ᠲᠡᠷᠢᠭᠦᠨ ᠨᠢᠭᠤᠷ>ᠰᠤᠷᠭᠠᠨ ᠬᠦᠮᠦᠵᠢᠯ >ᠤᠯᠤᠰ᠎ᠤᠨ ᠰᠢᠯᠭᠠᠯᠲᠠ

2025-05-26 10:37:03

ᠵᠣᠬᠢᠶᠠᠭ᠍ᠴᠢ᠄ ᠨᠠᠪᠴᠢ ᠣᠩᠱᠢᠭ᠍ᠰᠠᠨ ᠣᠳᠠᠭ᠎ᠠ᠄ 3

ᠨᠠᠢᠷᠠᠭᠤᠯᠤᠭᠴᠢ ᠵᠢᠨ ᠦᠬᠡ᠄ ᠨᠡᠢᠳᠡ ᠤᠯᠠᠨ᠎ᠤ ᠰᠡᠳᠭᠢᠯ ᠎ᠢ ᠰᠢᠵᠢᠮᠳᠡᠭᠰᠡᠨ ᠶᠡᠬᠡ ᠲᠡᠭᠡᠳᠦ ᠰᠤᠷᠭᠠᠭᠤᠯᠢ ᠳ᠋ᠤ ᠰᠤᠷᠤᠭᠴᠢ ᠡᠯᠰᠡᠬᠦ ᠤᠯᠤᠰ᠎ᠤᠨ ᠨᠢᠬᠡᠳᠦᠯᠳᠡᠢ ᠰᠢᠯᠭᠠᠯᠳᠠ ᠬᠤᠨᠤᠭ ᠳᠤᠭᠠᠯᠠᠭᠰᠠᠭᠠᠷ ᠬᠦᠷᠦᠭᠡᠳ ᠢᠷᠡᠯ᠎ᠠ᠃ ᠦᠷᠯᠦᠭᠡ ᠦᠳᠡᠰᠢ ᠵᠢ ᠲᠡᠮᠡᠴᠡᠨ᠂ ᠬᠠᠭᠤᠳᠠᠰᠤ ᠬᠠᠭᠤᠳᠠᠰᠤ ᠰᠢᠯᠭᠠᠯᠳᠠ ᠤᠪᠤᠭ᠎ᠠ ᠤᠪᠤᠭ᠎ᠠ ᠰᠡᠳᠦᠪ ᠵᠢᠡᠷ ᠦᠪᠡᠷ᠎ᠢ ᠪᠠᠨ ᠰᠤᠷᠢᠵᠤ ᠪᠤᠯᠪᠠᠰᠤᠷᠠᠵᠤ ᠢᠷᠡᠭᠰᠡᠨ ᠲᠠᠬᠦᠦ ᠨᠡᠷ ᠮᠠᠨᠢ ᠤᠶᠤᠨ ᠮᠡᠳᠡᠯᠬᠡ ᠵᠢᠨ ᠦᠷᠢᠰᠦᠯᠳᠦᠬᠡᠨ ᠵᠢᠷᠦᠬᠡᠨ ᠳᠠᠮᠢᠷ᠎ᠤᠨ ᠰᠤᠷᠢᠯᠳᠠ ᠪᠤᠯᠤᠭᠰᠠᠨ ᠲᠡᠷᠡ ᠬᠦ᠌ ᠰᠢᠯᠭᠠᠯᠳᠠ ᠵᠢᠨ ᠳᠠᠯᠠᠪᠠᠢ ᠳ᠋ᠤ ᠤᠳᠠᠯ ᠦᠬᠡᠢ ᠦᠷᠢᠰᠦᠯᠳᠦᠬᠦ ᠪᠤᠯᠤᠨ᠎ᠠ᠃ ᠤᠯᠤᠰ᠎ᠤᠨ ᠨᠢᠬᠡᠳᠦᠯᠳᠡᠢ ᠰᠢᠯᠭᠠᠯᠳᠠ ᠬᠡᠭᠴᠢ ᠲᠠ ᠨᠠᠷ᠎ᠤᠨ ᠠᠮᠢᠳᠤᠷᠠᠯ᠎ᠤᠨ ᠠᠶᠠᠨ ᠳ᠋ᠤ ᠳᠤᠬᠢᠶᠠᠭᠰᠠᠨ ᠨᠢᠬᠡᠨ ᠦᠨᠳᠦᠷᠬᠡᠨ ᠳᠠᠪᠠᠭ᠎ᠠ ᠳᠡᠳᠦᠢ᠃ 《ᠰᠡᠳᠬᠢᠯ ᠪᠠᠢᠪᠠᠯ ᠵᠢᠳᠬᠦᠯ ᠲᠦᠷᠦᠨ᠎ᠡ᠂ ᠵᠢᠳᠬᠦᠯ ᠪᠠᠢᠪᠠᠯ ᠪᠦᠳᠦᠬᠡᠯ ᠲᠦᠷᠦᠨ᠎ᠡ》 ᠬᠡᠳᠡᠭ ᠵᠢᠡᠷ ᠠᠷᠪᠠ ᠭᠠᠷᠤᠢ ᠵᠢᠯ᠎ᠤᠨ ᠰᠢᠷᠭᠠᠭᠤ ᠴᠢᠷᠮᠠᠢᠯᠭ᠎ᠠ ᠪᠡᠷ᠎ᠢᠶᠡᠨ ᠡᠨᠡ ᠬᠦ᠌ ᠲᠠᠪᠠᠭ᠎ᠠ ᠵᠢ ᠰᠢᠯᠤᠭᠤᠬᠠᠨ ᠲᠠᠪᠠᠨ᠎ᠠ ᠭᠡᠳᠡᠭ ᠲᠡᠭᠡᠨ ᠢᠳᠡᠭᠡᠭᠡᠷᠡᠢ᠃

ᠡᠨᠡ ᠵᠢᠯ ᠪᠤᠯ ᠮᠠᠨ ᠤ᠋ ᠤᠷᠤᠨ 《3 + 1+ 2》 ᠰᠢᠨ᠎ᠡ ᠬᠡᠯᠪᠡᠷᠢ ᠵᠢᠨ ᠤᠯᠤᠰ᠎ᠤᠨ ᠨᠢᠬᠡᠳᠦᠯᠳᠡᠢ ᠰᠢᠯᠭᠠᠯᠳᠠ ᠵᠢ ᠬᠡᠷᠡᠭᠵᠢᠬᠦᠯᠬᠦ ᠠᠩᠬᠠᠨ᠎ᠤ ᠵᠢᠯ ᠪᠤᠯᠤᠨ᠎ᠠ᠂ ᠡᠭᠦᠨ᠎ᠤ ᠬᠠᠮᠳᠤ ᠶᠡᠬᠡ ᠳᠡᠬᠡᠳᠤ ᠰᠤᠷᠭᠠᠭᠤᠯᠢ ᠳ᠋ᠤ ᠰᠤᠷᠤᠭᠴᠢ ᠡᠯᠰᠡᠬᠦ ᠡᠷᠡᠮᠡᠯᠵᠡᠯ ᠳᠠᠭᠯᠠᠬᠤ ᠲᠠᠯ᠎ᠠ ᠪᠡᠷ ᠴᠤ᠌ ᠵᠡᠷᠬᠡᠴᠡᠬᠡ ᠡᠷᠡᠮᠡᠯᠵᠡᠯ ᠳᠠᠭᠯᠠᠬᠤ ᠠᠷᠭ᠎ᠠ ᠵᠢ ᠬᠡᠷᠡᠭᠵᠢᠬᠦᠯᠦᠨ᠎ᠡ᠃ ᠰᠢᠨ᠎ᠡ ᠰᠢᠯᠭᠠᠯᠳᠠ ᠵᠢᠨ ᠬᠡᠯᠪᠡᠷᠢ ᠳ᠋ᠤ ᠵᠤᠬᠢᠴᠠᠵᠤ᠂ ᠰᠤᠷᠭᠠᠭᠤᠯᠢ᠂ ᠪᠠᠭᠰᠢ᠂ ᠬᠡᠷ᠎ᠤᠨ ᠠᠬᠠᠮᠠᠳ ᠬᠢᠷᠢ ᠵᠡᠷᠭᠡ ᠪᠡᠯᠡᠳᠭᠡᠯ ᠬᠢᠭᠰᠡᠨ᠂ ᠰᠤᠷᠤᠭᠴᠢᠳ ᠦᠯᠡᠳᠡᠵᠦ ᠪᠠᠢᠭ᠎ᠠ ᠤᠬᠤᠷᠬᠠᠨ ᠴᠠᠭ ᠵᠢᠡᠨ ᠬᠡᠷᠬᠢᠨ ᠠᠰᠢᠭᠯᠠᠬᠤ᠂ ᠰᠡᠳᠬᠢᠯ᠎ᠤᠨ ᠡᠷᠡᠬᠡᠯᠵᠡᠯ ᠬᠦᠯᠢᠶᠡᠰᠤ ᠪᠠᠨ ᠶᠠᠭᠠᠬᠢᠨ ᠠᠯᠳᠠᠷᠠᠭᠠᠬᠤ᠂ ᠰᠢᠯᠭᠠᠯᠳᠠ ᠵᠢᠨ ᠳᠠᠯᠠᠪᠠᠢ ᠳ᠋ᠤ ᠦᠪᠡᠷ᠎ᠤᠨ ᠬᠢᠷᠢ ᠪᠦᠳᠦᠮᠵᠢ ᠪᠠᠨ ᠬᠡᠷᠬᠢᠨ ᠰᠠᠢᠨ ᠪᠠᠳᠠᠷᠠᠭᠤᠯᠬᠤ ᠳᠤᠬᠠᠢ ᠳᠤᠰᠠ ᠳᠡᠮ ᠬᠠᠩᠭᠠᠬᠤ ᠵᠢ ᠵᠤᠷᠢᠵᠤ᠂ ᠪᠢᠳᠡ ᠦᠩᠬᠡᠷᠡᠭᠰᠡᠨ ᠵᠢᠯ ᠤᠯᠤᠰ᠎ᠤᠨ ᠨᠢᠭᠡᠳᠦᠯᠳᠡᠢ ᠰᠢᠯᠭᠠᠯᠳᠠ ᠳ᠋ᠤ ᠤᠷᠤᠯᠴᠠᠨ ᠰᠡᠳᠭᠢᠯ ᠳ᠋ᠡᠭᠡᠨ ᠲᠠᠭᠠᠯᠠᠬᠳᠠᠬᠰᠠᠨ ᠶᠡᠬᠡ ᠰᠤᠷᠭᠠᠭᠤᠯᠢ ᠳ᠋ᠠᠭᠠᠨ ᠶᠠᠪᠤᠬᠰᠠᠨ ᠨᠤᠮ᠎ᠤᠨ ᠠᠬ᠎ᠠ ᠡᠬᠡᠴᠢ ᠨᠠᠷ ᠵᠢᠴᠢ ᠲᠤᠷᠰᠢᠯᠭ᠎ᠠ ᠪᠠᠶᠠᠨ ᠪᠠᠭᠰᠢ᠂ ᠬᠡᠷ᠎ᠤᠨ ᠠᠬᠠᠮᠠᠳ ᠡᠴᠡ ᠨᠠᠨᠳᠢᠨ ᠵᠦᠪᠯᠡᠯᠬᠡ ᠠᠪᠴᠤ ᠰᠢᠯᠭᠠᠯᠳᠠ ᠳ᠋ᠤ ᠪᠡᠯᠡᠳᠭᠡᠭᠡ ᠳᠡᠬᠦᠦ ᠨᠡᠷ ᠲᠠᠢ ᠪᠠᠨ ᠬᠤᠪᠢᠶᠠᠯᠴᠠᠵᠤ ᠪᠠᠢᠨ᠎ᠠ᠃


QQ20250526-103911.png

ᠬᠤᠰᠢᠭᠤᠴᠢᠨ᠂ ᠲᠦᠪ᠎ᠤᠨ ᠡᠳ᠋᠎ᠤᠨ ᠵᠠᠰᠠᠭ ᠠᠵᠤ ᠠᠬᠤᠢ ᠵᠢᠨ ᠶᠡᠬᠡ ᠰᠤᠷᠭᠠᠭᠤᠯᠢ᠎ᠶᠢᠨ ᠨᠢᠭᠡᠳᠦᠭᠡᠷ ᠤᠨ᠎ᠤ ᠤᠶᠤᠳᠠᠨ᠃ 2024 ᠤᠨ ᠳ᠋ᠤ ᠤᠷᠳᠤᠰ ᠬᠤᠳᠠ ᠵᠢᠨ ᠮᠤᠩᠭᠤᠯ ᠦᠨᠳᠦᠰᠦᠳᠡᠨ᠎ᠤ ᠳᠤᠮᠳᠠᠳᠤ ᠰᠤᠷᠭᠠᠭᠤᠯᠢ ᠡᠴᠡ ᠳᠡᠬᠦᠰᠴᠡᠢ᠃


ᠬᠦᠰᠡᠯ ᠬᠦᠪᠦᠷᠡᠬᠦᠯᠵᠦ ᠮᠦᠷᠦᠬᠡᠳᠦᠯ ᠪᠢᠯᠬᠠᠭᠤᠯᠤᠭᠰᠠᠨ ᠵᠢᠷᠭᠤᠭᠠᠨ ᠰᠠᠷ᠎ᠠ ᠳ᠋ᠤ ᠲᠦᠮᠡ ᠮᠢᠩᠭᠠᠨ ᠰᠤᠷᠤᠭᠴᠢᠳ ᠤᠯᠤᠰ᠎ᠤᠨ ᠨᠢᠬᠡᠳᠦᠯᠳᠡᠢ ᠰᠢᠯᠭᠠᠯᠳᠠ ᠵᠢᠨ ᠳᠠᠯᠠᠪᠤᠷ ᠲᠤ᠌ ᠤᠶᠤᠨ ᠤᠬᠠᠭᠠᠨ ᠵᠢᠡᠨ ᠰᠤᠷᠢᠳᠠᠭ᠃ ᠰᠢᠯᠭᠠᠯᠳᠠ ᠬᠠᠭᠠᠯᠭᠠᠨ ᠭᠠᠳᠠᠨ᠎ᠠ ᠰᠠᠭᠠᠳᠠᠯ᠎ᠠ᠃ ᠬᠡᠳᠦ ᠤᠳᠠᠭ᠎ᠠ ᠵᠢᠨ ᠲᠦᠰᠦᠬᠡᠳᠦᠬᠦᠯᠬᠦ ᠰᠤᠷᠢᠯᠳᠠ ᠰᠢᠯᠭᠠᠯᠳᠠ ᠪᠡᠷ ᠳᠠᠮᠵᠢᠵᠤ᠂ ᠨᠤᠮ᠎ᠤᠨ ᠳᠡᠬᠦᠦ ᠨᠠᠷ ᠮᠠᠨᠢ ᠦᠪᠡᠷ᠎ᠤᠨ ᠰᠡᠳᠦᠪ ᠬᠠᠷᠢᠭᠤᠯᠬᠤ ᠠᠢᠵᠠᠮ ᠵᠢᠡᠨ ᠤᠯᠵᠤ᠂ ᠦᠪᠡᠷ᠎ᠤᠨ ᠬᠢᠷᠢ ᠪᠦᠳᠦᠮᠵᠢ ᠳ᠋ᠡᠬᠡᠨ ᠨᠡᠯᠢᠶᠡᠳ ᠳᠤᠭ᠎ᠠ ᠳᠠᠢ ᠪᠤᠯᠤᠭᠰᠠᠨ ᠪᠠᠢᠬ᠎ᠠ ᠡ᠃ ᠬᠡᠪᠡᠴᠦ ᠤᠯᠤᠰ᠎ᠤᠨ ᠨᠢᠬᠡᠳᠦᠯᠳᠡᠢ ᠰᠢᠯᠭᠠᠯᠳᠠ ᠵᠢᠨ ᠳᠠᠯᠠᠪᠠᠢ ᠳ᠋ᠤ ᠲᠠ ᠦᠪᠡᠷ᠎ᠤᠨ ᠳᠠᠯᠳᠠ ᠴᠢᠳᠠᠪᠤᠷᠢ ᠪᠠᠨ ᠪᠠᠳᠠᠷᠠᠭᠤᠯᠵᠤ ᠨᠡᠩ ᠰᠢᠯᠢᠳᠡᠭ ᠬᠢᠷᠢ ᠪᠦᠳᠦᠮᠵᠢ ᠤᠯᠬᠤ ᠵᠠᠪᠰᠢᠶᠠᠨ ᠪᠠᠰᠠ ᠪᠠᠢᠭ᠎ᠠ ᠰᠢᠤ᠂ ᠳᠡᠬᠡᠬᠦ ᠪᠡᠷ ᠪᠢᠳᠡᠬᠡᠢ ᠰᠢᠨᠳᠠᠷᠠ᠂ ᠪᠢᠳᠡᠬᠡᠢ ᠰᠠᠨᠳᠤᠷ᠃

