ᠲᠡᠷᠢᠭᠦᠨ ᠨᠢᠭᠤᠷ>ᠨᠠᠮ᠎ᠤᠨ ᠪᠠᠢᠭᠤᠯᠤᠯᠲᠠ> ᠨᠠᠮ᠎ᠤ᠋ᠨ ᠲᠡᠦᠬᠡ᠎ᠶ᠋ᠢᠨ ᠮᠡᠳᠡᠯᠭᠡ

2022-12-14 20:11:00

ᠵᠣᠬᠢᠶᠠᠭ᠍ᠴᠢ᠄ ​ᠴᠧᠨ ᠶᠠ ᠹᠸᠢ ᠣᠩᠱᠢᠭ᠍ᠰᠠᠨ ᠣᠳᠠᠭ᠎ᠠ᠄ 3

《5·4》᠎ᠤ ᠬᠥᠳᠡᠯᠭᠡᠭᠡᠨ᠎ᠤ ᠳᠠᠷᠠᠭ᠎ᠠ᠂ ᠱᠸᠨ ᠶᠠᠨ ᠪᠢᠩ ᠮᠠᠷᠺᠰ᠎ᠤᠨ ᠦᠵᠡᠯ ᠲᠡᠶ ᠡᠬᠢᠯᠡᠨ ᠣᠢᠷᠠᠳᠴᠤ᠂ᠴᠧᠨ ᠳ᠋ᠦ᠋ ᠰᠢᠤ ᠲᠡᠶ ᠲᠠᠨᠢᠯᠴᠠᠵᠤ᠂ ᠲᠡᠷᠡᠴᠢᠯᠡᠨ《ᠰᠢᠨ᠎ᠡᠵᠠᠯᠠᠭᠤᠴᠤᠳ》 ᠰᠡᠳᠬᠦᠯ ᠳᠡᠭᠡᠷ᠎ᠠ ᠡᠬᠡ ᠪᠢᠴᠢᠭ ᠨᠡᠢᠳᠡᠯᠡᠪᠡ᠃ 1920 ᠣᠨ ᠳ᠋ᠦ᠂ ᠲᠡᠷᠡ ᠱᠠᠩᠬᠠᠢ ᠵᠢᠨ ᠡᠪ ᠬᠠᠮᠲᠤ ᠨᠠᠮ᠎ᠤᠨ ᠡᠬᠢᠨ ᠤ᠋ᠦᠶ᠎ᠡ ᠵᠢᠨ ᠵᠣᠬᠢᠶᠠᠨ ᠪᠠᠢᠭᠤᠯᠤᠯᠲᠠ ᠳ᠋ᠦ ᠣᠷᠣᠵᠤ᠂ ᠶᠡᠬᠡ ᠬᠡᠮᠵᠢᠶᠡᠨ᠎ᠤ ᠠᠵᠢᠯ ᠬᠢᠵᠡᠢ᠃

1921ᠣᠨ᠎ᠳᠤ ᠳᠤᠮᠳᠠᠳᠤ ᠤᠯᠤᠰ᠎ᠤᠨ ᠡᠪ ᠬᠠᠮᠲᠤ ᠨᠠᠮ ᠵᠢᠩᠬᠢᠨᠢ᠎ᠪᠡᠷ ᠪᠠᠢᠭᠤᠯᠤᠭᠳᠠᠵᠤ᠂ ᠱᠸᠨ ᠶᠠᠨ ᠪᠢᠩ᠎ᠢ ᠪᠠᠭᠲᠠᠭᠠᠭᠰᠠᠨᠡᠯ᠎ᠡ ᠭᠠᠵᠠᠷ᠎ᠤᠨ ᠡᠬᠢᠨ ᠤ᠋ ᠦᠶ᠎ᠡ᠎ᠶᠢᠨ ᠨᠠᠮ᠎ᠤᠨ ᠵᠣᠬᠢᠶᠠᠨ ᠪᠠᠢᠭᠤᠯᠤᠯᠲᠠ᠎ᠶᠢᠨ ᠪᠦᠷᠢᠯᠳᠦᠭᠦᠨ ᠤᠷᠤᠭᠰᠢᠲᠠᠢ᠎ᠪᠠᠷᠵᠢᠩᠬᠢᠨᠢ ᠨᠠᠮ᠎ᠤᠨ ᠭᠡᠰᠢᠭᠦᠨ ᠪᠣᠯᠪᠠ᠃ ᠡᠬᠢᠨ᠎ᠳᠡᠭᠡᠨ᠂ ᠨᠠᠮ᠎ᠤᠨ ᠡᠯ᠎ᠡ ᠵᠦᠢᠯ᠎ᠦᠨ ᠠᠵᠢᠯ ᠨᠢᠭᠤᠴᠠ ᠪᠠᠢᠳᠠᠯ᠎ᠳᠤᠪᠠᠢᠵᠤ᠂ ᠱᠧᠨ ᠶᠠᠨ ᠪᠢᠩ ᠠᠵᠢᠯ᠎ᠤᠨ ᠣᠷᠴᠢᠨ ᠲᠣᠭᠣᠷᠢᠨ᠎ᠢᠶᠠᠷ᠎ᠢᠶᠠᠨ ᠬᠠᠯᠬᠠᠪᠴᠢ ᠪᠣᠯᠭᠠᠨ ᠰᠢᠭᠤᠳ ᠬᠠᠷᠢᠶ᠎ᠠᠲᠥᠪ ᠬᠣᠷᠢᠶᠠᠨ᠎ᠤ ᠬᠣᠯᠪᠣᠭᠠᠴᠢᠨ᠎ᠤ ᠲᠤᠰᠢᠶᠠᠯ᠎ᠢ ᠡᠭᠦᠷᠭᠡᠯᠡᠵᠦ᠂ ᠨᠠᠮ᠎ᠤᠨ ᠳᠣᠲᠣᠭᠠᠳᠤ᠎ᠶᠢᠨ ᠴᠢᠮᠡᠭᠡ ᠬᠣᠯᠪᠣᠭᠠᠨ᠎ᠤᠠᠵᠢᠯ᠎ᠢ ᠥᠷᠨᠢᠭᠦᠯᠦᠭᠰᠡᠨ ᠪᠥᠭᠡᠳ ᠨᠠᠮ᠎ᠤᠨ ᠡᠷᠬᠢᠯᠡᠭᠰᠡᠨ ᠰᠤᠷᠭᠠᠭᠤᠯᠢ᠎ᠳᠤ ᠵᠢᠭᠠᠨ ᠰᠤᠷᠭᠠᠬᠤ ᠡᠭᠦᠷᠭᠡ᠎ᠶᠢᠡᠭᠦᠷᠭᠡᠯᠡᠵᠦ᠂ ᠱᠠᠩᠬᠠᠢ᠎ᠶᠢᠨ ᠠᠵᠢᠯ ᠬᠠᠶᠠᠯᠲᠠ᠎ᠶᠢᠨ ᠬᠥᠳᠡᠯᠭᠡᠭᠡᠨ᠎ᠢ ᠤᠳᠤᠷᠢᠳᠴᠤ᠂ ᠣᠷᠣᠯᠴᠠᠵᠤ᠂ ᠮᠡᠳᠡᠭᠡᠯᠡᠪᠡ᠃

ᠶᠡᠬᠡᠬᠤᠪᠢᠰᠬᠠᠯ᠎ᠤᠨ ᠬᠤᠭᠤᠴᠠᠭᠠᠨ᠎ᠳᠤ᠂ ᠪᠠᠢᠳᠠᠯ᠎ᠤᠨ ᠠᠬᠢᠴᠠ ᠪᠣᠯᠣᠨ ᠨᠠᠮ᠎ᠤᠨ ᠠᠵᠢᠯ᠎ᠤᠨ ᠬᠡᠷᠡᠭᠴᠡᠭᠡ᠎ᠪᠡᠷ᠂ ᠱᠸᠨᠶᠠᠨ ᠪᠢᠩ ᠨᠠᠮ᠎ᠤᠨ ᠵᠣᠬᠢᠶᠠᠨ ᠪᠠᠢᠭᠤᠯᠤᠯᠲᠠ᠎ᠶᠢᠨ ᠲᠣᠮᠢᠯᠠᠯᠲᠠ᠎ᠪᠠᠷ᠂ ᠡᠯ᠎ᠡ ᠭᠠᠵᠠᠷ᠎ᠢᠶᠠᠷ ᠶᠠᠪᠤᠵᠤ ᠪᠠᠢᠪᠠ᠃ᠶᠡᠬᠡ ᠬᠤᠪᠢᠰᠬᠠᠯ ᠢᠯᠠᠭᠳᠠᠭᠰᠠᠨ᠎ᠤ ᠳᠠᠷᠠᠭ᠎ᠠ᠂ ᠬᠤᠪᠢᠰᠬᠠᠯ ᠤᠷᠤᠭᠤᠳᠠᠯ᠎ᠳᠤ ᠣᠷᠣᠵᠤ᠂ ᠱᠸᠨ ᠶᠠᠨ ᠪᠢᠩ ᠠᠷᠭ᠎ᠠᠪᠤᠰᠤ ᠨᠢᠭᠤᠨ ᠰᠠᠭᠤᠵᠤ ᠲᠡᠨᠦᠭᠦᠴᠢᠯᠡᠬᠦ ᠠᠮᠢᠳᠤᠷᠠᠯ᠎ᠢᠶᠠᠨ ᠡᠬᠢᠯᠡᠭᠦᠯᠵᠡᠢ᠃ ᠤᠯᠤᠰ᠎ᠤᠨ ᠳᠣᠲᠣᠭᠠᠳᠤ᠎ᠶᠢᠨ ᠪᠠᠴᠢᠮᠪᠠᠢᠳᠠᠯ ᠪᠣᠯᠣᠨ ᠨᠠᠷᠢᠨ ᠪᠤᠳᠤᠯᠢᠶᠠᠨᠲᠠᠢ ᠨᠡᠢᠭᠡᠮ᠎ᠦᠨ ᠪᠠᠢᠳᠠᠯ ᠨᠢ ᠲᠡᠭᠦᠨ᠎ᠦ ᠨᠠᠮ᠎ᠤᠨ ᠵᠣᠬᠢᠶᠠᠨ ᠪᠠᠢᠭᠤᠯᠤᠯᠲᠠᠯᠤᠭ᠎ᠠ᠎ᠶᠢᠨ ᠬᠠᠷᠢᠴᠠᠭ᠎ᠠ᠎ᠶᠢ ᠠᠭᠠᠵᠢᠮ᠎ᠢᠶᠠᠷ ᠠᠯᠳᠠᠭᠤᠯᠪᠠ᠃ ᠤᠢᠳᠬᠠᠷᠯᠠᠨ ᠡᠷᠡᠭᠡᠯᠵᠡᠬᠦ ᠦᠶ᠎ᠡ᠎ᠳᠦ᠂ ᠱᠧᠨᠶᠠᠨ ᠪᠢᠩ ᠭᠠᠷ᠎ᠲᠠᠬᠢ ᠪᠢᠷ᠎ᠢᠶᠡᠨ ᠠᠳᠬᠤᠨ ᠨᠠᠮ᠎ᠤᠨ ᠦᠢᠯᠡᠰ᠎ᠦᠨ ᠲᠥᠯᠥᠭᠡ ᠦᠷᠭᠦᠯᠵᠢᠯᠡᠨ ᠲᠡᠮᠡᠴᠡᠬᠦ᠎ᠪᠡᠷ ᠵᠣᠷᠢᠭ᠋ᠰᠢᠭᠤᠳᠴᠤ᠂ ᠤᠳᠬ᠎ᠠ ᠵᠣᠬᠢᠶᠠᠯ᠎ᠤᠨ ᠵᠣᠬᠢᠶᠠᠨ ᠪᠦᠲᠦᠭᠡᠯᠭᠡ᠎ᠶᠢᠨ ᠠᠶᠠᠨ ᠵᠠᠮ᠎ᠳᠠᠭᠠᠨ ᠮᠣᠷᠳᠠᠯ᠎ᠠ᠃ ᠱᠠᠩᠬᠠᠢ᠎ᠳᠤᠨᠢᠭᠤᠨ ᠰᠠᠭᠤᠵᠤ ᠪᠠᠢᠭᠰᠠᠨ ᠬᠤᠭᠤᠴᠠᠭᠠᠨ᠎ᠳᠠᠭᠠᠨ᠂ ᠲᠡᠷᠡ ᠶᠡᠬᠡ ᠬᠤᠪᠢᠰᠬᠠᠯ᠎ᠤᠨ ᠦᠶ᠎ᠡ᠎ᠪᠡᠷ ᠠᠷᠤ ᠦᠵᠡᠭᠳᠡᠯᠪᠣᠯᠭᠠᠭᠰᠠᠨ ᠠᠩᠬᠠᠳᠠᠭ᠍ᠴᠢ ᠥᠭᠦᠯᠡᠯᠭᠡ 《ᠵᠡᠭᠦᠳᠦ ᠵᠡᠷᠭᠡᠯᠭᠡᠨ》ᠵᠢᠡᠨ ᠪᠢᠴᠢᠪᠡ; 1928 ᠣᠨ᠎ᠳᠤ ᠶᠠᠫᠤᠨ᠎ᠳᠤᠲᠡᠨᠦᠭᠦᠴᠢᠯᠡᠵᠤ ᠪᠠᠢᠭ᠎ᠠ ᠦᠶ᠎ᠠ ᠳ᠋ᠡᠭᠡᠨ᠂ ᠬᠤᠪᠢᠰᠬᠠᠯ᠎ᠤᠨ ᠢᠷᠡᠭᠡᠳᠦᠢ ᠳ᠋ᠦ ᠢᠲᠡᠭᠡᠯ ᠪᠢᠰᠢᠷᠡᠯ᠎ᠵᠢᠡᠨ ᠨᠠᠢᠳᠠᠭᠰᠠᠨᠷᠣᠮᠠᠨ《ᠰᠣᠯᠣᠩᠭ᠎ᠠ》ᠪᠠᠨ ᠵᠣᠬᠢᠶᠠᠪᠠ;1930 ᠣᠨ᠎ᠳᠤ ᠱᠠᠩᠬᠠᠢ᠎ᠳᠤ ᠪᠤᠴᠠᠭᠰᠠᠨ᠎ᠤ ᠳᠠᠷᠠᠭ᠎ᠠ᠂ ᠭᠤᠴᠢᠭᠠᠳ ᠣᠨ᠎ᠤᠦᠶ᠎ᠡ᠎ᠶᠢᠨ ᠤᠯᠤᠰ᠎ᠤᠨ ᠳᠣᠲᠣᠭᠠᠳᠤ᠎ᠶᠢᠨ ᠨᠡᠢᠭᠡᠮ᠎ᠦᠨ ᠪᠣᠳᠠᠲᠤ ᠪᠠᠢᠳᠠᠯ᠎ᠢ ᠲᠤᠰᠬᠠᠭᠰᠠᠨ ᠠᠪᠤᠷᠭᠤ ᠪᠦᠲᠦᠭᠡᠯ《ᠰᠥᠨᠢᠳᠦᠯᠢ》ᠪᠡᠨ ᠪᠢᠴᠢᠵᠦ ᠳᠠᠭᠤᠰᠬᠠᠪᠠ; ᠶᠠᠫᠤᠨ᠎ᠢ ᠡᠰᠡᠷᠭᠦᠴᠡᠬᠦ ᠳᠠᠶ᠋ᠢᠨ᠎ᠦ ᠬᠤᠭᠤᠴᠠᠭᠠᠨ᠎ᠳᠤ᠂ ᠦᠷᠭᠦᠯᠵᠢᠯᠡᠨᠶᠡᠬᠡ ᠬᠡᠮᠵᠢᠶᠡᠨ᠎ᠦ ᠭᠣᠮᠢᠨᠳᠠᠩ᠎ᠤᠨ ᠲᠡᠷᠰᠯᠡᠭᠦᠦ ᠮᠥᠨ ᠴᠢᠨᠠᠷ᠎ᠢ ᠢᠯᠡᠷᠡᠭᠦᠯᠵᠦ᠂ ᠠᠷᠠᠳ ᠲᠦᠮᠡᠨ᠎ᠦ ᠶᠠᠫᠤᠨ᠎ᠢᠡᠰᠡᠷᠭᠦᠴᠡᠬᠦ ᠲᠡᠮᠡᠴᠡᠯ᠎ᠢ ᠮᠠᠭᠲᠠᠨ ᠳᠠᠭᠤᠯᠠᠭᠰᠠᠨ ᠬᠤᠪᠢᠰᠬᠠᠯᠲᠤ ᠪᠦᠲᠦᠭᠡᠯ᠎ᠢ ᠵᠣᠬᠢᠶᠠᠨ ᠪᠦᠲᠦᠭᠡᠪᠡ᠃ ᠴᠢᠯᠦᠭᠡᠯᠡᠬᠦᠲᠠᠢ᠍ᠢᠨ᠎ᠦ ᠦᠶ᠎ᠡ᠎ᠡᠴᠡ ᠡᠬᠢᠯᠡᠨ᠂ ᠱᠸᠨ ᠶᠠᠨ ᠪᠢᠩ ᠤᠳᠬ᠎ᠠ ᠵᠣᠬᠢᠶᠠᠯ᠎ᠤᠨ ᠵᠣᠬᠢᠶᠠᠨ ᠪᠦᠲᠦᠭᠡᠯᠭᠡ᠎ᠡᠴᠡ᠎ᠪᠡᠨᠭᠠᠳᠠᠭᠠᠳᠤ ᠯᠤᠭ᠎ᠠ᠎ᠶᠢᠨ ᠰᠣᠶᠣᠯ᠎ᠤᠨ ᠰᠣᠯᠢᠯᠴᠠᠭ᠎ᠠ᠂ ᠤᠯᠤᠰ᠎ᠤᠨ ᠰᠣᠶᠣᠯ᠎ᠤᠨ ᠪᠠᠢᠭᠤᠯᠤᠯᠲᠠ᠎ᠳᠤ ᠰᠢᠯᠵᠢᠭᠰᠡᠨᠪᠥᠭᠡᠳ ᠰᠢᠨ᠎ᠡ ᠳᠤᠮᠳᠠᠳᠤ ᠤᠯᠤᠰ ᠪᠠᠢᠭᠤᠯᠤᠭᠳᠠᠭᠰᠠᠨ᠎ᠤ ᠲᠠᠷᠠᠭ᠎ᠠ ᠰᠣᠶᠣᠯ᠎ᠤᠨ ᠶᠠᠮᠤᠨ᠎ᠤ ᠰᠠᠢᠳ᠎ᠤᠨ ᠲᠤᠰᠢᠶᠠᠯ᠎ᠢᠡᠭᠦᠷᠭᠡᠯᠡᠵᠦ᠂ ᠨᠡᠢᠭᠡᠮ ᠵᠢᠷᠤᠮ᠎ᠤᠨ ᠰᠣᠶᠣᠯ᠎ᠤᠨ ᠦᠢᠯᠡᠰ᠎ᠲᠦ ᠣᠷᠣᠯᠴᠠᠪᠠ᠃

1981ᠣᠨ᠎ᠳᠤ᠂ ᠱᠸᠨ ᠶᠠᠨ ᠪᠢᠩ ᠡᠪᠡᠳᠴᠢᠲᠡᠨ᠎ᠦ ᠣᠷᠣ᠌ ᠳᠡᠭᠡᠷ᠎ᠡ ᠲᠥᠪ ᠬᠣᠷᠢᠶ᠎ᠠ᠎ᠳᠤ ᠵᠠᠬᠢᠳᠠᠯ ᠪᠢᠴᠢᠵᠦ᠂ ᠨᠠᠮ᠎ᠤᠨᠬᠠᠷᠢᠶ᠎ᠠ᠎ᠶᠢ ᠰᠡᠷᠭᠦᠭᠡᠬᠦ ᠬᠦᠰᠡᠯ᠎ᠢᠶᠡᠨ ᠢᠯᠡᠳᠬᠡᠪᠡ᠃ ᠡᠨᠡ ᠵᠠᠬᠢᠳᠠᠯ᠎ᠢ ᠲᠡᠷᠡ ᠠᠮᠠ᠎ᠪᠠᠷ ᠵᠢᠡᠨᠬᠡᠯᠡᠵᠤ᠂ ᠲᠡᠭᠦᠨ᠎ᠦ ᠬᠦᠦ ᠨᠢ ᠣᠷᠣᠯᠠᠨ ᠪᠢᠴᠢᠵᠦ᠂ ᠲᠡᠷᠡ ᠥᠪᠡᠷ᠎ᠢᠶᠡᠨ ᠭᠠᠷ᠎ᠤᠨ ᠦᠰᠦᠭ ᠵᠢᠷᠤᠪᠠ᠃ ᠡᠨᠡ ᠬᠦ᠌ᠵᠠᠬᠢᠳᠠᠯ᠎ᠢ ᠪᠢᠴᠢᠭᠰᠡᠨ᠎ᠦ ᠳᠠᠷᠠᠭ᠎ᠠ᠂ ᠱᠧᠨ ᠶᠠᠨ ᠪᠢᠩ ᠄ 《ᠪᠢ ᠦᠬᠦᠴᠢᠬᠡᠪᠡᠯ ᠶᠠᠭᠤ ᠪᠣᠯᠤᠭᠰᠠᠨ᠎ᠢ ᠴᠤ᠌ ᠮᠡᠳᠡᠬᠦᠦᠭᠡᠢ ᠪᠣᠯᠤᠨ᠎ᠠ᠂ ᠬᠡᠷᠪᠡ ᠲᠡᠷᠡ ᠦᠶᠡᠰ ᠲᠦ᠍ ᠨᠡᠭᠡᠮᠵᠢᠯᠡᠨ ᠵᠦᠪᠰᠢᠶᠡᠷᠡᠭᠰᠡᠨ ᠪᠤᠯ ᠮᠢᠨᠤ ᠨᠢᠭᠡ ᠨᠠᠰᠤᠨ᠎ᠤᠢᠷᠠᠭᠤ ᠠᠯᠳᠠᠷ ᠪᠣᠯᠬᠤ ᠶᠤᠮ》 ᠭᠡᠪᠡ᠃ 3 ᠰᠠᠷ᠎ᠠ᠎ᠶᠢᠨ 27 ᠎ᠤ ᠡᠳᠦᠷ᠂ ᠡᠨᠡ ᠬᠦ᠌ ᠤᠳᠬ᠎ᠠ ᠵᠣᠬᠢᠶᠠᠯ᠎ᠤᠨ ᠲᠠᠪᠴᠠᠩ᠎ᠤᠨᠠᠪᠤᠷᠭᠤ ᠣᠳᠣᠨ ᠦᠨᠢᠳᠡ ᠬᠠᠯᠢᠵᠠᠢ᠃ 3 ᠰᠠᠷ᠎ᠠ᠎ᠶᠢᠨ 31 ᠎ᠦ ᠡᠳᠦᠷ᠂ ᠨᠠᠮ᠎ᠤᠨ ᠲᠥᠪ ᠬᠣᠷᠢᠶ᠎ᠠ 《ᠱᠧᠨ ᠶᠠᠨ ᠪᠢᠩ᠎ᠦᠨᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠨᠠᠮ᠎ᠤᠨ ᠬᠠᠷᠢᠶ᠎ᠠ ᠵᠢ ᠰᠡᠷᠭᠦᠭᠡᠵᠤ᠂ ᠨᠠᠮ᠎ᠳᠤ ᠣᠷᠣᠭᠰᠠᠨ ᠣᠨ ᠵᠢᠯ᠎ᠢ1921 ᠣᠨ᠎ᠠᠴᠠ ᠡᠬᠢᠯᠡᠵᠦ ᠪᠤᠳᠤᠨ᠎ᠠ》 ᠭᠡᠰᠡᠨ ᠲᠣᠭᠲᠠᠭᠠᠯ ᠭᠠᠷᠭᠠᠪᠠ᠃

