2022-12-07 19:49:25
ᠯᠢᠶᠣᠤ ᠱᠸᠨ᠎ᠤ ᠳᠠᠢᠯᠠᠯᠳᠤᠭᠠᠨ᠂ ᠬᠤᠸᠠᠢ ᠬᠠᠢᠶ᠋ᠢᠨᠳᠠᠢᠯᠠᠯᠳᠤᠭᠠᠨ᠂ ᠫᠢᠩᠶ᠋ᠢᠨᠤ ᠳᠠᠢᠯᠠᠯᠳᠤᠭᠠᠨ ᠳᠠᠭᠤᠰᠴᠤ᠌᠂ ᠳᠤᠮᠳᠠᠳᠤ ᠤᠯᠤᠰ᠎ᠤᠨ ᠬᠤᠪᠢᠰᠭᠠᠯ ᠤᠳᠠᠯ ᠦᠭᠡᠢᠢᠯᠠᠯᠲᠠ ᠤᠯᠬᠤ ᠭᠡᠵᠦ᠍ ᠪᠠᠢᠭ᠎ᠠ ᠦᠶ᠎ᠡ᠎ᠳᠤ᠂ ᠱᠢᠨ᠎ᠡ ᠳᠤᠮᠳᠠᠳᠤ ᠤᠯᠤᠰ᠎ᠤᠨ ᠠᠤᠭ᠎ᠠ ᠲᠥᠰᠦᠪ᠎ᠢ ᠵᠢᠷᠤᠭ᠍ᠯᠠᠬᠤᠶ᠋ᠢᠨᠲᠥᠯᠥᠭᠡ᠂ ᠨᠠᠮ᠎ᠤᠨ ᠲᠥᠪ ᠬᠤᠷᠢᠶ᠎ᠡ 1949 ᠣᠨ᠎ᠤ 3 ᠰᠠᠷ᠎ᠠ᠎ᠳᠤ ᠳᠣᠯᠣᠳᠤᠭᠠᠷ ᠬᠤᠭᠤᠴᠠᠭᠠᠨ᠎ᠤ ᠲᠥᠪ ᠬᠤᠷᠢᠶᠠᠨᠤᠬᠤᠶᠠᠳᠤᠭᠠᠷ ᠪᠦᠬᠦᠳᠡ ᠬᠤᠷᠠᠯ᠎ᠢ ᠬᠤᠷᠠᠯᠳᠤᠭᠤᠯᠵᠤ᠂ ᠠᠵᠢᠯ᠎ᠤᠨ ᠭᠤᠣᠯᠳᠠᠯᠭ᠎ᠠ᠎ᠪᠠᠨ ᠬᠥᠳᠡᠭᠡ ᠲᠣᠰᠭᠤᠨᠠᠴᠠᠬᠤᠳᠠᠳᠤ ᠱᠢᠯᠵᠢᠭᠦᠯᠦᠨ᠎ᠡ᠂ ᠪᠦ᠍ᠬᠦ᠌ ᠨᠠᠮ᠎ᠢᠶᠠᠷ᠎ᠢᠶᠠᠨ ᠡᠷᠬᠡᠪᠰᠢ ᠲᠦᠢᠯ᠎ᠤᠨ ᠶᠡᠭᠡ ᠴᠢᠷᠮᠠᠢᠯᠭ᠎ᠠ᠎ᠪᠠᠷ ᠬᠤᠳᠠᠶ᠋ᠢᠬᠠᠮᠢᠶᠠᠷᠬᠤ ᠪᠠ ᠬᠤᠳᠠ᠎ᠶ᠋ᠢ ᠪᠦᠳᠦᠭᠡᠨ ᠪᠠᠢᠭᠤᠯᠬᠤ᠎ᠶ᠋ᠢ ᠰᠤᠷᠬᠤ ᠬᠡᠷᠡᠭ᠌ᠲᠡᠢ ᠭᠡᠵᠦ᠍ ᠳᠤᠷᠠᠳᠴᠠᠢ᠃ ᠪᠠᠢᠳᠠᠯᠤᠨᠬᠥᠭ᠌ᠵᠢᠯᠲᠡᠶ᠋ᠢᠨ ᠬᠡᠷᠡᠭ᠌ᠴᠡᠭᠡ᠎ᠳᠤ ᠵᠣᠬᠢᠴᠠᠭᠤᠯᠵᠤ᠂ ᠪᠦᠬᠦ᠌ ᠨᠠᠮ᠎ᠤᠨ ᠤᠯᠤᠰ ᠲᠦᠷᠦ᠍᠎ᠶ᠋ᠢᠨ ᠤᠨᠤᠯ᠎ᠤᠨ ᠲᠦᠪᠱᠢᠨᠢᠳᠡᠭᠡᠭ᠌ᠰᠢᠯᠡᠭᠦᠯᠬᠦ᠌ᠶ᠋ᠢᠨ ᠲᠥᠯᠥᠭᠡ᠂ ᠨᠠᠮ᠎ᠤᠨ ᠲᠥᠪ ᠬᠤᠷᠢᠶ᠎ᠠ 12 ᠳᠡᠪᠳᠡᠷ ᠺᠠᠳ᠋ᠷ᠎ᠤᠨ ᠰᠤᠷᠤᠯᠴᠠᠬᠤ ᠴᠢᠬᠤᠯᠠᠲᠠᠶᠮᠠᠷᠺᠰ ᠯᠧᠨᠢᠨ᠎ᠤ ᠦᠵᠡᠯ᠎ᠤᠨ ᠵᠣᠬᠢᠶᠠᠯ᠎ᠢ ᠲᠠᠬᠢᠨ ᠨᠠᠢᠷᠠᠭᠤᠯᠤᠨ ᠬᠢᠨᠠᠵᠤ᠂ ᠮᠠᠤ ᠽᠸ ᠳ᠋ᠦᠩ ᠪᠠᠰᠠ ᠲᠤᠰᠭᠠᠢᠯᠠᠨᠡᠨᠡ ᠬᠦ᠌ ᠨᠣᠮ᠎ᠳᠤ《ᠺᠠᠳ᠋ᠷ᠎ᠤᠨ ᠵᠠᠪᠠᠯ ᠤᠩᠱᠢᠬᠤ ᠨᠤᠮ》 ᠭᠡᠬᠦ᠌ ᠲᠦᠷᠪᠡᠨ ᠦᠰᠦᠭ᠎ᠢ ᠨᠡᠮᠡᠵᠦ᠍ ᠥᠭ᠌ᠴᠡᠶ᠃
ᠡᠳᠡᠭᠡᠷ《ᠺᠠᠳ᠋ᠷᠴᠤᠳᠤᠨᠵᠠᠪᠠᠯ ᠤᠩᠱᠢᠬᠤ ᠨᠤᠮ》᠎ᠳ᠋ᠤ 《ᠨᠡᠢᠭᠡᠮ᠎ᠤᠨ ᠬᠥᠭ᠌ᠵᠢᠯᠲᠡ᠎ᠶ᠋ᠢᠨ ᠲᠡᠦᠬᠡ》᠂《ᠤᠯᠤᠰ ᠲᠦᠷᠦ᠍ ᠠᠵᠤ ᠠᠬᠤᠢ᠎ᠶ᠋ᠢᠨ ᠤᠬᠠᠭᠠᠨ》᠂ 《ᠡᠪ ᠬᠠᠮᠲᠤ ᠨᠠᠮ᠎ᠤᠨ ᠲᠤᠩᠬᠠᠭ》᠂《ᠨᠡᠢᠭᠡᠮ ᠵᠢᠷᠤᠮ ᠬᠡᠢ ᠪᠤᠳᠤᠯ᠎ᠠᠴᠠ ᠱᠢᠨᠵᠢᠯᠡᠬᠦ᠌ ᠤᠬᠠᠭᠠᠨ ᠪᠤᠯᠵᠤ ᠬᠥᠭ᠌ᠵᠢᠭ᠌ᠰᠡᠨ᠎ᠨᠢ》᠂ 《ᠡᠵᠡᠷᠬᠡᠭ ᠲᠦᠷᠢᠮᠡᠬᠡᠢ ᠦᠵᠡᠯ ᠪᠣᠯ ᠬᠥᠷᠥᠩᠭᠡᠲᠦᠶᠣᠰᠣᠨᠤ ᠬᠠᠮᠤᠭ᠎ᠤᠨ ᠳᠡᠭᠡᠳᠦ ᠱᠠᠳᠤ ᠦᠶ᠎ᠡ ᠮᠥᠨ》᠂ 《ᠲᠦᠷᠦ᠍ ᠪᠠ ᠬᠤᠪᠢᠰᠭᠠᠯ》᠂《ᠡᠪ ᠬᠠᠮᠲᠤ᠎ᠶ᠋ᠢᠨ ᠬᠥᠳᠡᠯᠭᠡᠭᠡᠨ᠎ᠳᠠᠬᠢ 〈ᠵᠡᠭᠦᠨ〉ᠤᠨᠢᠯᠬᠠᠰᠠᠭ ᠡᠪᠡᠳᠴᠢᠨ》᠂《ᠯᠧᠨᠢᠨᠤᠦᠵᠡᠯᠤᠨ ᠦᠨᠳᠦᠰᠦ ᠵᠢ ᠦᠭᠦᠯᠡᠭᠦ ᠨᠢ》᠂ 《ᠵᠦᠪᠯᠡᠯᠲᠦ ᠬᠤᠯᠪᠣᠭᠠᠲᠤ ᠤᠯᠤᠰ᠎ᠤᠨ ᠡᠪ ᠬᠠᠮᠲᠤ (ᠪᠤᠯᠱᠸᠸᠢᠢᠡ᠋) ᠨᠠᠮ᠎ᠤᠨ ᠲᠡᠦᠬᠡ》᠂ 《ᠯᠧᠨᠢᠨ ᠰᠲ᠋ᠠᠯᠢᠨ ᠨᠡᠢᠭᠡᠮ ᠵᠢᠷᠤᠮ᠎ᠤᠨ ᠪᠦᠲᠦᠭᠡᠨᠪᠠᠢᠭᠤᠯᠤᠯᠲᠠᠶ᠋ᠢᠨ ᠲᠤᠬᠠᠢ ᠥᠭᠦᠯᠡᠬᠰᠡᠨᠨᠢ》᠂ 《ᠯᠧᠨᠢᠨ ᠰᠲ᠋ᠠᠯᠢᠨ ᠳᠤᠮᠳᠠᠳᠤ ᠤᠯᠤᠰ᠎ᠤᠨ ᠲᠤᠬᠠᠢ ᠦᠭᠦᠯᠡᠭᠰᠡᠨ ᠨᠢ》᠂《ᠮᠠᠷᠺᠰᠡᠡᠭᠭᠸᠯᠰ ᠯᠸᠨᠢᠨ ᠰᠲ᠋ᠠᠯᠢᠨᠤ ᠦᠵᠡᠯ ᠰᠠᠨᠠᠭ᠎ᠠ ᠠᠷᠭ᠎ᠠ ᠵᠢᠨ ᠤᠨᠤᠯ》 ᠵᠡᠷᠭᠡ ᠪᠤᠢ᠃ ᠡᠨᠡ 12 ᠳᠡᠪᠳᠡᠷᠨᠤᠮᠢ ᠰᠤᠷᠤᠯᠴᠠᠬᠤ ᠤᠳᠭᠠᠠᠭᠤᠯᠭᠠ ᠵᠢᠨ ᠳᠤᠬᠠᠢ᠂ ᠮᠠᠤ ᠽᠸ ᠳ᠋ᠦᠩ ᠨᠠᠮ᠎ᠤᠨ ᠳᠣᠯᠣᠳᠤᠭᠠᠷ ᠬᠤᠭᠤᠴᠠᠭᠠᠨ᠎ᠤᠲᠥᠪ ᠬᠤᠷᠢᠶᠠᠨ᠎ᠤ ᠬᠤᠶᠠᠳᠤᠭᠠᠷ ᠪᠥᠬᠦᠳᠡ ᠬᠤᠷᠠᠯ᠎ᠤᠨ ᠳ᠋ᠦᠩᠨᠡᠯᠲᠡ᠎ᠳᠤ᠄ ᠮᠠᠷᠺᠰ ᠡᠩᠭᠸᠯᠰ ᠯᠧᠨᠢᠨ ᠰᠲ᠋ᠠᠯᠢᠨᠪᠣᠯ ᠪᠠᠭᠰᠢ ᠮᠥᠨ᠂ ᠪᠢᠳᠡ ᠪᠣᠯ ᠰᠤᠷᠤᠭ᠍ᠴᠢ ᠭᠡᠵᠦ ᠵᠢᠭᠠᠵᠤ ᠭᠠᠷᠭᠠᠵᠠᠢ᠃《ᠠᠷᠪᠠᠨ ᠬᠤᠶᠠᠷ ᠳᠡᠪᠲᠡᠷ ᠺᠠᠳ᠋ᠷᠤᠨᠵᠠᠪᠠᠯ ᠤᠩᠱᠢᠬᠤ ᠨᠣᠮ᠎ᠤᠨ ᠲᠤᠬᠠᠶ᠂ ᠥᠩᠭᠡᠷᠡᠭ᠌ᠰᠡᠨ᠎ᠳᠦ ᠪᠢᠳᠡ ᠨᠣᠮ ᠤᠩᠱᠢᠭᠠᠳ ᠵᠣᠬᠢᠬᠤ ᠬᠦᠷᠢᠶ᠎ᠡ ᠬᠡᠪᠴᠢᠶᠡᠪᠠᠢᠬᠤ ᠦᠭᠡᠢ᠂ ᠮᠠᠰᠢ ᠤᠯᠠᠨ ᠨᠣᠮ ᠣᠷᠴᠢᠭᠤᠯᠤᠭ᠍ᠰᠠᠨ ᠪᠥᠭᠡᠳ ᠪᠦᠷ ᠲᠠᠷᠬᠠᠭᠠᠵᠠᠶ᠂ ᠤᠳᠤ ᠬᠣᠷᠢ ᠭᠠᠷᠤᠶ ᠵᠢᠯᠦᠨᠲᠤᠷᠱᠢᠯᠭᠠᠶ᠋ᠢ ᠬᠤᠷᠠᠮᠳᠤᠭᠤᠯᠵᠤ᠂ ᠡᠨᠡ ᠠᠷᠪᠠᠨ ᠬᠣᠶᠠᠷ ᠨᠣᠮ᠎ᠢ ᠤᠩᠱᠢᠨ᠎ᠠ ᠭᠡᠳᠡᠭ᠎ᠢ ᠭᠦᠨᠵᠡᠭᠡᠶ ᠣᠢᠯᠠᠭᠠᠵᠤ᠂ᠭᠤᠷᠪᠠᠨ ᠵᠢᠯ᠎ᠦᠨ ᠳᠣᠲᠣᠷ᠎ᠠ ᠨᠢᠭᠡ᠎ᠡᠴᠡ ᠬᠣᠶᠠᠷ ᠤᠳᠠᠭ᠎ᠠ ᠦᠵᠡᠬᠦ᠌᠎ᠪᠡᠷ ᠲᠣᠭ᠍ᠲᠠᠭᠠᠪᠠ᠃ ᠮᠠᠷᠺᠰ᠎ᠤᠨ ᠦᠵᠡᠯᠢᠤᠬᠠᠭᠤᠯᠵᠤ᠂ ᠮᠠᠨ᠎ᠤ ᠮᠠᠷᠺᠰ᠎ᠤᠨ ᠦᠵᠡᠯ᠎ᠦᠨ ᠬᠢᠷᠢ ᠬᠡᠮᠵᠢᠶ᠎ᠡ᠎ᠪᠡᠨ ᠳᠡᠭᠡᠭ᠌ᠰᠢᠯᠡᠭᠦᠯᠬᠦ᠌᠎ᠳᠦ ᠬᠠᠮᠲᠤᠶ᠋ᠢᠨᠲᠠᠨᠢᠯᠲᠠᠲᠠᠶ ᠪᠠᠢᠬᠤ ᠬᠡᠷᠡᠭ᠌ᠲᠡᠢ᠂ ᠮᠠᠨ᠎ᠤ ᠮᠠᠰᠢ ᠤᠯᠡᠠ ᠳᠡᠭᠡᠳᠦ ᠳᠡᠰ᠎ᠤᠨ ᠺᠠᠳ᠋ᠷᠨᠠᠷ ᠡᠨᠡ ᠠᠰᠠᠭᠤᠳᠠᠯᠤᠨᠲᠠᠯᠠᠪᠠᠷ ᠤᠳᠦ ᠪᠣᠯᠲᠠᠯ᠎ᠠ ᠬᠠᠮᠲᠤ᠎ᠶ᠋ᠢᠨ ᠲᠠᠨᠢᠯᠲᠠ᠎ᠲᠠᠶ ᠪᠣᠯᠤᠭᠠᠳᠤᠢ ᠪᠠᠢᠨ᠎ᠠ᠃ ᠬᠡᠷᠪᠡ ᠬᠣᠢᠱᠢᠳᠠᠶ᠋ᠢᠨᠭᠤᠷᠪᠠᠨ ᠵᠢᠯ᠎ᠦᠨ ᠳᠣᠲᠣᠷ᠎ᠠ ᠭᠤᠷᠪᠠᠨ ᠲᠦᠮᠡᠨ ᠬᠥᠮᠦᠨ ᠡᠨᠡ ᠠᠷᠪᠠᠨ ᠬᠣᠶᠠᠷ ᠨᠣᠮ᠎ᠢ ᠤᠩᠱᠢᠵᠤ ᠳᠠᠭᠤᠰᠭᠠᠭᠠᠳ᠂ᠭᠤᠷᠪᠠᠨ ᠮᠢᠩᠭᠠᠨ ᠬᠥᠮᠦᠨ ᠡᠨᠡ ᠠᠷᠪᠠᠨ ᠬᠣᠶᠠᠷ ᠨᠣᠮ᠎ᠢ ᠨᠡᠪᠲᠡᠷᠡᠲᠡᠯ᠎ᠡ ᠤᠩᠱᠢᠪᠠᠯ ᠶᠡᠬᠡ ᠰᠠᠢ᠌ᠨ ᠪᠣᠯᠤᠨ᠎ᠠ》 ᠭᠡᠵᠠᠢ᠃
ᠮᠠᠷᠺᠰᠯᠧᠨᠢᠨᠦ ᠦᠵᠡᠯ᠎ᠦᠨ ᠰᠣᠩᠭᠣᠳᠠᠭ ᠵᠣᠬᠢᠶᠠᠯ᠎ᠢ ᠤᠩᠱᠢᠬᠤ ᠲᠠᠯ᠎ᠠ᠎ᠪᠠᠷ᠂ ᠮᠠᠤ ᠽᠸ ᠳ᠋ᠦᠩ ᠢᠮᠠᠭ᠍ᠲᠠ ᠪᠡᠶᠡᠪᠡᠷᠢᠶᠡᠨᠦᠯᠢᠭᠡᠷ ᠳᠠᠭᠤᠷᠢᠶᠠᠯ ᠪᠤᠯᠳᠠᠭ᠂ ᠪᠦᠬᠦ᠌ ᠤᠯᠤᠰ᠎ᠤᠨ ᠴᠢᠯᠥᠭᠡᠯᠡᠬᠦ᠌ ᠲᠠᠢ᠌ᠨ᠎ᠦ ᠵᠠᠩᠭᠢᠯᠠᠭ᠎ᠠ᠎ᠶ᠋ᠢᠨ ᠦᠶᠡᠳᠦᠴᠦ᠍ ᠭᠡᠰᠡᠨ᠂ ᠲᠡᠷᠡ ᠡᠳᠦᠷ ᠰᠥᠨᠢ ᠦᠭᠡᠢ ᠲᠦᠭ ᠲᠦᠮᠡᠨ ᠴᠡᠷᠢᠭ ᠮᠣᠷᠢ᠎ᠶ᠋ᠢ ᠵᠢᠯᠣᠭᠣᠳᠭᠤ᠎ᠶ᠋ᠢᠨ ᠬᠠᠮᠲᠤ᠂ ᠮᠥᠨ᠎ᠯᠡ ᠴᠠᠭ᠎ᠢᠶᠠᠨ ᠱᠢᠪᠬᠠᠨ ᠮᠠᠷᠺᠰ ᠯᠧᠨᠢᠨ᠎ᠦ ᠵᠣᠬᠢᠶᠠᠯ᠎ᠢ ᠤᠩᠱᠢᠵᠤ ᠪᠠᠢᠯ᠎ᠠ᠃ ᠯᠧᠨᠢᠨ᠎ᠦ 《ᠲᠦᠷᠦ᠍ ᠪᠠ ᠬᠤᠪᠢᠰᠭᠠᠯ》᠂ 《ᠡᠪ ᠬᠠᠮᠲᠤ᠎ᠶ᠋ᠢᠨ ᠬᠥᠳᠡᠯᠭᠡᠭᠡᠨ᠎ᠳᠠᠬᠢ 〈ᠵᠡᠭᠦᠨ〉ᠤᠨᠢᠯᠬᠠᠰᠠᠭ ᠡᠪᠡᠳᠴᠢᠨ》 ᠪᠣᠯ ᠳᠠᠷᠤᠢ ᠡᠨᠡ ᠬᠤᠭᠤᠴᠠᠭᠠᠨ᠎ᠳᠤ ᠤᠩᠱᠢᠭ᠍ᠰᠠᠨᠭᠣᠣᠯ ᠵᠣᠬᠢᠶᠠᠯ ᠪᠣᠯᠤᠨ᠎ᠠ᠃ ᠲᠡᠷᠡ 《ᠲᠦᠷᠦ᠍ ᠪᠠ ᠬᠤᠪᠢᠰᠭᠠᠯ》᠎ᠤᠨ ᠨᠢᠭᠡᠳᠦᠭᠡᠷ ᠪᠦᠯᠦᠭ 《ᠠᠩᠭᠢᠲᠤ ᠨᠡᠢᠭᠡᠮᠪᠠ ᠲᠦᠷᠦ᠍》 ᠳ᠋ᠥ᠍ ᠪᠠᠷᠤᠭ ᠥᠭᠦᠯᠡᠪᠦᠷᠢ ᠪᠦᠷᠢ᠎ᠶ᠋ᠢᠨ ᠬᠠᠵᠠᠭᠤ᠎ᠳᠤ ᠴᠥᠮᠵᠢᠷᠤᠭᠠᠰᠤ ᠵᠢᠷᠤᠵᠤ ᠪᠠᠢᠪᠠ᠃ ᠲᠡᠷᠡ 《ᠡᠪ ᠬᠠᠮᠲᠤ᠎ᠶ᠋ᠢᠨ ᠬᠥᠳᠡᠯᠭᠡᠭᠡᠨ᠎ᠳᠠᠬᠢ〈ᠵᠡᠭᠦᠨ〉᠎ᠤ ᠨᠢᠯᠬᠠᠰᠠᠭᠡᠪᠡᠳᠴᠢᠨ》 ᠭᠡᠳᠡᠭ ᠨᠣᠮ᠎ᠢ ᠲᠠᠬᠢᠨ ᠤᠩᠱᠢᠬᠤ᠎ᠳᠠᠭᠠᠨ ᠨᠣᠮᠤᠨᠬᠠᠪᠢᠰᠤᠨᠳᠤ᠄《ᠨᠥᠬᠥᠳ ᠲᠤᠰ ᠨᠤᠮ ᠦᠨ ᠬᠣᠶᠠᠳᠤᠭᠠᠷ ᠪᠦᠯᠦᠭ(ᠲᠤᠬᠠᠢᠯᠠᠪᠠᠯ〈ᠪᠤᠯᠱᠸᠸᠢ᠍ᠭ᠌ᠴᠦᠤᠨᠤᠨ ᠠᠮᠵᠢᠯᠲᠠ ᠣᠯᠤᠭ᠍ᠰᠠᠨ ᠦᠨᠳᠦᠰᠦᠨ ᠨᠥᠬᠥᠴᠡᠯᠦᠨᠨᠢᠭᠡ〉 — ᠵᠣᠬᠢᠶᠠᠭ᠍ᠴᠢ᠎ᠶ᠋ᠢᠨ ᠲᠠᠢᠯᠪᠤᠷᠢ) ᠢ ᠦᠵᠡᠵᠦ᠍᠂ ᠤᠳᠤ ᠮᠠᠨ᠎ᠤ ᠠᠵᠢᠯ᠎ᠤᠨ ᠳᠤᠮᠳᠠ ᠣᠷᠣᠱᠢᠵᠤ ᠪᠠᠢᠭ᠎ᠠ ᠵᠠᠷᠢᠮ ᠬᠦᠨᠳᠦ ᠨᠣᠴᠢᠲᠠᠢᠰᠠᠬᠢᠯᠭᠠ ᠪᠠᠲᠤ ᠦᠭᠡᠢ ᠪᠠᠢᠳᠠᠯ ᠪᠤᠶᠤ ᠵᠠᠰᠠᠭ ᠦᠭᠡᠢ ᠪᠠᠢᠳᠠᠯ᠎ᠢ ᠤᠰᠠᠳᠭᠠᠬᠤ ᠬᠡᠷᠡᠭ᠌ᠲᠡᠢ ᠬᠡᠳᠡᠭ᠎ᠢ ᠨᠥᠬᠥᠳᠲᠦᠮᠡᠳᠡᠭᠦᠯᠬᠦ᠌ ᠬᠡᠷᠡᠭ᠌ᠲᠡᠢ》ᠭᠡᠵᠦ ᠴᠤᠬᠤᠯᠠᠪᠤᠷᠢᠯᠠᠵᠠᠢ᠃ ᠲᠥᠪ ᠬᠣᠷᠢᠶᠠᠨ᠎ᠤ ᠤᠬᠠᠭᠤᠯᠬᠤ ᠬᠡᠯᠲᠡᠰ ᠮᠠᠤ ᠽᠸᠳ᠋ᠦᠩᠦᠨ ᠵᠢᠭᠠᠪᠤᠷᠢ᠎ᠶ᠋ᠢ ᠦᠨᠳᠦᠰᠦᠯᠡᠨ᠂ ᠪᠦᠬᠦ᠌ ᠨᠠᠮᠵᠢᠡᠷ ᠵᠢᠠᠨ《ᠡᠪ ᠬᠠᠮᠲᠤ᠎ᠶ᠋ᠢᠨ ᠬᠥᠳᠡᠯᠭᠡᠭᠡᠨ᠎ᠳᠠᠬᠢ〈ᠵᠡᠭᠦᠨ〉ᠤᠨᠢᠯᠬᠠᠰᠠᠭ ᠡᠪᠡᠳᠴᠢᠨ》 ᠦ ᠬᠣᠶᠠᠳᠤᠭᠠᠷ ᠪᠦᠯᠦᠭ᠎ᠢ ᠰᠤᠷᠤᠯᠴᠠᠬᠤ ᠬᠡᠷᠡᠭ᠌ᠲᠡᠶᠭᠡᠵᠦ᠍ ᠣᠨᠴᠠᠭᠠᠢᠯᠠᠨ ᠱᠠᠭᠠᠷᠳᠠᠪᠠ᠃
ᠮᠠᠤ ᠽᠸ᠋ ᠳ᠋ᠦᠩ᠎ᠦᠨ ᠤᠷᠢᠶᠠᠯᠠᠭ᠎ᠠ ᠳᠣᠣᠷ᠎ᠠ᠂ ᠪᠦᠬᠦ᠌ᠨᠠᠮᠤᠨ ᠺᠠᠳ᠋ᠷᠴᠤᠳ᠎ᠤᠨ ᠳᠤᠮᠳᠠ ᠰᠤᠷᠤᠯᠴᠠᠬᠤ ᠥᠷᠨᠢᠯᠲᠡ ᠭᠠᠷᠴᠦ᠂ 1949 ᠣᠨ᠎ᠤ 6 ᠰᠠᠷ᠎ᠠ᠎ᠠᠴᠠ 1950 ᠣᠨ᠎ᠤ6 ᠰᠠᠷ᠎ᠠ ᠪᠣᠯᠲᠠᠯ᠎ᠠ᠂ 《ᠺᠠᠳ᠋ᠷ᠎ᠤᠨ ᠵᠠᠪᠠᠯ ᠤᠩᠱᠢᠬᠤ ᠨᠣᠮ》 ᠢ ᠬᠡᠪᠯᠡᠭ᠌ᠰᠡᠨ ᠶᠡᠷᠦᠩᠬᠡᠶ ᠲᠣᠭ᠎ᠠ 300 ᠲᠦᠮᠡᠨ ᠳᠡᠪᠲᠡᠷ᠎ᠲᠦ ᠬᠦᠷᠴᠦ᠍᠂ ᠪᠦᠬᠦ᠌ ᠨᠠᠮᠤᠨᠺᠠᠳ᠋ᠷᠴᠤᠳᠤᠨ ᠮᠠᠷᠺᠰ᠎ᠤᠨ ᠦᠵᠡᠯ᠎ᠦᠨ ᠤᠨᠤᠯ᠎ᠤᠨ ᠲᠦᠪᠱᠢᠨ᠂ ᠠᠵᠤ ᠠᠬᠤᠶ᠎ᠶ᠋ᠢᠨ ᠠᠵᠢᠯ ᠪᠣᠯᠤᠨ ᠬᠤᠳᠠᠶ᠋ᠢᠨᠠᠵᠢᠯᠤᠨ ᠴᠢᠳᠠᠪᠤᠷᠢ᠎ᠶ᠋ᠢ ᠳᠡᠭᠡᠭ᠌ᠰᠢᠯᠡᠭᠦᠯᠬᠦ᠌᠎ᠳᠦ ᠲᠤᠢᠯ᠎ᠤᠨ ᠴᠢᠬᠤᠯᠠ ᠦᠢᠯᠡᠳᠦᠯ ᠦᠵᠡᠭᠦᠯᠵᠡᠶ᠃
ᠮᠠᠲ᠋ᠸᠷᠢᠶᠠᠯ ᠤᠨ ᠢᠷᠡᠯᠳᠡ᠄ 《ᠡᠪ ᠬᠠᠮᠳᠤ ᠨᠠᠮ᠎ᠤᠨ ᠬᠡᠰᠢᠬᠦᠨ᠎ᠤ
ᠮᠡᠳᠡᠬᠦ ᠶᠤᠰᠤᠳᠠᠢ ᠨᠠᠮᠤᠨᠳᠡᠦᠬᠡ ᠵᠢᠨ ᠵᠢᠵᠢᠭ ᠦᠯᠢᠭᠡᠷ ᠤᠳ 》
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠴᠠᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