ᠤᠯᠤᠰ᠎ᠤᠨ ᠨᠢᠬᠡᠳᠦᠯᠳᠡᠢ ᠰᠢᠯᠭᠠᠯᠳᠠ ᠵᠢᠨ ᠰᠡᠳᠦᠪ ᠮᠠᠨ᠎ᠤ ᠶᠡᠷᠦ ᠵᠢᠨ ᠪᠤᠯᠪᠠᠰᠤᠷᠠᠳᠠᠭ ᠰᠡᠳᠦᠪ ᠡᠴᠡ ᠬᠦᠩᠬᠡᠨ ᠰᠢᠭ ᠰᠠᠨᠠᠭᠳᠠᠬᠤ ᠶᠤᠮ᠃ ᠡᠢᠮᠦ ᠡᠴᠡ ᠦᠯᠡᠳᠡᠵᠦ ᠪᠠᠢᠭ᠎ᠠ ᠤᠬᠤᠷᠬᠠᠨ ᠴᠠᠭ ᠲᠤ᠌ ᠲᠡᠭᠦᠦ ᠨᠠᠷ ᠮᠢᠨᠢ ᠦᠪᠡᠷ᠎ᠤᠨ ᠶᠡᠷᠦ ᠳ᠋ᠡᠭᠡᠨ ᠪᠤᠷᠤᠭᠤ ᠬᠢᠭᠰᠡᠨ ᠰᠡᠳᠦᠪ ᠵᠢᠡᠨ ᠳ᠋ᠦᠩᠨᠡᠵᠦ ᠳᠤᠳᠠᠭᠤ ᠮᠡᠬᠦᠰ ᠳᠠᠯ᠎ᠠ ᠪᠠᠨ ᠳᠠᠬᠢᠨ ᠨᠢᠬᠡ ᠤᠳᠠᠭ᠎ᠠ ᠡᠷᠬᠢᠴᠡᠬᠦᠯᠵᠦ ᠪᠠᠳᠤᠳᠬᠠᠵᠤ ᠪᠤᠯᠤᠨ᠎ᠠ᠃ ᠰᠢᠯᠭᠠᠯᠳᠠ ᠳ᠋ᠤ ᠰᠠᠭᠤᠷᠢ ᠮᠡᠳᠡᠯᠬᠡ ᠪᠠᠳᠤ ᠪᠢᠰᠢ ᠪᠤᠯ ᠬᠢᠯᠪᠠᠷ ᠰᠡᠳᠦᠪ᠎ᠢ ᠠᠯᠳᠠᠵᠤ ᠮᠡᠳᠡᠨ᠎ᠡ᠂ ᠡᠢᠮᠦ ᠡᠴᠡ ᠰᠠᠭᠤᠷᠢ ᠮᠡᠳᠡᠯᠬᠡ ᠪᠠᠨ ᠪᠠᠳᠤᠳᠬᠠᠵᠤ᠂ ᠤᠯᠬᠤ ᠶᠤᠰᠤᠳᠠᠢ ᠬᠤᠪᠢ ᠪᠠᠨ ᠵᠠᠪᠠᠯ ᠤᠯᠬᠤ ᠬᠡᠷᠡᠭᠳᠡᠢ᠃ ᠬᠡᠯᠡ ᠪᠢᠴᠢᠭ᠎ᠤᠨ ᠰᠢᠯᠭᠠᠯᠳᠠ ᠳ᠋ᠤ ᠵᠤᠬᠢᠶᠠᠯ᠎ᠤᠨ ᠬᠤᠪᠢ ᠵᠢᠨ ᠡᠵᠡᠯᠡᠬᠦ ᠬᠠᠷᠢᠴᠠᠯ ᠦᠨᠳᠦᠷ ᠪᠤᠯᠬᠤᠷ ᠤᠢᠷ᠎ᠠ ᠵᠢᠨ ᠬᠡᠳᠦᠨ ᠡᠳᠦᠷ ᠵᠤᠬᠢᠶᠠᠨ ᠪᠢᠴᠢᠯᠬᠡ ᠵᠢᠨ ᠪᠤᠷᠤ ᠮᠠᠲᠧᠷᠢᠶᠠᠯ ᠴᠤᠭᠯᠠᠭᠤᠯᠤᠨ ᠦᠵᠡᠵᠦ᠂ ᠰᠢᠯᠭᠠᠯᠳᠠ ᠳ᠋ᠤ ᠠᠮᠢᠳᠤᠯᠢᠭ ᠬᠡᠷᠡᠭᠯᠡᠬᠦ ᠪᠡᠷ ᠪᠡᠯᠡᠳᠬᠡᠵᠦ ᠪᠤᠯᠤᠨ᠎ᠠ᠃

ᠳᠡᠬᠦᠦ ᠨᠡᠷ ᠳᠡᠬᠡᠨ ᠪᠠᠰᠠ ᠨᠢᠬᠡ ᠰᠠᠨᠠᠭᠤᠯᠬᠤ ᠨᠢ ᠬᠡᠳᠦᠢᠪᠡᠷ ᠰᠢᠯᠭᠠᠯᠳᠠ ᠤᠢᠷᠠᠳᠤᠭᠰᠠᠨ ᠪᠤᠯᠪᠠᠴᠤ ᠪᠠᠭᠰᠢ ᠰᠤᠷᠤᠭᠴᠢ ᠠᠯᠬᠤᠮ ᠵᠢᠡᠨ ᠨᠢᠬᠡᠳᠬᠡᠵᠦ ᠳᠠᠪᠳᠠᠪᠠᠯ ᠰᠠᠢᠨ᠃ ᠨᠢᠳᠤᠨᠤᠨ ᠪᠢ ᠤᠯᠤᠰ ᠲᠦᠷᠦ ᠵᠢᠨ ᠪᠠᠭᠰᠢ ᠵᠢᠨ ᠬᠠᠮᠤᠭ᠎ᠤᠨ ᠰᠡᠬᠦᠯᠴᠢ ᠵᠢᠨ ᠳ᠋ᠦᠩᠨᠡᠯᠳᠡ ᠵᠢᠨ ᠬᠢᠴᠢᠶᠡᠯ ᠡᠴᠡ ᠬᠤᠴᠤᠷᠤᠭᠰᠠᠨ ᠨᠢ ᠨᠠᠳᠠ ᠳ᠋ᠤ ᠶᠡᠬᠡ ᠬᠠᠷᠠᠮᠰᠠᠯ ᠦᠯᠡᠳᠡᠬᠡᠭᠰᠡᠨ᠃ ᠪᠠᠭᠰᠢ ᠮᠠᠨᠢ ᠳᠡᠷᠡ ᠬᠢᠴᠢᠶᠡᠯ ᠳᠡᠬᠡᠷ᠎ᠡ ᠤᠯᠠᠨ ᠮᠡᠳᠡᠯᠬᠡ ᠵᠢᠨ ᠴᠡᠭ ᠎ᠢ ᠬᠡᠯᠡᠵᠦ ᠰᠠᠨᠠᠭᠤᠯᠤᠭᠰᠠᠨ ᠪᠠᠢᠵᠠᠢ᠃ ᠡᠢᠮᠦ ᠡᠴᠡ ᠪᠠᠭᠰᠢ ᠵᠢᠨ ᠵᠢᠡᠨ ᠠᠢᠵᠠᠮ᠎ᠢ ᠳᠠᠭᠠᠵᠤ ᠶᠠᠪᠤᠬᠤ ᠨᠢ ᠠᠰᠢᠭᠳᠠᠢ᠂ ᠤᠴᠢᠷ ᠨᠢ ᠮᠠᠨ᠎ᠤ ᠪᠠᠬᠰᠢ ᠨᠠᠷ ᠪᠤᠯ ᠪᠦᠷ ᠮᠠᠰᠢ ᠪᠠᠶᠠᠯᠢᠭ ᠲᠤᠷᠰᠢᠯᠭ᠎ᠠ ᠲᠠᠢ ᠰᠢᠦ᠃

ᠰᠢᠯᠭᠠᠯᠳᠠ ᠵᠢᠨ ᠳᠠᠯᠠᠪᠤᠷ ᠲᠤ᠌ ᠪᠠᠴᠢᠮᠳᠠᠵᠤ ᠰᠠᠨᠳᠤᠷᠬᠤ ᠪᠤᠯ ᠶᠡᠷᠦᠳᠡ ᠵᠢᠨ ᠦᠵᠡᠭᠳᠡᠯ᠃ ᠰᠢᠯᠭᠠᠯᠳᠠ ᠵᠢᠨ ᠰᠡᠳᠦᠪ ᠵᠢᠡᠨ ᠳᠤᠰᠴᠢᠬᠠᠭᠠᠳ ᠬᠡᠯᠡ ᠪᠢᠴᠢᠭ᠂ ᠠᠩᠭᠯᠢ ᠬᠡᠯᠡᠨ᠎ᠤ ᠵᠤᠬᠢᠶᠠᠯ ᠵᠢᠡᠨ ᠶᠠᠭᠠᠬᠢᠵᠤ ᠪᠢᠴᠢᠬᠦ ᠪᠠᠨ ᠤᠯᠬᠤ ᠦᠬᠡᠢ᠂ ᠵᠠᠷᠢᠮ ᠲᠤᠮᠤ ᠦᠬᠦᠯᠡᠬᠦ ᠰᠡᠳᠦᠪ ᠢ᠋ ᠶᠠᠭᠠᠬᠢᠵᠤ ᠬᠠᠷᠢᠭᠤᠯᠬᠤ ᠪᠠᠨ ᠮᠡᠳᠡᠬᠦ ᠦᠬᠡᠢ ᠪᠠᠯᠠᠭ ᠠᠯᠳᠠᠨ ᠰᠠᠨᠳᠤᠷᠬᠤ ᠮᠠᠭᠠᠳ᠃ ᠡᠨᠡ ᠦᠶ᠎ᠡ ᠳ᠋ᠤ ᠬᠦᠨ ᠠᠮᠢᠰᠬᠤᠵᠤ ᠰᠡᠳᠬᠢᠯ ᠰᠠᠨᠠᠭ᠎ᠠ ᠪᠠᠨ ᠳᠤᠭᠳᠠᠪᠤᠷᠢᠵᠢᠭᠤᠯᠵᠤ᠂ ᠴᠢᠳᠠᠬᠤ ᠵᠢᠨ ᠬᠢᠷᠢ ᠳ᠋ᠤ ᠬᠠᠷᠢᠭᠤᠯᠵᠤ ᠳᠠᠭᠤᠰᠬᠠᠬᠤ ᠪᠡᠷ ᠴᠢᠷᠮᠠᠢᠬᠤ ᠬᠡᠷᠡᠭᠳᠡᠢ᠃ ᠰᠠᠨᠠᠭ᠎ᠠ ᠳᠠᠢᠪᠤᠭᠤ ᠪᠤᠯ ᠤᠬᠠᠭᠠᠨ ᠰᠠᠷᠠᠭᠤᠯ ᠬᠡᠳᠡᠭ ᠵᠢᠡᠷ ᠲᠠᠢᠪᠤᠭᠤᠬᠠᠨ ᠬᠠᠨᠳᠤᠬᠤ ᠨᠢ ᠠᠮᠵᠢᠯᠳᠠ ᠵᠢᠨ ᠴᠢᠨᠢ ᠨᠢᠬᠡ ᠬᠡᠰᠡᠭ ᠰᠢᠤ᠃

ᠰᠡᠳᠦᠪ ᠬᠠᠷᠢᠭᠤᠯᠬᠤ ᠠᠷᠭ᠎ᠠ ᠵᠢᠨ ᠬᠤᠪᠢ ᠳ᠋ᠤ᠂ ᠳᠡᠦᠬᠡ᠂ ᠭᠠᠵᠠᠷ ᠵᠦᠢ ᠵᠢᠨ ᠰᠡᠳᠦᠪ ᠬᠠᠷᠢᠭᠤᠯᠬᠤ ᠳ᠋ᠠᠭᠠᠨ ᠰᠡᠳᠦᠪ᠎ᠤᠨ ᠱᠠᠭᠠᠷᠳᠠᠯᠭ᠎ᠠ ᠪᠠᠨ ᠨᠢᠭᠳᠠᠯᠠᠵᠤ ᠦᠵᠡᠭᠡᠷᠡᠢ᠃ ᠳᠡᠦᠬᠡ ᠵᠢᠨ ᠰᠠᠳᠦᠪ ᠪᠤᠯ ᠳᠡᠦᠬᠡ ᠵᠢᠨ ᠪᠤᠳᠠᠳᠤ ᠬᠡᠷᠡᠭ ᠶᠠᠪᠤᠳᠠᠯ ᠳᠠᠢ ᠤᠶᠠᠯᠳᠤᠭᠤᠯᠵᠤ᠂ ᠦᠪᠡᠷ ᠵᠢᠡᠨ ᠵᠦᠢᠴᠢᠯᠡᠵᠦ᠂ ᠬᠤᠯᠪᠤᠨ ᠪᠤᠳᠤᠬᠤ ᠰᠡᠳᠦᠪ ᠤᠯᠠᠨ ᠪᠠᠢᠳᠠᠭ᠃ ᠭᠠᠵᠠᠷ ᠵᠦᠢ ᠵᠢᠨ ᠰᠡᠳᠦᠪ ᠶᠡᠬᠡ ᠠᠮᠢᠳᠤᠯᠢᠭ ᠪᠠᠢᠳᠠᠭ᠂ ᠵᠠᠷᠢᠮ ᠰᠡᠳᠦᠪ᠎ᠢ ᠬᠡᠳᠦᠷᠬᠡᠢ ᠪᠤᠳᠤᠯᠢᠶᠠᠨᠳᠠᠢ ᠰᠡᠳᠬᠢᠵᠦ ᠪᠤᠯᠬᠤ ᠦᠬᠡᠢ᠃ ᠤᠯᠤᠰ ᠲᠦᠷᠦ ᠵᠢᠨ ᠬᠢᠴᠢᠶᠡᠯ᠎ᠤᠨ ᠮᠡᠳᠡᠯᠬᠡ ᠵᠢᠨ ᠴᠡᠭ ᠨᠢ ᠳᠠᠷᠠᠬᠠᠢ ᠪᠤᠳᠠᠷᠬᠠᠢ ᠪᠤᠯᠪᠠᠴᠤ ᠰᠡᠳᠦᠪ ᠬᠠᠷᠢᠭᠤᠯᠬᠤ ᠳ᠋ᠤ ᠨᠡᠯᠢᠶᠡᠳ ᠬᠢᠯᠪᠠᠷ ᠪᠠᠢᠳᠠᠭ᠂ ᠤᠴᠢᠷ ᠨᠢ ᠵᠠᠷᠢᠮ ᠰᠤᠩᠭᠤᠬᠤ ᠰᠡᠳᠦᠪ᠎ᠤᠨ ᠨᠡᠢᠳᠡᠯᠢᠭ ᠪᠤᠷᠤᠭᠤ ᠵᠦᠢᠯ᠎ᠢ ᠠᠮᠠᠷᠬᠠᠨ ᠮᠡᠳᠡᠵᠦ ᠳᠡᠢᠯᠦᠨ᠎ᠡ᠃ ᠤᠯᠤᠰ ᠲᠦᠷᠦ᠎ᠶᠢᠨ ᠦᠭᠦᠯᠡᠬᠦ ᠰᠡᠳᠦᠪ᠎ᠢ ᠬᠠᠷᠢᠭᠤᠯᠬᠤ ᠳ᠋ᠠᠭᠠᠨ ᠰᠡᠳᠦᠪ᠎ᠤᠨ ᠬᠡᠪᠴᠢᠶ᠎ᠡ ᠪᠠᠨ ᠠᠩᠬᠠᠷᠴᠤ᠂ ᠰᠡᠳᠬᠢᠴᠡ ᠪᠠᠨ ᠳᠤᠳᠤᠷᠬᠠᠢ ᠪᠠᠢᠯᠭᠠᠬᠤ ᠬᠡᠷᠡᠭᠳᠡᠢ᠃

ᠰᠢᠯᠭᠠᠯᠳᠠ ᠵᠢᠨ ᠳᠠᠷᠠᠭ᠎ᠠ᠂ ᠰᠤᠷᠤᠭᠴᠢ ᠡᠯᠰᠡᠬᠦ ᠲᠦᠷᠦ ᠵᠢᠨ ᠪᠤᠳᠤᠯᠭ᠎ᠠ ᠵᠢ ᠠᠩᠬᠠᠷᠴᠤ᠂ ᠦᠪᠡᠷ᠎ᠤᠨ ᠰᠢᠯᠭᠠᠭᠰᠠᠨ ᠬᠤᠪᠢ ᠵᠢᠨ ᠤᠢᠷᠠᠯᠴᠠᠭ᠎ᠠ ᠶᠡᠬᠡ ᠳᠡᠬᠡᠳᠤ ᠰᠤᠷᠭᠠᠭᠤᠯᠢ ᠵᠢᠨ ᠰᠤᠷᠤᠭᠴᠢ ᠡᠯᠰᠡᠬᠦ ᠲᠦᠷᠢᠮ᠎ᠢ ᠰᠠᠢᠳᠤᠷ ᠤᠢᠯᠠᠭᠠᠵᠤ᠂ ᠮᠡᠷᠬᠡᠵᠢᠯ᠎ᠤᠨ ᠴᠢᠨᠠᠷ ᠵᠢᠡᠷ ᠴᠢᠩᠭ᠎ᠠ ᠳᠤᠰᠬᠠᠢ ᠮᠡᠷᠬᠡᠵᠢᠯ ᠰᠤᠷᠬᠤ ᠵᠢ ᠡᠨᠳᠡ ᠰᠠᠨᠠᠭᠤᠯᠵᠤ ᠪᠠᠢᠨ᠎ᠠ᠃ ᠪᠢ ᠶᠡᠬᠡ ᠰᠤᠷᠭᠠᠭᠤᠯᠢ ᠳ᠋ᠠᠭᠠᠨ ᠬᠠᠤᠯᠢ ᠵᠢᠨ ᠤᠬᠠᠭᠠᠨ᠎ᠤ ᠳᠤᠰᠬᠠᠢ ᠮᠡᠷᠬᠡᠵᠢᠯ ᠰᠤᠩᠭᠤᠭᠰᠠᠨ ᠳ᠋ᠠᠭᠠᠨ ᠰᠡᠳᠬᠢᠯ ᠬᠠᠨᠤᠮᠵᠢᠳᠠᠢ ᠪᠠᠢᠨ᠎ᠠ᠃

ᠢᠷᠡᠬᠡᠳᠦᠢ ᠵᠢᠨ ᠴᠢᠨᠢ ᠵᠢᠯᠤᠭᠤ ᠲᠠ ᠨᠠᠷ᠎ᠤᠨ ᠭᠠᠷ ᠲᠤ᠌ ᠪᠤᠢ᠂ ᠦᠨᠳᠦᠷ ᠠᠮᠵᠢᠯᠳᠠ ᠬᠦᠰᠡᠶ᠎ᠠ᠃


QQ20250526-103924.png


ᠬᠠᠢᠷ᠎ᠠ᠂ ᠱᠠᠩᠬᠠᠢ ᠵᠢᠨ ᠭᠠᠳᠠᠭᠠᠳᠤ ᠬᠡᠯᠡᠨ᠎ᠤ ᠶᠡᠬᠡ ᠰᠤᠷᠭᠠᠭᠤᠯᠢ᠎ᠶᠢᠨ ᠨᠢᠭᠡᠳᠦᠭᠡᠷ ᠤᠨ᠎ᠤ ᠤᠶᠤᠳᠠᠨ᠃ 2024 ᠤᠨ ᠳ᠋ᠤ ᠰᠢᠯᠢ ᠵᠢᠨ ᠭᠤᠤᠯ᠎ᠤᠨ ᠮᠤᠩᠭᠤᠯ ᠦᠨᠳᠦᠰᠦᠳᠡᠨ᠎ᠤ ᠳᠤᠮᠳᠠᠳᠤ ᠰᠤᠷᠭᠠᠭᠤᠯᠢ ᠡᠴᠡ ᠳᠡᠬᠦᠰᠴᠡᠢ᠃


ᠤᠯᠤᠰ᠎ᠤᠨ ᠨᠢᠭᠡᠳᠦᠯᠳᠡᠢ ᠰᠢᠯᠭᠠᠯᠳᠠ ᠤᠢᠷᠠᠳᠴᠤ ᠢᠷᠡᠬᠦ ᠪᠡᠷ ᠰᠢᠯᠭᠠᠯᠳᠠ ᠳ᠋ᠤ ᠪᠡᠯᠡᠳᠭᠡᠭᠡ ᠲᠡᠭᠦᠦ ᠨᠠᠷ ᠲᠡᠭᠡᠨ ᠦᠪᠡᠷ᠎ᠤᠨ ᠲᠤᠷᠰᠢᠯᠭ᠎ᠠ ᠡᠴᠡ ᠪᠠᠨ ᠬᠤᠪᠢᠶᠠᠯᠴᠠᠶ᠎ᠠ᠃

ᠰᠢᠯᠭᠠᠯᠳᠠ ᠤᠢᠷᠠᠳᠬᠤ ᠳᠤᠳᠤᠮ ᠦᠪᠡᠷ᠎ᠤᠨ ᠠᠮᠠᠷᠠᠵᠤ ᠰᠤᠷᠤᠯᠴᠠᠬᠤ ᠴᠠᠭ ᠵᠢᠡᠨ ᠵᠤᠬᠢᠰᠳᠠᠢ ᠳᠤᠬᠢᠷᠠᠭᠤᠯᠬᠤ ᠴᠢᠬᠤᠯᠠ ᠳᠠᠢ᠃ ᠰᠤᠷᠤᠯᠴᠠᠬᠤ ᠴᠠᠭ ᠵᠢᠡᠨ ᠬᠡᠳᠦ ᠤᠷᠳᠤ ᠪᠠᠢᠯᠭᠠᠵᠤ ᠪᠤᠯᠬᠤ ᠦᠬᠡᠢ᠂ ᠬᠦᠢᠴᠡᠳ ᠠᠮᠠᠷᠠᠭᠰᠠᠨ ᠰᠠᠭᠤᠷᠢᠨ ᠳᠡᠬᠡᠷ᠎ᠡ ᠰᠤᠷᠤᠯᠴᠠᠪᠠᠯ ᠠᠰᠢᠭᠯᠠᠮᠵᠢ ᠰᠠᠢᠨ ᠪᠠᠢᠳᠠᠭ᠂ ᠡᠰᠡ ᠳᠡᠬᠡᠪᠡᠯ ᠶᠠᠭᠠᠷᠠᠵᠤ ᠪᠠᠴᠢᠮᠳᠠᠬᠤ ᠡᠴᠡ ᠪᠤᠯᠵᠤ ᠰᠤᠷᠤᠯᠴᠠᠬᠤ ᠠᠰᠢᠭᠯᠠᠮᠵᠢ ᠳᠤᠤᠷ᠎ᠠ ᠪᠤᠯᠤᠨ᠎ᠠ᠃ ᠦᠯᠡᠳᠡᠵᠦ ᠪᠠᠢᠭ᠎ᠠ ᠠᠷᠪᠠᠭᠠᠳᠬᠠᠨ ᠡᠳᠦᠷ᠎ᠤᠨ ᠵᠠᠢ ᠳ᠋ᠤ ᠬᠡᠳᠦ ᠬᠦᠴᠢᠷ ᠰᠡᠳᠦᠪ ᠤᠷᠤᠯᠳᠤᠭᠰᠠᠨ᠎ᠤ ᠬᠡᠷᠡᠭ ᠦᠬᠡᠢ᠂ ᠦᠨᠳᠦᠰᠦᠨ ᠮᠡᠳᠡᠯᠭᠡ᠎ᠶᠢᠨ ᠴᠡᠭ᠎ᠢᠶᠡᠨ ᠪᠠᠳᠤᠳᠠᠢ ᠡᠵᠡᠮᠰᠢᠴᠢᠭᠡᠪᠡᠯ ᠳᠤᠭᠠᠨ᠎ᠤ ᠤᠬᠠᠭᠠᠨ᠎ᠤ ᠰᠢᠯᠭᠠᠯᠳᠠ᠎ᠶᠢᠨ ᠲᠦᠷᠦᠭᠦᠦ ᠬᠡᠳᠦᠨ ᠰᠡᠳᠦᠪ᠎ᠤᠨ ᠬᠤᠪᠢ ᠵᠢ ᠠᠯᠳᠠᠯ ᠦᠭᠡᠢ ᠤᠯᠬᠤ ᠡᠨᠡᠤᠬᠡᠨ ᠳ᠋ᠤ᠃ ᠳᠡᠦᠬᠡ ᠤᠯᠤᠰ ᠲᠦᠷᠦ ᠭᠠᠵᠠᠷ ᠵᠦᠢ ᠵᠢᠨ ᠬᠢᠴᠢᠶᠡᠯ ᠵᠢᠡᠨ ᠦᠨᠳᠦᠰᠦᠨ ᠮᠡᠳᠡᠯᠬᠡ ᠪᠠᠨ ᠤᠯᠠᠮ ᠨᠢᠬᠡ ᠠᠯᠬᠤᠮ ᠪᠠᠳᠤᠳᠬᠠᠭᠰᠠᠨ ᠰᠠᠭᠤᠷᠢᠨ ᠳᠡᠬᠡᠷ᠎ᠡ ᠦᠩᠬᠡᠷᠡᠭᠰᠡᠨ ᠬᠡᠳᠦᠨ ᠵᠢᠯ᠎ᠤᠨ ᠤᠯᠤᠰ᠎ᠤᠨ ᠨᠢᠬᠡᠳᠦᠯᠳᠡᠢ ᠰᠢᠯᠭᠠᠯᠳᠠ ᠵᠢᠨ ᠰᠡᠳᠦᠪ ᠎ᠢ ᠲᠤᠭᠤᠯᠵᠤ ᠪᠤᠯᠤᠨ᠎ᠠ᠃

ᠰᠢᠯᠭᠠᠯᠳᠠ ᠳ᠋ᠤ ᠬᠦᠴᠢᠷ ᠰᠡᠳᠦᠪ ᠳᠤᠬᠢᠶᠠᠯᠳᠤᠪᠠᠯ ᠪᠠᠯᠢᠳᠠᠵᠤ ᠰᠠᠨᠳᠤᠷᠤᠭᠰᠠᠨ ᠤ᠋ ᠬᠡᠷᠡᠭ ᠦᠬᠡᠢ᠂ ᠴᠢ ᠴᠢᠳᠠᠬᠤ ᠦᠬᠡᠢ ᠪᠤᠯ ᠪᠤᠰᠤᠳ ᠬᠦᠮᠦᠰ ᠴᠤ᠌ ᠴᠢᠳᠠᠬᠤ ᠦᠬᠡᠢ ᠬᠡᠵᠦ ᠪᠤᠳᠤᠴᠢᠬ᠎ᠠ᠃ ᠬᠦᠴᠢᠷ ᠰᠡᠳᠦᠪ ᠵᠢᠡᠨ ᠤᠷᠢᠳ ᠵᠢᠡᠷ ᠦᠯᠡᠳᠡᠬᠡᠵᠦ᠂ ᠴᠢᠳᠠᠬᠤ ᠰᠡᠳᠦᠪ ᠵᠢᠡᠨ ᠪᠦᠬᠦᠨ᠎ᠢ ᠬᠢᠵᠦ ᠳᠠᠭᠤᠰᠬᠠᠭᠰᠠᠨ᠎ᠤ ᠳᠠᠷᠠᠭ᠎ᠠ ᠴᠠᠭ ᠦᠯᠡᠳᠡᠪᠡᠯ ᠬᠦᠴᠢᠷ ᠰᠡᠳᠦᠪ ᠵᠢᠡᠨ ᠳᠠᠬᠢᠨ ᠤᠷᠤᠯᠳᠤᠵᠤ ᠬᠢ᠃ ᠨᠡᠢᠬᠡᠮ᠎ᠤᠨ ᠰᠢᠨᠵᠢᠯᠡᠬᠦ ᠤᠬᠠᠭᠠᠨ᠎ᠤ ᠬᠢᠴᠢᠶᠡᠯ ᠲᠦᠷᠦᠯ᠎ᠤᠨ ᠰᠢᠯᠭᠠᠯᠳᠠ ᠵᠢ ᠬᠠᠷᠢᠭᠤᠯᠬᠤ ᠳ᠋ᠠᠭᠠᠨ ᠰᠡᠳᠦᠪ᠎ᠤᠨ ᠱᠠᠭᠠᠷᠳᠠᠯᠭ᠎ᠠ ᠪᠠᠨ ᠨᠠᠷᠢᠨ ᠬᠢᠨᠠᠮᠠᠭᠠᠢ ᠤᠩᠰᠢᠬᠤ ᠬᠡᠷᠡᠭᠳᠡᠢ᠂ ᠵᠠᠷᠢᠮ ᠦᠶ᠎ᠡ ᠳ᠋ᠤ ᠨᠢᠬᠡ ᠦᠬᠡ ᠦᠰᠦᠭ᠎ᠤᠨ ᠵᠦᠷᠢᠶ᠎ᠠ ᠡᠴᠡ ᠪᠤᠯᠵᠤ ᠡᠨᠳᠡᠬᠦᠦ ᠪᠤᠷᠤᠭᠤ ᠤᠢᠯᠠᠭᠠᠵᠤ ᠮᠡᠳᠡᠨ᠎ᠡ᠃ ᠰᠡᠭᠦᠯᠴᠢ᠎ᠶᠢᠨ ᠦᠭᠦᠯᠡᠬᠦ ᠰᠡᠳᠦᠪ᠎ᠢ ᠬᠢᠬᠦ ᠳ᠋ᠤ ᠮᠠᠲ᠋ᠧᠷᠢᠶᠠᠯ ᠵᠢᠡᠨ ᠰᠠᠢᠨ ᠤᠢᠯᠠᠭᠠᠭᠰᠠᠨ ᠰᠠᠭᠤᠷᠢᠨ ᠳᠡᠬᠡᠷ᠎ᠡ ᠬᠢᠴᠢᠶᠡᠯ᠎ᠤᠨ ᠲᠡᠪᠳᠡᠷ ᠳᠡᠬᠡᠷᠡᠬᠢ ᠮᠡᠳᠡᠯᠬᠡ ᠲᠠᠢ ᠪᠠᠨ ᠤᠶᠠᠯᠳᠤᠭᠤᠯᠵᠤ ᠬᠠᠷᠢᠭᠤᠯᠪᠠᠯ ᠪᠤᠯᠴᠢᠬᠠᠨ᠎ᠠ᠃