ᠱᠧᠨᠶᠠᠨ ᠪᠢᠩ ᠨᠠᠮ᠎ᠤᠨ ᠡᠬᠢᠨ᠎ᠦ ᠦᠶ᠎ᠡ᠎ᠶᠢᠨ ᠬᠦᠴᠢᠷᠳᠡᠯᠲᠡᠢ ᠦᠶ᠎ᠡ᠎ᠳᠦ ᠨᠠᠮ᠎ᠳᠤ ᠣᠷᠣᠭᠰᠠᠨ ᠪᠥᠭᠡᠳ ᠨᠠᠮ᠎ᠲᠠᠢᠬᠠᠮᠲᠤ ᠬᠦᠴᠢᠷ ᠪᠡᠷᠬᠡᠰᠢᠶᠡᠯ᠎ᠢ ᠲᠤᠭᠤᠯᠵᠤ᠂ ᠨᠠᠮ᠎ᠤᠨ ᠵᠣᠬᠢᠶᠠᠨ ᠪᠠᠢᠭᠤᠯᠤᠯᠲᠠ᠎ᠲᠠᠢ ᠬᠠᠷᠢᠯᠴᠠᠭ᠎ᠠ ᠲᠠᠰᠤᠷᠠᠭᠰᠠᠨ᠎ᠴᠦᠦᠪᠡᠷ᠎ᠤᠨ ᠤᠬᠠᠮᠰᠠᠷ ᠎ᠠᠴᠠ ᠎ᠪᠠᠨ ᠬᠤᠪᠢᠰᠬᠠᠯ ᠎ᠤᠨ 《ᠬᠡᠩᠭᠡᠷᠭᠡᠴᠢᠨ》 ᠪᠠ 《ᠪᠦᠷᠢᠶ᠎ᠡ》 ᠪᠣᠯᠪᠠ᠃ ᠨᠠᠮ ᠢᠯᠠᠯᠲᠠᠣᠯᠣᠭᠰᠠᠨ᠎ᠤ ᠳᠠᠷᠠᠭ᠎ᠠ ᠦᠷᠭᠦᠯᠵᠢᠯᠡᠨ ᠨᠠᠮ᠎ᠤᠨ ᠲᠥᠯᠥᠭᠡ ᠵᠢᠳᠬᠦᠵᠦ᠂ ᠨᠠᠰᠤ ᠪᠠᠷᠠᠬᠤ ᠡᠴᠡ ᠪᠡᠨ ᠡᠮᠦᠨ᠎ᠠ ᠨᠠᠮᠳ᠋ᠠᠭᠠᠨ ᠪᠤᠴᠠᠵᠤ ᠢᠷᠡᠬᠦ᠎ᠶᠢ ᠬᠦᠰᠡᠨ ᠬᠦᠯᠢᠶᠡᠵᠦ ᠪᠠᠢᠨ᠎ᠠ᠃ ᠲᠡᠭᠦᠨ᠎ᠦ ᠬᠦᠰᠡᠯᠡᠩ ᠢᠲᠡᠭᠡᠯ ᠵᠣᠷᠢᠭ᠋᠎ᠤᠨ ᠲᠤᠬᠠᠢᠬᠥᠭᠡᠭᠡᠴᠡᠯᠳᠦᠯ ᠨᠢ ᠡᠷᠡᠰ ᠪᠠᠲᠤ ᠪᠠᠷᠢᠮᠲᠠᠯᠠᠯ ᠪᠤᠯ ᠶᠠᠭᠤ ᠭᠡᠳᠡᠭ ᠢ᠋ ᠬᠦᠢᠴᠡᠳ ᠢᠯᠡᠷᠡᠭᠦᠯᠵᠠᠢ᠃

ᠢᠷᠡᠯᠳᠡ᠄ 《ᠡᠪ ᠬᠠᠮᠲᠤ ᠨᠠᠮ᠎ᠤᠨᠬᠡᠰᠢᠬᠦᠨ᠎ᠤ ᠮᠡᠳᠡᠬᠦ ᠶᠤᠰᠤᠳᠠᠢ ᠨᠠᠮ ᠎ᠤᠨ ᠲᠡᠤᠬᠡ ᠵᠢᠨ ᠵᠢᠵᠢᠭ ᠦᠯᠢᠭᠡᠷ᠎ᠤᠳ 》

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面