ᠲᠡᠷᠢᠭᠦᠨ ᠨᠢᠭᠤᠷ>ᠨᠠᠮ᠎ᠤᠨ ᠪᠠᠢᠭᠤᠯᠤᠯᠲᠠ> ᠨᠠᠮ᠎ᠤ᠋ᠨ ᠲᠡᠦᠬᠡ᠎ᠶ᠋ᠢᠨ ᠮᠡᠳᠡᠯᠭᠡ

2022-10-21 14:48:49

ᠵᠣᠬᠢᠶᠠᠭ᠍ᠴᠢ᠄ ᠱᠧᠨ ᠹᠧᠢ ᠣᠩᠱᠢᠭ᠍ᠰᠠᠨ ᠣᠳᠠᠭ᠎ᠠ᠄ 3

ᠬᠠᠷ᠎ᠠ ᠲᠠᠮᠠᠬᠢ᠎ᠶᠢᠨ ᠳᠠᠶ᠋ᠢᠨ᠎ᠦ ᠳᠠᠷᠠᠭ᠎ᠠ᠂ ᠳᠤᠮᠳᠠᠳᠤ ᠤᠯᠤᠰ ᠬᠦᠨᠳᠦ ᠨᠣᠴᠢᠲᠠᠢ ᠦᠨᠳᠦᠰᠦᠲᠡᠨ᠎ᠦᠬᠢᠮᠤᠷᠠᠯ᠎ᠤᠨ ᠳᠤᠮᠳᠠ ᠣᠷᠣᠰᠢᠵᠤ ᠪᠠᠢᠪᠠ᠃ 1916 ᠣᠨ᠎ᠳᠤ ᠶᠤᠸᠠᠨ ᠱᠢ ᠺᠠᠢ ᠠᠷᠭ᠎ᠠ ᠪᠤᠰᠤ ᠬᠠᠭᠠᠨᠲᠤ ᠪᠠᠢᠭᠤᠯᠤᠯ᠎ᠢᠶᠠᠨᠬᠦᠴᠦᠨ ᠦᠭᠡᠢ ᠪᠣᠯᠭᠠᠵᠠᠢ᠃ ᠲᠤᠰ ᠵᠢᠯ᠎ᠳᠦ ᠯᠢ ᠳᠡ ᠵᠤᠤ ᠶᠠᠫᠤᠨ᠎ᠳᠤ ᠰᠤᠷᠤᠯᠴᠠᠭᠠᠳ ᠪᠤᠴᠠᠵᠤ ᠢᠷᠡᠬᠦ᠎ᠳᠦ᠂ ᠯᠢᠶᠠᠩᠴᠢ ᠴᠤᠤ ᠨᠠᠷ᠎ᠤᠨ ᠤᠷᠢᠯᠭ᠎ᠠ᠎ᠪᠠᠷ 《ᠴᠸᠨᠵᠦᠩ ᠰᠣᠨᠢᠨ》 ᠎ᠤ ᠨᠠᠢᠷᠠᠭᠤᠯᠬᠤ ᠠᠵᠢᠯ᠎ᠢ ᠡᠷᠬᠢᠯᠡᠪᠡ᠃ ᠬᠡᠪᠯᠡᠯ ᠡᠬᠢᠯᠡᠭᠰᠡᠨᠳ᠋ᠤᠭᠠᠷ ᠳᠡᠭᠡᠷ᠎ᠡ ᠯᠢ ᠳᠡ ᠵᠤᠤ 《〈ᠴᠸᠨ ᠵᠦᠡᠭ〉 ᠎ᠤᠨ ᠡᠭᠦᠷᠭᠡ ᠊᠊᠊ ᠵᠠᠯᠠᠭᠤ ᠨᠠᠰᠤᠨ᠎ᠤᠳᠤᠮᠳᠠᠳᠤ᠎ᠶᠢᠨ ᠡᠭᠦᠳᠦᠨ ᠪᠦᠲᠦᠭᠡᠯᠲᠡ》 ᠵᠢ ᠨᠡᠢᠲᠡᠯᠡᠪᠡ᠃