ᠰᠢᠯᠭᠠᠯᠳᠠ ᠡᠴᠡ ᠡᠮᠦᠨ᠎ᠡ ᠪᠠᠴᠢᠮᠳᠠᠵᠤ ᠰᠠᠨᠳᠤᠷᠬᠤ ᠨᠢ ᠡᠩ᠎ᠤᠨ ᠦᠵᠡᠭᠳᠡᠯ ᠪᠠᠢᠬ᠎ᠠ ᠡ ? ᠡᠢᠮᠦ ᠦᠶ᠎ᠡ ᠳ᠋ᠤ ᠬᠡᠷ᠎ᠤᠨ ᠬᠦᠮᠦᠰ ᠳᠡᠬᠡᠨ ᠤᠳᠠᠰᠤᠳᠠᠵᠤ ᠶᠠᠷᠢᠵᠤ ᠪᠤᠯᠤᠨ᠎ᠠ᠂ ᠳᠠᠭᠤᠤ ᠰᠤᠨᠤᠰᠬᠤ᠂ ᠳᠠᠮᠢᠷ᠎ᠤᠨ ᠬᠦᠳᠡᠯᠬᠡᠬᠡᠨ ᠳ᠋ᠤ ᠤᠷᠤᠯᠴᠠᠬᠤ ᠮᠡᠳᠦ ᠪᠡᠷ ᠪᠡᠶ᠎ᠠ ᠰᠡᠳᠬᠢᠴᠡ ᠪᠠᠨ ᠲᠠᠢᠪᠤᠰᠢᠷᠠᠭᠤᠯᠵᠤ ᠪᠤᠯᠤᠨ᠎ᠠ᠃ ᠦᠪᠡᠷ᠎ᠤᠨ ᠪᠡᠶ᠎ᠠ ᠳ᠋ᠡᠬᠡᠨ ᠢᠳᠡᠬᠡᠯ ᠳᠠᠢ ᠪᠠᠢᠵᠤ᠂ ᠠᠮᠵᠢᠯᠳᠠ ᠮᠢᠨᠦᠬᠢ ᠬᠡᠮᠡᠨ ᠪᠠᠳᠤ ᠢᠳᠡᠬᠡᠯ ᠳᠠᠢ ᠪᠠᠢᠭᠠᠷᠠᠢ᠃

ᠲᠡᠭᠦᠦ ᠨᠠᠷ ᠲᠡᠭᠡᠨ ᠶᠡᠬᠡ ᠰᠤᠷᠭᠠᠭᠤᠯᠢ ᠵᠢᠨ ᠠᠮᠢᠳᠤᠷᠠᠯ᠎ᠵᠢᠡᠨ ᠵᠢᠭᠠᠬᠠᠨ ᠬᠤᠪᠢᠶᠠᠯᠴᠠᠵᠤ ᠰᠤᠷᠤᠯᠭ᠎ᠠ᠎ᠶᠢᠨ ᠴᠢᠯᠡᠭᠡ ᠵᠢ ᠴᠢᠨᠢ ᠬᠤᠷᠤᠮ ᠵᠠᠭᠤᠷ᠎ᠠ ᠴᠸ᠋ ᠭᠡᠰᠡᠨ ᠲᠠᠢᠯᠤᠶ᠎ᠠ᠃ ᠶᠡᠬᠡ ᠰᠤᠷᠭᠠᠭᠤᠯᠢ ᠵᠢᠨ ᠠᠮᠢᠳᠤᠷᠠᠯ ᠭᠡᠭᠴᠢ ᠦᠨᠳᠦᠷ ᠳᠤᠮᠳᠠᠳᠤ ᠵᠢᠨ ᠦᠶ᠎ᠠ ᠳᠠᠢ ᠬᠠᠷᠢᠴᠠᠭᠤᠯᠪᠠᠯ ᠨᠡᠩ ᠢᠯᠡᠬᠦᠦ ᠦᠪᠡᠷ᠎ᠤᠨ ᠬᠡᠬᠦ ᠰᠤᠯᠡ ᠰᠡᠯᠡᠬᠦᠦ ᠴᠠᠭ ᠳᠠᠢ ᠪᠤᠯᠵᠤ᠂ ᠦᠪᠡᠷ᠎ᠤᠨ ᠳᠤᠷᠠᠳᠠᠢ ᠵᠦᠢᠯ ᠵᠢᠡᠨ ᠬᠢᠵᠦ ᠪᠤᠯᠤᠨ᠎ᠠ᠃ ᠪᠢ ᠰᠤᠷᠭᠠᠭᠤᠯᠢ ᠵᠢᠨ᠎ᠢᠶᠡᠨ ᠪᠡᠬᠢᠯᠡᠯᠳᠡ ᠪᠦᠮᠪᠦᠬᠡ ᠵᠢᠨ ᠪᠦᠯᠬᠦᠮ ᠳ᠋ᠤ ᠤᠷᠤᠯᠴᠠᠵᠤ ᠤᠯᠠᠨ ᠵᠦᠢᠯ᠎ᠢ ᠰᠤᠷᠴᠠᠢ᠃ ᠦᠨᠡᠨ ᠳ᠋ᠡᠭᠡᠨ ᠶᠡᠬᠡ ᠰᠤᠷᠭᠠᠭᠤᠯᠢ ᠳ᠋ᠤ ᠡᠯ᠎ᠡ ᠵᠦᠢᠯ᠎ᠤᠨ ᠤᠷᠤᠯᠳᠤᠭᠠᠨ ᠮᠦᠷᠦᠢᠴᠡᠬᠡᠨ ᠦᠷᠬᠦᠯᠵᠢ ᠶᠠᠪᠤᠬᠳᠠᠵᠤ᠂ ᠤᠶᠤᠳᠠᠳ᠎ᠤᠨ ᠢᠳᠡᠪᠬᠢᠳᠡᠢ ᠤᠷᠤᠯᠴᠠᠵᠤ᠂ ᠦᠪᠡᠷ ᠢ᠋ ᠪᠠᠨ ᠡᠯ᠎ᠡ ᠳᠠᠯ᠎ᠠ ᠪᠡᠷ ᠳᠠᠪᠳᠠᠨ ᠪᠤᠯᠪᠠᠰᠤᠷᠠᠭᠤᠯᠬᠤ ᠳ᠋ᠤ ᠨᠦᠬᠦᠴᠡᠯ ᠬᠠᠩᠭᠠᠵᠤ ᠪᠠᠢᠳᠠᠭ᠃ ᠶᠡᠬᠡ ᠰᠤᠷᠭᠠᠭᠤᠯᠢ ᠵᠢᠨ ᠠᠮᠢᠳᠤᠷᠠᠯ ᠬᠡᠭᠴᠢ ᠳᠠᠨ᠎ᠤ ᠰᠠᠨᠠᠭᠰᠠᠨ ᠰᠢᠭ᠋ ᠰᠠᠢᠬᠠᠨ ᠶᠤᠮ ᠡ !

ᠲᠡᠭᠦᠦ ᠨᠡᠷ ᠮᠢᠨᠢ᠂ ᠰᠢᠯᠭᠠᠯᠳᠠ ᠡᠴᠡ ᠪᠢᠳᠡᠬᠡᠢ ᠠᠶᠤ᠂ ᠶᠠᠭᠤ ᠪᠦᠬᠦᠨ ᠰᠠᠢᠬᠠᠨ ᠵᠦᠭ ᠤᠢᠷᠠᠳᠴᠤ ᠪᠠᠢᠨ᠎ᠠ᠃ ᠡᠭᠡᠴᠢ ᠨᠢ ᠶᠡᠬᠡ ᠰᠤᠷᠭᠠᠭᠤᠯᠢ ᠳ᠋ᠠᠭᠠᠨ ᠲᠠ ᠨᠠᠷ᠎ᠢᠶᠡᠨ ᠬᠦᠯᠢᠶᠡᠨ ᠪᠠᠢᠨ᠎ᠠ ᠰᠢᠦ !


