠰᠡᠨ ᠠᠮᠠᠯᠠᠯᠲᠠ ᠪᠣᠯᠣᠨ᠎ᠠ᠃
《〈ᠮᠣᠷᠠᠯ〉 ᠭᠡᠳᠡᠭ᠎ᠨᠢ ᠶᠠᠭᠤ ᠪᠤᠢ? ᠳᠡᠭᠡᠳᠦ ᠬᠡᠮᠵᠢᠶᠡᠨ᠎ᠦ ᠦᠪᠡᠷ᠎ᠤᠨ ᠤᠬᠠᠮᠰᠠᠷ᠎ᠡᠴᠡ ᠪᠡᠨ ᠠᠷᠠᠳ ᠲᠦᠮᠡᠨ᠎ᠳᠦ ᠦᠢᠯᠡᠴᠢᠯᠡᠬᠦᠪᠤᠯᠤᠨᠠ》᠃ ᠯᠢ ᠰᠢᠶᠠᠨ ᠨᠢᠶᠠᠨ ᠠᠷᠠᠳ ᠲᠦᠮᠡᠨ᠎ᠦ ᠵᠣᠪᠠᠭᠤᠷᠢ ᠵᠦᠳᠡᠭᠦᠷᠢ᠎ᠶᠢ ᠢᠮᠠᠭᠲᠠ ᠴᠢᠬᠤᠯᠠᠴᠢᠯᠠᠵᠤ᠂ᠤᠯᠠᠨ ᠲᠦᠮᠡᠨ᠎ᠦ ᠳᠤᠮᠳᠠ ᠭᠦᠨᠵᠡᠭᠡᠢᠷᠡᠵᠦ᠂ ᠠᠷᠠᠳ᠎ᠤᠨ ᠪᠠᠢᠳᠠᠯ᠎ᠢ ᠣᠢᠯᠠᠭᠠᠵᠤ᠂ ᠠᠷᠠᠳ ᠲᠦᠮᠡᠨ᠎ᠦ ᠬᠦᠴᠢᠷ ᠵᠣᠪᠠᠭᠤᠷᠢᠶᠢᠰᠢᠢᠳᠪᠦᠷᠢᠯᠡᠵᠦ ᠥᠭᠬᠦ᠎ᠶᠢ ᠵᠣᠷᠢᠭ᠍ᠰᠠᠭᠠᠷ ᠢᠷᠡᠵᠠᠢ᠃ 1952ᠣᠨ᠎ᠳᠤ᠂ ᠯᠢ ᠰᠢᠶᠠᠨ ᠨᠢᠶᠠᠨ ᠬᠤᠪᠧᠢ ᠵᠢᠨ ᠮᠢᠶᠠᠨ ᠶᠠᠩ ᠰᠢᠶᠠᠨ᠎ᠤ 17 ᠨᠠᠰᠤᠲᠠᠢ ᠬᠥᠳᠡᠭᠡ ᠵᠢᠨ ᠪᠦᠰᠡᠭᠦᠢ ᠮᠢᠨ ᠴᠢᠤᠸᠠᠨᠬᠦᠢᠵᠢᠨᠵᠠᠬᠢᠳᠠᠯᠢ ᠳᠤᠰᠪᠠ᠂ ᠳᠡᠷᠡ ᠵᠠᠬᠢᠳᠠᠯ᠎ᠳᠠᠭᠠᠨ ᠮᠢᠶᠠᠨ ᠶᠠᠩ᠂ ᠬᠣᠩ ᠬᠤ᠌ ᠬᠣᠶᠠᠷ ᠰᠢᠶᠠᠨ᠎ᠤ ᠰᠢᠭᠦᠬᠦᠬᠣᠷᠢᠶᠠ ᠲᠡᠭᠦᠨ᠎ᠦ ᠤᠷᠤᠭ ᠰᠠᠯᠬᠤ ᠬᠡᠷᠡᠭᠢᠬᠠᠷᠢᠯᠴᠠᠨ ᠲᠦᠯᠬᠢᠯᠴᠡᠪᠡ ᠭᠡᠵᠠᠢ᠃ ᠯᠢ ᠰᠢᠶᠠᠨ ᠨᠢᠶᠠᠨ ᠵᠠᠬᠢᠳᠠᠯᠢᠣᠯᠣᠭᠰᠠᠨᠤ ᠳᠠᠷᠠᠭ᠎ᠠ ᠦᠪᠡᠷ᠎ᠢᠶᠡᠨ ᠴᠣᠬᠣᠯᠠᠪᠤᠷᠢ ᠬᠢᠵᠦ᠂ ᠬᠣᠯᠪᠣᠭᠳᠠᠯ ᠪᠦᠬᠦᠢ ᠰᠠᠯᠠᠭ᠎ᠠ ᠮᠥᠴᠢᠷ᠎ᠢ ᠨᠠᠷᠢᠨᠬᠢᠨᠠᠮᠠᠭᠠᠢ ᠰᠢᠢᠳᠪᠦᠷᠢᠯᠡᠬᠦ ᠬᠡᠷᠡᠭᠲᠡᠢ ᠭᠡᠵᠦ ᠵᠠᠷᠯᠢᠭ᠍ᠳᠠᠭᠰᠠᠨ ᠪᠥᠭᠡᠳ ᠤᠴᠢᠷ ᠶᠠᠪᠤᠳᠠᠯ᠎ᠤᠨ ᠠᠬᠢᠴᠠᠶᠢᠨᠢᠭ᠍ᠲᠠ ᠠᠩᠬᠠᠷᠤᠭᠰᠠᠨ ᠪᠠᠢᠨ᠎ᠠ᠃ ᠡᠴᠦᠰ᠎ᠲᠡᠬᠡᠨ ᠮᠢᠨ ᠴᠢᠤᠸᠠᠨ ᠬᠦᠢ᠎ᠶᠢᠨ ᠤᠷᠤᠭ ᠰᠠᠯᠬᠤ ᠬᠡᠷᠡᠭ ᠲᠣᠬᠢᠲᠠᠢᠰᠢᠢᠳᠪᠦᠷᠢᠯᠡᠭᠳᠡᠵᠡᠢ᠂ ᠲᠡᠷᠡ ᠤᠷᠤᠭ᠎ᠤᠨ ᠡᠷᠬᠡ ᠴᠢᠯᠦᠭᠡ᠎ᠶᠢ ᠣᠯᠣᠭᠰᠠᠨ᠎ᠤ ᠳᠠᠷᠠᠭ᠎ᠠ ᠲᠤᠰᠬᠠᠢᠯᠠᠨ ᠯᠢ ᠰᠢᠶᠠᠨᠨᠢᠶᠠᠨ ᠪᠣᠯᠣᠨ ᠠᠷᠠᠳ᠎ᠤᠨ ᠵᠠᠰᠠᠭ᠎ᠤᠨ ᠣᠷᠳᠣᠨ᠎ᠳᠤ ᠵᠠᠬᠢᠳᠠᠯ ᠪᠢᠴᠢᠵᠦ ᠲᠠᠯᠠᠷᠬᠠᠭᠰᠠᠨ ᠪᠥᠭᠡᠳ 32 ᠵᠢᠯ᠎ᠦᠨ ᠳᠠᠷᠠᠭ᠎ᠠ 《ᠬᠤᠪᠧᠢ ᠵᠢᠨ ᠡᠳᠦᠷ᠎ᠦᠨ ᠰᠣᠨᠢᠨ》ᠳ᠋ᠦ ᠵᠠᠬᠢᠳᠠᠯ ᠪᠢᠴᠢᠵᠦ ᠳᠠᠬᠢᠨᠲᠠ ᠲᠠᠯᠠᠷᠬᠠᠵᠤ ᠪᠠᠢᠬᠤᠪᠠᠨᠢᠯᠡᠳᠬᠡᠵᠡᠢ᠃ 《ᠬᠤᠪᠧᠢ ᠵᠢᠨ ᠡᠳᠦᠷ᠎ᠦᠨ ᠰᠣᠨᠢᠨ》 ᠤ 《ᠤᠯᠠᠨ ᠲᠦᠮᠡᠨ᠎ᠦ ᠬᠦᠷᠢᠶᠡᠯᠡᠩ》 ᠪᠤᠯᠤᠩ ᠴᠤ᠌ ᠯᠢ ᠰᠢᠶᠠᠨᠨᠢᠶᠠᠨᠤ ᠡᠳᠦᠷ ᠪᠦᠷᠢ᠎ᠶᠢᠨ ᠵᠠᠪᠠᠯ ᠦᠵᠡᠬᠦ ᠠᠭᠤᠯᠭ᠎ᠠ ᠮᠥᠨ᠂ ᠲᠡᠷᠡ ᠤᠯᠠᠨ ᠲᠦᠮᠡᠨ᠎ᠦ ᠰᠤᠨᠢᠨ ᠳᠡᠭᠡᠷ᠎ᠠ ᠲᠤᠰᠬᠠᠭᠰᠠᠨᠠᠰᠠᠭᠤᠳᠠᠯ ᠪᠠ ᠰᠠᠨᠠᠯ᠎ᠢ ᠴᠠᠭ ᠲᠤᠬᠠᠢ ᠳ᠋ᠤᠨᠢ ᠰᠢᠢᠳᠪᠦᠷᠢᠯᠡᠵᠦ᠂ ᠪᠠᠰᠠ ᠡᠯ᠎ᠡ ᠱᠠᠲᠤᠨ᠎ᠤ ᠺᠠᠳ᠋ᠷᠴᠤᠳ᠎ᠢ 《ᠰᠣᠨᠢᠨᠦᠵᠡᠬᠦᠶᠢ ᠠᠩᠬᠠᠷᠬᠤ᠎ᠶᠢᠨ ᠬᠠᠮᠲᠤ ᠤᠩᠰᠢᠭ᠍ᠴᠢᠳ᠎ᠤᠨ ᠢᠷᠡᠭᠦᠯᠦᠭᠰᠡᠨ ᠵᠠᠬᠢᠳᠠᠯ᠎ᠢ ᠴᠦ᠍ ᠠᠩᠬᠠᠷᠬᠤ ᠬᠡᠷᠡᠭᠲᠡᠢ》 ᠭᠡᠵᠦ ᠱᠠᠭᠠᠷᠳᠠᠵᠠᠢ᠃
《〈ᠴᠢᠳᠠᠪᠤᠷᠢ〉 ᠭᠡᠳᠡᠭ᠎ᠨᠢ ᠶᠠᠭᠤ ᠪᠤᠢ? ᠠᠰᠠᠭᠤᠳᠠᠯ᠎ᠢ ᠢᠯᠡᠷᠡᠭᠦᠯᠵᠦ᠂ ᠠᠰᠠᠭᠤᠳᠠᠯ᠎ᠢ ᠳᠤᠷᠠᠳᠴᠤ᠂ ᠠᠰᠠᠭᠤᠳᠠᠯ᠎ᠢ ᠰᠢᠢᠳᠪᠦᠷᠢᠯᠡᠬᠦᠪᠦᠬᠡᠳ ᠦᠨᠡᠨ᠎ᠡᠴᠡ ᠵᠥᠪ᠎ᠢ ᠡᠷᠢᠬᠦ ᠤᠴᠢᠷ ᠪᠤᠯᠤᠨ᠎ᠠ᠃ ᠡᠨᠡ ᠬᠦ᠌ ᠶᠠᠪᠤᠴᠠ᠎ᠳᠤ ᠬᠦᠴᠢᠷᠳᠡᠯ ᠲᠤᠯᠭᠠᠷᠠᠪᠠᠯ ᠳᠠᠷᠤᠤᠬᠢᠴᠢᠶᠡᠩᠭᠦᠢᠪᠡᠷ ᠰᠤᠷᠤᠯᠴᠠᠵᠤ᠂ ᠡᠷᠳᠡᠮ ᠴᠢᠳᠠᠪᠤᠷᠢ᠎ᠪᠠᠨ ᠨᠡᠮᠡᠭᠳᠡᠭᠦᠯᠦᠨ᠂ ᠠᠵᠢᠯ᠎ᠢᠶᠠᠨ ᠰᠠᠢᠨ ᠬᠢᠵᠦ ᠳᠡᠶ᠋ᠢᠯᠬᠦᠬᠡᠷᠡᠭᠲᠡᠢ》᠃ 1954 ᠣᠨ᠎ᠤ 9ᠰᠠᠷ᠎ᠠ᠎ᠳᠤ᠂ ᠯᠢ ᠰᠢᠶᠠᠨ ᠨᠢᠶᠠᠨ ᠲᠦᠷᠦ᠎ᠶᠢᠨ ᠶᠠᠪᠤᠳᠠᠯ᠎ᠤᠨ ᠬᠣᠷᠢᠶᠠᠨ᠎ᠤ ᠳᠡᠳ᠋ᠶᠡᠷᠦᠩᠬᠡᠢ ᠰᠠᠢᠳ ᠪᠥᠭᠡᠳ ᠡᠳ᠋᠎ᠦᠨ ᠵᠠᠰᠠᠭ᠎ᠤᠨ ᠶᠠᠮᠤᠨ᠎ᠤ ᠰᠠᠢᠳ᠎ᠢᠶᠠᠷ ᠲᠣᠮᠢᠯᠠᠭᠳᠠᠪᠠ᠂ ᠡᠨᠡ ᠬᠦ᠌ ᠵᠠᠩᠵᠤᠨᠡᠳ᠋ᠦᠨ ᠶᠠᠪᠤᠳᠠᠯ᠎ᠢ ᠬᠠᠮᠢᠶᠠᠷᠬᠤ ᠬᠦᠨᠳᠦ ᠡᠭᠦᠷᠭᠡ᠎ᠶᠢ ᠡᠭᠦᠷᠭᠡᠯᠡᠬᠦ ᠪᠣᠯᠤᠭᠰᠠᠨ᠎ᠳᠠᠭᠠᠨ ᠶᠡᠬᠡ ᠳᠠᠷᠤᠭᠠᠰᠤᠲᠠᠢᠰᠠᠨᠠᠭᠳᠠᠪᠠ᠃ ᠬᠡᠳᠦᠢᠪᠡᠷ ᠲᠦᠷᠦᠭᠦᠦ ᠬᠡᠳᠦᠨ ᠵᠢᠯ ᠣᠷᠣᠨ ᠨᠤᠲᠤᠭ᠎ᠲᠤ ᠠᠵᠢᠯᠯᠠᠵᠤ᠂ ᠠᠵᠤ ᠠᠬᠤᠢ᠎ᠶᠢ ᠤᠳᠤᠷᠢᠳᠬᠤᠲᠤᠷᠰᠢᠯᠭᠠ ᠵᠢ ᠬᠤᠷᠠᠮᠳᠤᠭᠤᠯᠤᠭᠰᠠᠨ ᠪᠣᠯᠪᠠᠴᠤ᠂ ᠪᠦᠬᠦ ᠤᠯᠤᠰ᠎ᠤᠨ ᠡᠳ᠋᠎ᠦᠨ ᠵᠠᠰᠠᠭ ᠠᠵᠤ ᠠᠬᠤᠢ᠎ᠶᠢᠨ ᠠᠵᠢᠯᠤᠨᠡᠮᠦᠨᠡ᠂ ᠲᠡᠷᠡ ᠴᠢᠳᠠᠪᠤᠷᠢ ᠮᠡᠬᠦᠰᠳᠡᠵᠦ᠂ ᠡᠭᠦᠷᠭᠡᠯᠡᠵᠦ ᠳᠡᠶ᠋ᠢᠯᠬᠦ ᠦᠭᠡᠢ᠎ᠡᠴᠡ ᠯᠡ ᠠᠶᠤᠵᠤ ᠪᠠᠢᠪᠠ᠃ ᠤᠯᠠᠨᠲᠠᠯᠠᠶᠢᠨ ᠬᠢᠨ ᠶᠠᠷᠢᠯᠴᠠᠭᠰᠠᠨ᠎ᠤ ᠳᠠᠷᠠᠭ᠎ᠠ᠂ ᠲᠡᠷᠡ ᠡᠷᠡᠰ ᠰᠢᠭᠤᠷᠬᠠᠢ᠎ᠪᠠᠷ ᠵᠠᠷᠯᠢᠭ᠋ ᠳᠠᠭᠠᠵᠤ᠂ ᠬᠦᠴᠢᠷᠢᠰᠥᠷᠦᠨ ᠤᠷᠤᠭᠰᠢᠯᠠᠪᠠ᠃ ᠮᠠᠰᠢ ᠣᠯᠠᠨ ᠶᠠᠪᠤᠳᠠᠯ᠎ᠢ ᠲᠡᠷᠡ ᠳᠠᠷᠤᠤ ᠬᠢᠴᠢᠶᠡᠩᠭᠦᠢ ᠪᠡᠷ ᠡᠬᠢᠨ᠎ᠡᠴᠡ ᠨᠢ ᠰᠤᠷᠴᠤ᠂ᠠᠵᠢᠯ᠎ᠤᠨ ᠳᠤᠮᠳᠠ᠎ᠪᠠᠨ ᠪᠦᠯᠬᠦᠮᠳᠡᠯ᠎ᠢ ᠡᠷᠬᠢᠮᠯᠠᠨ᠂ ᠬᠠᠮᠲᠤ ᠠᠵᠢᠯᠲᠠᠨ᠎ᠢᠶᠠᠨ ᠬᠦᠨᠳᠦᠳᠬᠡᠵᠦ᠂ ᠬᠠᠮᠲᠤᠶᠢᠨᠣᠶᠤᠨ ᠤᠬᠠᠭᠠᠨ᠎ᠢ ᠭᠦᠢᠴᠡᠳ ᠪᠠᠳᠠᠷᠠᠭᠤᠯᠳᠠᠭ᠃ ᠡᠳ᠋᠎ᠦᠨ ᠵᠠᠰᠠᠭ ᠠᠵᠤ ᠠᠬᠤᠢ᠎ᠶᠢᠨ ᠠᠵᠢᠯ᠎ᠢ ᠤᠳᠠᠭᠠᠨ ᠵᠢᠯ ᠬᠢᠭᠰᠡᠨᠳ᠋ᠤᠸᠠᠨ ᠶᠦᠨ ᠬᠣᠵᠢᠮ ᠨᠢ ᠡᠷᠭᠢᠴᠡᠭᠦᠯᠬᠦ᠎ᠳᠡᠭᠡᠨ᠂ ᠯᠢ ᠰᠢᠶᠠᠨ ᠨᠢᠶᠠᠨ 《ᠠᠭᠤᠳᠠᠮᠴᠢ ᠵᠠᠩ᠎ᠲᠠᠢ᠂ ᠪᠤᠰᠤᠤᠨ᠎ᠡᠴᠡ ᠬᠢᠴᠢᠶᠡᠡᠭᠭᠦᠢᠯᠡᠨ ᠠᠰᠠᠭᠤᠵᠤ᠂ ᠮᠠᠤ ᠲᠡᠷᠢᠭᠦᠯᠡᠭᠴᠢ᠎ᠶᠢᠨ ᠬᠡᠯᠡᠭᠰᠡᠨ ᠰᠢᠭ ᠵᠢᠡᠷ ᠮᠡᠷᠭᠡᠰᠢᠭᠰᠡᠨ ᠬᠥᠮᠥᠨᠪᠦᠬᠦᠨ ( ᠶᠠᠮᠠᠷ ᠬᠥᠮᠥᠨ ᠴᠦ᠍ ᠪᠣᠯᠣᠭ ) ᠡᠴᠡ ᠠᠵᠤ ᠠᠬᠤᠢ᠎ᠶᠢᠨ ᠠᠵᠢᠯ ᠰᠤᠷᠴᠤ᠂ ᠡᠨᠡ ᠲᠠᠯᠠᠶᠢᠨᠦᠯᠡᠮᠵᠢ ᠮᠡᠳᠡᠯᠭᠡ᠎ᠶᠢ ᠮᠠᠰᠢ ᠲᠦᠷᠭᠡᠨ ᠡᠵᠡᠮᠰᠢᠵᠡᠢ》 ᠭᠡᠪᠡ᠃ ᠯᠢ ᠰᠢᠶᠠᠨ ᠨᠢᠶᠠᠨ ᠡᠳ᠋᠎ᠦᠨ ᠵᠠᠰᠠᠭ᠎ᠤᠨ ᠶᠠᠮᠤᠨᠤᠰᠠᠢᠳᠤᠨ ᠲᠤᠰᠢᠶᠠᠯ᠎ᠢ 22 ᠵᠢᠯᠬᠠᠷᠢᠭᠤᠴᠠᠵᠤ᠂ ᠠᠩᠬ᠎ᠠ ᠡᠬᠢᠯᠡᠬᠦ ᠳ᠋ᠡᠭᠡᠨ 《ᠴᠢᠳᠠᠪᠤᠷᠢ᠎ᠶᠢᠨ ᠮᠡᠬᠦᠰᠳᠡᠯ ᠲᠠᠢ》 ᠪᠠᠢᠭᠰᠠᠨ᠎ᠠᠴᠠ᠎ᠪᠠᠨ ᠡᠴᠦᠰᠲᠡᠬᠡᠨᠪᠦᠬᠦ ᠨᠠᠮᠵᠢᠡᠷ ᠵᠢᠡᠨ ᠰᠠᠢᠨ ᠮᠡᠳᠡᠳᠡᠭ ᠴᠠᠭᠠᠷᠠᠭᠰᠠᠨ ᠲᠤᠰᠬᠠᠢ ᠮᠡᠷᠭᠡᠵᠢᠯᠲᠡᠨ ᠪᠣᠯᠪᠠ᠃
ᠠᠷᠠᠳᠲᠦᠮᠡᠨᠳᠦ ᠦᠢᠯᠡᠴᠢᠯᠡᠬᠦ ᠳᠤᠮᠳᠠ 《ᠮᠣᠷᠠᠯ》 ᠲᠠᠢ ᠪᠣᠯᠵᠤ᠂ ᠡᠷᠳᠡᠮ ᠴᠢᠳᠠᠪᠤᠷᠢ᠎ᠪᠠᠨ ᠨᠡᠮᠡᠭᠳᠡᠭᠦᠯᠬᠦ ᠳᠤᠮᠳᠠ 《ᠴᠢᠳᠠᠪᠤᠷᠢ》 ᠲᠠᠢᠪᠣᠯᠵᠤ᠂ 《ᠮᠣᠷᠠᠯ ᠴᠢᠳᠠᠪᠤᠷᠢ᠎ᠶᠢ ᠵᠡᠷᠭᠡ᠎ᠪᠡᠷ ᠴᠢᠬᠤᠯᠠᠴᠢᠯᠠᠬᠤ》 ᠪᠣᠯ ᠯᠢ ᠰᠢᠶᠠᠨ ᠨᠢᠶᠠᠨ᠎ᠤ ᠨᠠᠮ᠎ᠤᠨ ᠭᠡᠰᠢᠭᠦᠨᠺᠠᠳ᠋ᠷᠴᠤᠳᠲᠤ ᠲᠠᠯᠪᠢᠭ᠍ᠰᠠᠨ ᠱᠠᠭᠠᠷᠳᠠᠯᠭ᠎ᠠ ᠮᠥᠨ᠂ ᠮᠦᠨ ᠴᠤ᠌ ᠲᠡᠭᠦᠨ᠎ᠦ ᠨᠠᠰᠤᠨ ᠲᠤᠷᠰᠢᠲᠠ ᠴᠥᠬᠥᠷᠡᠰᠢ ᠦᠭᠡᠢᠬᠥᠭᠡᠭᠡᠴᠡᠯᠳᠦᠭᠰᠡᠨ ᠬᠠᠷᠠᠯᠲᠠ ᠮᠥᠨ᠃
ᠢᠷᠡᠯᠳᠡ᠄ 《ᠡᠪ ᠬᠠᠮᠲᠤ ᠨᠠᠮᠤᠨᠬᠡᠰᠢᠬᠦᠨᠤ ᠮᠡᠳᠡᠬᠦ ᠶᠤᠰᠤᠳᠠᠢ ᠨᠠᠮ ᠤᠨ ᠲᠡᠤᠬᠡ ᠵᠢᠨ ᠵᠢᠵᠢᠭ ᠦᠯᠢᠭᠡᠷ᠎ᠤᠳ》
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