ᠲᠤᠰ ᠵᠣᠬᠢᠶᠠᠯ᠎ᠳᠤ ᠯᠢ ᠳᠡ ᠵᠤᠤ ᠠᠩᠬ᠎ᠠ ᠤᠳᠠᠭ᠎ᠠ ᠥᠪᠡᠷ᠎ᠦᠨ 《ᠵᠠᠯᠠᠭᠤ ᠨᠠᠰᠤᠨ᠎ᠤ ᠳᠤᠮᠳᠠᠳᠤ ᠤᠯᠤᠰ》 ᠎ᠤᠨ ᠬᠦᠰᠡᠯᠡᠩ᠎ᠢᠶᠡᠨ ᠲᠣᠳᠣᠷᠬᠠᠢᠯᠠᠵᠤ᠂ ᠵᠠᠯᠠᠭᠤᠴᠤᠳ᠎ᠲᠤ ᠥᠪᠡᠷ᠎ᠦᠨ ᠤᠬᠠᠮᠰᠠᠷ᠎ᠠᠴᠠ᠎ᠪᠠᠨᠡᠷᠡᠯᠬᠡᠭᠯᠡᠨ ᠲᠡᠮᠡᠴᠡᠬᠦ ᠤᠷᠢᠶᠠᠯᠠᠭ᠎ᠠ ᠭᠠᠷᠭᠠᠪᠠ᠃ ᠲᠡᠷᠡ᠂ ᠳᠤᠮᠳᠠᠳᠤ᠎ᠶᠢᠨ ᠦᠨᠳᠦᠰᠦᠲᠡᠨ᠎ᠦ ᠪᠠᠴᠢᠮ ᠰᠢᠢᠳᠪᠦᠷᠢᠯᠡᠬᠦᠴᠢᠬᠤᠯᠠᠲᠠᠢ ᠠᠰᠠᠭᠤᠳᠠᠯ ᠪᠣᠯ ᠮᠥᠬᠥᠬᠦ ᠡᠰᠡᠬᠦ᠎ᠶᠢᠨ ᠠᠰᠠᠭᠤᠳᠠᠯ ᠪᠢᠰᠢ᠂ ᠬᠠᠷᠢᠨ ᠬᠡᠷᠬᠢᠨ ᠵᠠᠯᠠᠭᠤ ᠨᠠᠰᠤ᠎ᠶᠢᠳᠠᠬᠢᠨ ᠪᠣᠢᠵᠢᠭᠤᠯᠬᠤ ᠶᠠᠪᠤᠳᠠᠯ ᠪᠣᠯᠣᠨ᠎ᠠ; ᠳᠤᠮᠳᠠᠳᠤ ᠤᠯᠤᠰ᠎ᠤᠨ ᠭᠠᠷᠬᠤᠵᠠᠮ ᠪᠣᠯ ᠬᠠᠭᠤᠴᠢᠨ ᠤᠯᠠᠮᠵᠢᠯᠠᠯ᠂ ᠬᠠᠭᠤᠴᠢᠨ ᠣᠢᠯᠠᠭᠠᠭᠳᠠᠬᠤᠨ᠎ᠤ ᠬᠦᠯᠢᠶᠡᠰᠦᠯᠡᠯ᠎ᠡᠴᠡ ᠮᠤᠯᠲᠤᠷᠠᠵᠤ᠂ ᠡᠷᠡᠯᠬᠡᠭᠯᠡᠨᠤᠷᠤᠭᠰᠢᠯᠠᠵᠤ᠂ ᠱᠠᠯᠠᠮᠠᠭᠠᠢᠯᠠᠨ ᠪᠣᠰᠴᠤ ᠱᠠᠯᠠᠮᠠᠭᠠᠢᠯᠠᠨ ᠨᠡᠬᠡᠵᠦ᠂ ᠢᠷᠡᠭᠡᠳᠦᠢ᠎ᠳᠦ ᠬᠠᠨᠳᠤᠭᠰᠠᠨ ᠠᠮᠢᠵᠢᠷᠠᠯ᠎ᠤᠨᠬᠦᠴᠦᠨ᠎ᠢᠶᠡᠷ ᠪᠢᠯᠬᠠᠮ᠎ᠠ ᠵᠠᠯᠠᠭᠤ ᠨᠠᠰᠤᠨ᠎ᠤ ᠳᠤᠮᠳᠠᠳᠤ ᠤᠯᠤᠰ᠎ᠢ ᠪᠠᠶ᠋ᠢᠭᠤᠯᠬᠤ᠎ᠳᠤ ᠪᠠᠢᠨ᠎ᠠ᠃ ᠤᠳᠠᠯ ᠦᠭᠡᠢ᠂ᠯᠢ ᠳᠡ ᠵᠤᠤ᠎ᠶᠢᠨ ᠨᠦᠬᠦᠭᠡ ᠨᠢᠭᠡ 《ᠵᠠᠯᠠᠭᠤ ᠨᠠᠰᠤ 》 ᠬᠡᠬᠦ ᠵᠤᠬᠢᠶᠠᠯ ᠨᠢ 《ᠰᠢᠨ᠎ᠡ ᠵᠠᠯᠠᠭᠤᠴᠤᠳ》 ᠰᠡᠳᠬᠦᠯ᠎ ᠳ᠋ᠤ ᠨᠡᠢᠲᠡᠯᠡᠭᠳᠡᠵᠡᠢ᠃ ᠵᠣᠬᠢᠶᠠᠯ᠎ᠳᠤ ᠤᠯᠤᠰ᠎ᠢᠶᠠᠨ ᠬᠠᠢᠷᠠᠯᠠᠬᠤᠪᠠ ᠤᠯᠤᠰ᠎ᠢᠶᠠᠨ ᠠᠪᠤᠷᠠᠬᠤ᠎ᠶᠢ ᠳᠠᠬᠢᠨᠲᠠ ᠳᠡᠭᠡᠳᠦ ᠬᠡᠮᠵᠢᠶ᠎ᠡ᠎ᠪᠡᠷ ᠨᠢᠭᠡᠳᠬᠡᠵᠦ᠂ ᠳᠤᠮᠳᠠᠳᠤ ᠤᠯᠤᠰ ᠶᠠᠭᠬᠠᠷᠠᠩᠭᠤᠢ ᠪᠠ ᠦᠦᠷ᠎ᠦᠨ ᠭᠡᠭᠡ᠎ᠶᠢᠨ ᠠᠭᠤᠯᠵᠠᠷ᠎ᠲᠤ ᠣᠷᠣᠰᠢᠵᠤ ᠪᠠᠢᠨ᠎ᠠ᠂ ᠵᠠᠯᠠᠭᠤᠴᠤᠳ᠎ᠢ ᠴᠤᠭ ᠪᠠᠳᠠᠷᠠᠩᠭᠤᠢᠤᠯᠤᠰ ᠣᠷᠣᠨ᠎ᠢ ᠪᠦᠲᠦᠭᠡᠨ ᠪᠠᠶ᠋ᠢᠭᠤᠯᠬᠤ᠎ᠶᠢᠨ ᠲᠥᠯᠥᠭᠡ ᠲᠡᠮᠡᠴᠡᠬᠦ᠎ᠶᠢ ᠵᠣᠷᠢᠭ᠍ᠵᠢᠭᠤᠯᠵᠠᠢ᠃

1918 ᠣᠨ᠎ᠳᠤ᠂ ᠯᠢ ᠳᠡ ᠵᠤᠤᠪᠡᠭᠡᠵᠢᠩ ᠶᠡᠬᠡ ᠰᠤᠷᠭᠠᠭᠤᠯᠢ᠎ᠶᠢᠨ ᠨᠣᠮ᠎ᠤᠨ ᠰᠠᠩ᠎ᠤᠨ ᠡᠷᠬᠢᠯᠡᠭᠴᠢ᠎ᠶᠢᠨ ᠲᠤᠰᠢᠶᠠᠯ᠎ᠢ ᠬᠠᠷᠢᠭᠤᠴᠠᠵᠤ᠂ ᠰᠢᠨ᠎ᠡᠰᠣᠶᠣᠯ᠎ᠤᠨ ᠬᠥᠳᠡᠯᠭᠡᠭᠡᠨ᠎ᠦ ᠭᠣᠣᠯ ᠬᠦᠴᠦᠨ ᠪᠣᠯᠵᠤ᠂ ᠳᠤᠮᠳᠠᠳᠤ ᠤᠯᠤᠰ᠎ᠤᠨ ᠬᠠᠮᠤᠭ᠎ᠤᠨ ᠡᠷᠲᠡᠨ᠎ᠦ ᠮᠠᠷᠺᠰ᠎ᠤᠨᠦᠵᠡᠯ᠎ᠦᠨ ᠤᠯᠠᠮᠵᠢᠯᠠᠭ᠍ᠴᠢ᠎ᠶᠢᠨ ᠨᠢᠭᠡ ᠪᠣᠯᠪᠠ᠃ ᠯᠢ ᠳᠡ ᠵᠤᠤ᠎ᠶᠢᠨ ᠦᠵᠡᠬᠦ᠎ᠪᠡᠷ ᠂ ᠡᠷᠲᠡᠨ᠎ᠦ ᠦᠨᠳᠦᠰᠦᠲᠡᠨᠤᠷᠢ ᠵᠠᠯᠠᠭᠤ ᠨᠠᠰᠤ᠎ᠪᠠᠨ ᠲᠠᠬᠢᠨ ᠢᠯᠡᠷᠡᠭᠦᠯᠵᠦ ᠳᠡᠶ᠋ᠢᠯᠬᠦ ᠡᠰᠡᠬᠦ᠎ᠶᠢᠨ ᠵᠠᠩᠭᠢᠯᠠᠭ᠎ᠠ ᠨᠢ 《ᠵᠠᠯᠠᠭᠤᠴᠤᠳ᠎ᠤᠨ ᠤᠬᠠᠮᠰᠠᠷ ᠶᠠᠮᠠᠷᠰᠢᠤ ᠪᠠᠢᠬᠤ᠎ᠲᠠᠢ ᠬᠣᠯᠪᠣᠭᠳᠠᠨ᠎ᠠ》᠂ ᠡᠢᠮᠦ᠎ᠡᠴᠡ ᠵᠠᠯᠠᠭᠤᠴᠤᠳ᠎ᠤᠨ ᠰᠡᠩᠬᠡᠷᠡᠭᠦᠯᠦᠯ᠎ᠦᠨ ᠲᠥᠯᠥᠭᠡ ᠴᠢᠷᠮᠠᠢᠵᠤ᠂ᠵᠠᠯᠠᠭᠤᠴᠤᠳ᠎ᠤᠨ ᠰᠠᠢᠨ ᠪᠠᠭ᠍ᠰᠢ ᠳᠣᠲᠣᠨᠣ᠌ ᠨᠠᠢᠵᠠ ᠪᠣᠯᠬᠤ ᠪᠡᠷ ᠠᠵᠢᠯᠯᠠᠵᠠᠢ᠃

ᠲᠤᠬᠠᠢ᠎ᠶᠢᠨ ᠦᠶ᠎ᠡ᠎ᠶᠢᠨ ᠯᠢ ᠳᠡ ᠵᠣᠣ ᠰᠠᠷ᠎ᠠ ᠪᠦᠷᠢ 240 ᠮᠥᠩᠭᠥᠨ ᠵᠣᠭᠣᠰ ᠣᠯᠳᠠᠭ᠃ᠭᠡᠪᠡᠴᠦ ᠲᠡᠭᠦᠨ᠎ᠦ ᠡᠬᠡᠨᠡᠷ ᠵᠣᠣ ᠴᠧ ᠯᠠᠨ ᠨᠢ ᠦᠷᠭᠦᠯᠵᠢ ᠭᠡᠷ᠎ᠦᠨ᠎ᠢᠶᠡᠨ ᠠᠮᠢᠳᠤᠷᠠᠯ᠎ᠤᠨ ᠲᠥᠯᠥᠭᠡ ᠰᠠᠨᠠᠭ᠎ᠠᠵᠣᠪᠠᠳᠠᠭ᠂ ᠤᠴᠢᠷ ᠨᠢ ᠯᠢ ᠳᠡ ᠵᠣᠣ ᠦᠷᠭᠦᠯᠵᠢ ᠠᠯᠢᠪᠠ ᠪᠡᠷ ᠵᠢᠡᠨ ᠶᠠᠳᠠᠭᠤ ᠰᠤᠷᠤᠭ᠍ᠴᠢᠳ᠎ᠢ ᠲᠡᠳᠬᠦᠳᠡᠭ᠃ ᠬᠠᠮᠤᠭᠰᠡᠭᠦᠯ ᠳ᠋ᠦ᠍ᠨᠢ᠂ ᠪᠡᠭᠡᠵᠢᠩ ᠶᠡᠬᠡ ᠰᠤᠷᠭᠠᠭᠤᠯᠢ᠎ᠶᠢᠨ ᠵᠠᠬᠢᠷᠤᠯ ᠼᠠᠢ ᠶᠤᠸᠠᠨ ᠫᠸᠢ ᠠᠷᠭ᠎ᠠ ᠪᠤᠰᠤ ᠨᠢᠭ᠍ᠲᠠᠯᠠᠨᠪᠣᠳᠣᠬᠤ ᠰᠠᠯᠠᠭ᠎ᠠ᠎ᠶᠢ ᠰᠠᠷ᠎ᠠ ᠪᠦᠷᠢ ᠴᠠᠯᠢᠩ ᠥᠭᠬᠦ᠎ᠳᠡᠭᠡᠨ ᠨᠢᠭᠡ ᠬᠡᠰᠡᠭ᠎ᠢ ᠨᠢ ᠤᠷᠢᠳ᠎ᠢᠶᠠᠷ ᠬᠠᠰᠤᠵᠤ᠂ᠥᠪᠡᠷ᠎ᠦᠨ ᠭᠠᠷ᠎ᠢᠶᠠᠷ᠎ᠢᠶᠠᠨ ᠯᠢ ᠬᠠᠲᠤᠭᠲᠠᠢ᠎ᠳᠤ ᠥᠭᠬᠦᠨ᠎ᠠ ᠬᠡᠵᠤ ᠱᠠᠭᠠᠷᠳᠠᠪᠠ᠃

ᠮᠠᠤ ᠽᠧ ᠳ᠋ᠦᠩ ᠬᠣᠵᠢᠮ ᠨᠢ ᠡᠷᠭᠢᠴᠡᠭᠦᠯᠬᠦ᠎ᠳᠡᠭᠡᠨ᠂ ᠲᠡᠷᠡ ᠪᠡᠭᠡᠵᠢᠩ ᠶᠡᠬᠡ ᠰᠤᠷᠭᠠᠭᠤᠯᠢ᠎ᠳᠤᠣᠴᠢᠵᠤ ᠠᠵᠢᠯ ᠡᠷᠢᠬᠦ ᠳ᠋ᠦ ᠯᠢ ᠳᠡ ᠵᠤᠤ᠎ᠶᠢᠨ ᠲᠠᠭᠠᠰᠢᠶᠠᠯ᠎ᠢ ᠣᠯᠵᠤ᠂ ᠲᠤᠰᠠᠯᠠᠭ᠍ᠴᠢ ᠪᠣᠯᠬᠤ᠎ᠪᠠᠷ ᠲᠣᠬᠢᠷᠠᠭᠤᠯᠪᠠ᠃ᠪᠡᠭᠡᠵᠢᠩ ᠶᠡᠬᠡ ᠰᠤᠷᠭᠠᠭᠤᠯᠢ᠎ᠳᠤ ᠪᠠᠢᠬᠤ ᠬᠤᠭᠤᠴᠠᠭᠠᠨ᠎ᠳᠠᠭᠠᠨ᠂ ᠲᠡᠷᠡ ᠦᠷᠭᠦᠯᠵᠢ ᠭᠦᠨ ᠤᠬᠠᠭᠠᠨ ᠪᠠ ᠰᠣᠨᠢᠨᠮᠡᠳᠡᠭᠡᠨ᠎ᠦ ᠬᠢᠴᠢᠶᠡᠯ᠎ᠢ ᠰᠤᠯᠠ ᠰᠣᠨᠣᠰᠴᠤ᠂ ᠨᠡᠷᠡᠳᠤ ᠬᠥᠮᠥᠰ᠎ᠢᠶᠡᠷ ᠵᠢᠭᠠᠯᠭᠠᠬᠤ ᠪᠡᠷ ᠬᠦᠰᠡᠳᠡᠭᠪᠠᠢᠵᠠᠢ᠂ ᠭᠡᠲᠡᠯ᠎ᠡ 《ᠲᠡᠳᠡ ᠪᠦᠷ ᠶᠠᠭᠠᠷᠠᠤᠬᠥᠮᠥᠰ ᠪᠠᠢᠵᠤ᠂ ᠨᠣᠮ᠎ᠤᠨ ᠰᠠᠩ᠎ᠤᠨ ᠲᠤᠰᠠᠯᠠᠭ᠍ᠴᠢ᠎ᠶᠢᠨ ᠡᠮᠦᠨᠡᠳᠦ ᠣᠷᠣᠨ᠎ᠤ ᠦᠭᠡ ᠶᠠᠷᠢᠬᠤ᠎ᠶᠢ ᠰᠣᠨᠣᠰᠬᠤ ᠴᠠᠭᠦᠭᠡᠢ ᠪᠠᠢᠪᠠ》᠃ ᠲᠤᠬᠠᠢ᠎ᠶᠢᠨ ᠦᠶ᠎ᠡ᠎ᠳᠦ ᠨᠢᠭᠡᠨᠲᠡ ᠡᠷᠳᠡᠮ ᠰᠢᠨᠵᠢᠯᠡᠭᠡᠨ᠎ᠦᠬᠢᠨ ᠳ᠋ᠦ ᠡᠷᠬᠡ ᠰᠦᠷᠲᠠᠢ ᠪᠣᠯᠤᠭᠰᠠᠨ ᠯᠢ ᠳᠡ ᠵᠣᠣ᠂ ᠡᠨᠡ ᠬᠦ᠌ ᠳᠤᠮᠳᠠᠳᠤ ᠵᠡᠷᠭᠡ᠎ᠶᠢᠨ ᠪᠠᠭ᠍ᠰᠢ᠎ᠶᠢᠨ ᠰᠤᠷᠭᠠᠭᠤᠯᠢ᠎ᠶᠢᠨᠰᠤᠷᠤᠯᠭ᠎ᠠ᠎ᠶᠢᠨ ᠨᠠᠮᠲᠠᠷ᠎ᠲᠠᠢ ᠪᠠᠭ᠍ᠰᠢ ᠵᠢᠨ ᠠᠰᠠᠭᠤᠯᠲᠠ ᠪᠦᠬᠦᠨ ᠢ᠋ ᠵᠠᠪᠠᠯ ᠬᠠᠷᠢᠭᠤᠯᠬᠤ᠎ᠪᠠᠷ ᠪᠠᠷᠠᠬᠤᠦᠭᠡᠢ ᠪᠠᠰᠠ ᠦᠷᠭᠦᠯᠵᠢ ᠰᠢᠨ᠎ᠡ ᠨᠣᠮ ᠲᠠᠨᠢᠯᠴᠠᠭᠤᠯᠵᠤ ᠪᠠᠢᠪᠠ᠃ 1949 ᠣᠨ᠎ᠳᠤ ᠮᠠᠤ ᠽᠧ ᠳ᠋ᠦᠩᠲᠥᠪ᠎ᠦᠨ ᠤᠳᠤᠷᠢᠳᠬᠤ ᠪᠠᠢᠭᠤᠯᠭ᠎ᠠ᠎ᠶᠢ ᠳᠠᠭᠠᠭᠤᠯᠤᠨ ᠰᠢ ᠪᠠᠢ ᠫᠦᠸᠸ ᠡᠴᠡ ᠪᠸᠢᠢᠫᠢᠩ᠎ᠳᠤ ᠣᠷᠣᠵᠤ᠄ 30 ᠵᠢᠯ᠎ᠦᠨ ᠡᠮᠦᠨ᠎ᠡ ᠪᠢ ᠤᠯᠤᠰ᠎ᠢᠶᠠᠨ ᠠᠪᠤᠷᠠᠬᠤ ᠠᠷᠠᠳᠲᠦᠮᠡᠨ᠎ᠢᠶᠡᠨ ᠠᠪᠤᠷᠠᠬᠤ ᠦᠨᠡᠨ ᠶᠣᠰᠣ᠌᠎ᠶᠢ ᠡᠷᠢᠯᠬᠢᠯᠡᠬᠦ᠎ᠶᠢᠨ ᠲᠥᠯᠥᠭᠡ ᠵᠢᠳᠭᠦᠵᠤ ᠪᠠᠢᠪᠠ ᠁ ᠪᠸᠢᠢᠫᠢᠩ᠎ᠳᠤᠨᠢᠭᠡᠨ ᠰᠠᠢᠨ ᠬᠥᠮᠥᠨ᠎ᠲᠠᠢ ᠠᠭᠤᠯᠵᠠᠪᠠ᠂ ᠲᠡᠷᠡ ᠪᠣᠯ ᠳᠠᠷᠤᠢ ᠯᠢ ᠳᠡ ᠵᠤᠤ ᠨᠥᠬᠥᠷ ᠪᠣᠯᠣᠨ᠎ᠠ ᠬᠡᠵᠡᠢ᠃

《ᠵᠠᠯᠠᠭᠤ ᠨᠠᠰᠤᠨ᠎ᠤ ᠳᠤᠮᠳᠠᠳᠤ ᠤᠯᠤᠰ》 ᠎ᠤᠨ ᠬᠦᠰᠡᠯᠡᠩᠨᠢ ᠯᠢ ᠳᠡ ᠵᠤᠤ᠎ᠶᠢᠨ ᠨᠢᠭᠡ ᠨᠠᠰᠤ᠎ᠪᠠᠷ᠎ᠢᠶᠠᠨ ᠳᠤᠮᠳᠠᠳᠤ᠎ᠶᠢᠨ ᠦᠨᠳᠦᠰᠦᠲᠡᠨ᠎ᠦ ᠰᠡᠷᠭᠦᠨ ᠮᠠᠨᠳᠤᠯᠲᠠ᠎ᠶᠢᠨᠲᠥᠯᠥᠭᠡ ᠲᠡᠮᠡᠴᠡᠭᠰᠡᠨ ᠡᠷᠬᠢᠮ ᠳᠡᠭᠡᠳᠦ ᠪᠤᠳᠤᠯ ᠪᠣᠯᠣᠨ ᠴᠥᠬᠥᠷᠡᠰᠢ ᠦᠭᠡᠢ ᠲᠡᠮᠡᠴᠡᠬᠦ ᠵᠣᠷᠢᠭ᠋ ᠰᠠᠨᠠᠭ᠎ᠠ᠎ᠶᠢᠪᠤᠢ ᠪᠣᠯᠭᠠᠵᠤ᠂ ᠲᠡᠭᠦᠨ᠎ᠢ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠬᠠᠮᠤᠭ᠎ᠤᠨ ᠴᠢᠬᠤᠯᠠ ᠡᠭᠦᠰᠬᠡᠨ ᠪᠠᠢᠭᠤᠯᠤᠭ᠍ᠴᠢᠪᠠ ᠬᠤᠪᠢᠰᠬᠠᠯᠴᠢ᠎ᠶᠢᠨ ᠨᠢᠭᠡ ᠪᠣᠯᠭᠠᠵᠠᠢ᠃ 1927 ᠣᠨ᠎ᠤ 4 ᠰᠠᠷ᠎ᠠ᠎ᠶᠢᠨ6᠎ᠤ ᠡᠳᠦᠷ᠂ ᠯᠢ ᠳᠡ ᠵᠤᠤ ᠪᠠᠷᠢᠪᠴᠢᠯᠠᠭᠳᠠᠨᠭᠢᠨᠳᠠᠨ᠎ᠳᠤ ᠣᠷᠣᠪᠠ᠃ ᠲᠤᠬᠠᠢ᠎ᠶᠢᠨ ᠦᠶ᠎ᠡ᠎ᠶᠢᠨ ᠰᠣᠨᠢᠨ᠎ᠤ ᠮᠡᠳᠡᠭᠡᠯᠡᠯ᠎ᠢ ᠦᠨᠳᠦᠰᠦᠯᠡᠪᠡᠯ᠂ ᠲᠡᠷᠡ ᠰᠢᠭᠦᠭᠳᠡᠬᠦᠦᠶ᠎ᠡ᠎ᠳᠦ 《ᠵᠣᠷᠢᠭ᠋ ᠰᠠᠨᠠᠭ᠎ᠠ ᠨᠢ ᠮᠠᠰᠢ ᠪᠠᠳᠠᠷᠠᠩᠭᠤᠢ᠂ ᠣᠪᠣᠷ ᠨᠢᠲᠤᠢᠯ᠎ᠤᠨ ᠲᠣᠭᠲᠠᠭᠤᠨ》 ᠪᠠᠢᠵᠤ᠂ ᠪᠠᠭᠠᠲᠤᠷᠯᠢᠭ᠋᠎ᠢᠶᠠᠷ ᠪᠡᠶ᠎ᠡ ᠦᠷᠡᠭᠳᠡᠬᠦᠦᠶ᠎ᠡ᠎ᠳᠦ 38 ᠨᠠᠰᠤ ᠬᠦᠷᠦᠭᠡᠳᠦᠢ ᠪᠠᠢᠵᠠᠢ᠃

( ᠢᠷᠡᠯᠳᠡ᠄ 《ᠡᠪ ᠬᠠᠮᠲᠤ ᠨᠠᠮ᠎ᠤᠨᠬᠡᠰᠢᠬᠦᠨ᠎ᠤ ᠮᠡᠳᠡᠬᠦ ᠶᠤᠰᠤᠳᠠᠢ ᠨᠠᠮ ᠎ᠤᠨ ᠲᠡᠤᠬᠡ ᠵᠢᠨ ᠵᠢᠵᠢᠭ ᠦᠯᠢᠭᠡᠷ᠎ᠤᠳ 》 )

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠠᠨᠠᠷ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面