QQ20250526-103941.png


ᠬᠠᠨ ᠶᠤᠸᠠᠨ ᠶᠤᠸᠠᠨ᠂ ᠨᠠᠨᠵᠢᠩ᠎ᠤᠨ ᠰᠢᠤᠳᠠᠨ᠎ᠤ ᠶᠡᠬᠡ ᠰᠤᠷᠭᠠᠭᠤᠯᠢ᠎ᠶᠢᠨ ᠨᠢᠭᠡᠳᠦᠭᠡᠷ ᠤᠨ᠎ᠤ ᠤᠶᠤᠳᠠᠨ᠃ 2024 ᠤᠨ ᠳ᠋ᠤ ᠬᠢᠩᠭᠠᠨ ᠠᠢᠮᠠᠭ᠎ᠤᠨ ᠤᠯᠠᠭᠠᠨᠬᠤᠳᠠ ᠬᠤᠶᠠᠳᠤᠭᠠᠷ ᠳᠤᠮᠳᠠᠳᠤ ᠰᠤᠷᠭᠠᠭᠤᠯᠢ ᠡᠴᠡ ᠳᠡᠬᠦᠰᠴᠡᠢ᠃


ᠵᠤᠨ ᠪᠤᠯᠵᠤ ᠵᠦᠢᠯ᠎ᠤᠨ ᠴᠡᠴᠡᠭᠡᠰ ᠲᠡᠯᠭᠡᠷᠡᠬᠦ ᠪᠡᠷ᠂ ᠶᠡᠬᠡ ᠰᠤᠷᠭᠠᠭᠤᠯᠢ᠎ᠶᠢᠨ ᠬᠦᠷᠢᠶᠡᠨ᠎ᠤ ᠨᠠᠷᠢᠬᠠᠨ ᠵᠦᠷᠢᠭ᠎ᠢᠶᠡᠷ ᠰᠡᠯᠡᠬᠦᠴᠡᠨ᠂ ᠲᠠᠮᠢᠷ᠎ᠤᠨ ᠲᠠᠯᠠᠪᠠᠢ᠎ᠪᠠᠷ ᠭᠦᠶᠦᠬᠦ ᠳ᠋ᠡᠭᠡᠨ ᠦᠨᠳᠦᠷ ᠳᠤᠮᠳᠠᠳᠤ᠎ᠶᠢᠨ ᠲᠡᠭᠦᠰᠬᠦ ᠤᠨ᠎ᠤ ᠲᠡᠭᠦᠦ ᠨᠠᠷ᠎ᠢᠶᠡᠨ ᠡᠷᠬᠡ ᠦᠭᠡᠢ ᠰᠠᠨᠠᠯ᠎ᠠ᠃ ᠲᠠ ᠨᠠᠷ ᠮᠢᠨᠢ ᠵᠦᠳᠡᠷᠡᠯ᠎ᠡ !

ᠨᠢᠳᠤᠨᠤᠨ᠎ᠤ ᠡᠨᠡ ᠦᠶ᠎ᠡ ᠪᠡᠷ ᠪᠢ ᠴᠸ᠋ ᠲᠠ ᠨᠠᠷ ᠲᠠᠢ ᠠᠳᠠᠯᠢᠬᠠᠨ ᠠᠩᠬᠢ᠎ᠶᠢᠨ ᠭᠡᠷ᠂ ᠲᠠᠮᠢᠷ᠎ᠤᠨ ᠲᠠᠯᠠᠪᠤᠷ᠂ ᠨᠤᠮ᠎ᠤᠨ ᠰᠠᠩ ᠭᠡᠮᠡᠨ ᠠᠯᠢ ᠲᠠᠭᠠᠳᠠᠢ ᠲᠠᠪᠠᠳᠠᠢ ᠭᠠᠵᠠᠷ ᠰᠤᠩᠭᠤᠨ ᠨᠠᠮ ᠵᠢᠮᠬᠡᠨ ᠰᠠᠭᠤᠭᠠᠳ ᠬᠢᠴᠢᠶᠡᠯ ᠲᠦᠷᠦᠯ᠎ᠢᠶᠡᠨ ᠲᠠᠪᠳᠠᠵᠤ᠂ ᠴᠡᠭᠡᠵᠢᠯᠡᠵᠦ ᠪᠠᠢᠬᠰᠠᠨ ᠳ᠋ᠠ᠃ ᠲᠡᠷᠡ ᠦᠶ᠎ᠡ ᠳ᠋ᠤ ᠬᠦᠶᠢ ᠪᠠᠢᠵᠠ ᠵᠢ ᠬᠦᠯᠢᠶᠡᠯ ᠦᠭᠡᠢ ᠤᠷᠤᠰᠤᠨ ᠤᠳᠬᠤ ᠴᠠᠭ ᠮᠦᠴᠡ᠂ ᠦᠵᠡᠵᠦ ᠠᠮᠵᠢᠭ᠎ᠠ ᠦᠭᠡᠢ ᠨᠤᠮ ᠳᠡᠪᠳᠡᠷ᠂ ᠬᠢᠵᠦ ᠠᠮᠵᠢᠭ᠎ᠠ ᠦᠭᠡᠢ ᠰᠢᠯᠭᠠᠯᠳᠠ᠎ᠶᠢᠨ ᠬᠠᠭᠤᠳᠠᠰᠤ᠎ᠶᠢᠨ ᠡᠮᠦᠨ᠎ᠡ ᠶᠠᠭᠤ ᠬᠢᠬᠦ ᠪᠠᠨ ᠤᠯ ᠶᠠᠳᠠᠬᠰᠠᠨ ᠨᠠᠳᠠ ᠲᠠᠢ ᠠᠳᠠᠯᠢᠬᠠᠨ ᠲᠠ ᠨᠠᠷ ᠮᠢᠨᠢ ᠪᠠᠰᠠ ᠪᠠᠴᠢᠮᠳᠠᠨ ᠰᠠᠨᠳᠤᠷᠴᠤ ᠪᠠᠢᠨ᠎ᠠ ᠤᠤ ? ᠭᠡᠪᠡᠴᠦ ᠪᠤᠷᠤᠭᠠᠨ ᠰᠠᠯᠬᠢᠨ᠎ᠢ ᠬᠠᠢᠬᠤᠷᠤᠯ ᠦᠭᠡᠢ ᠰᠢᠳᠦ ᠵᠠᠭᠤᠨ 《 ᠪᠠᠢᠯᠳᠤᠭᠰᠠᠨ》 ᠲᠡᠰᠪᠦᠷᠢ ᠲᠡᠪᠴᠢᠶᠡᠷᠢ᠂ ᠡᠷᠳᠡᠮ ᠮᠡᠳᠡᠯᠭᠡ᠎ᠶᠢᠨ ᠲᠦᠯᠦᠭᠡ ᠴᠦᠬᠦᠷᠡᠰᠢ ᠦᠬᠡᠢ ᠰᠤᠷᠴᠤ ᠰᠣᠳᠤᠯᠵᠤ᠂ ᠴᠢᠳᠠᠬᠤ ᠦᠬᠡᠢ ᠮᠡᠳᠡᠬᠦ ᠦᠭᠡᠢ ᠰᠡᠳᠦᠪ ᠵᠢᠡᠨ ᠳᠠᠬᠢᠨ ᠳᠠᠪᠳᠠᠨ ᠬᠢᠵᠦ ᠪᠤᠯᠪᠠᠰᠤᠷᠠᠭᠰᠠᠨ ᠵᠤᠷᠢᠭ ᠰᠦᠰᠦ᠂ ᠳᠤᠭ᠎ᠠ ᠳᠤᠮᠰᠢ ᠦᠬᠡᠢ ᠦᠷᠢᠰᠦᠯᠳᠦᠬᠡᠨ ᠳᠠᠪᠳᠠᠯᠳᠠ ᠵᠢ ᠲᠠᠪᠠᠵᠤ ᠲᠤᠭᠤᠯᠵᠤ ᠢᠷᠡᠭᠰᠡᠨ ᠤᠶᠤᠨ ᠤᠬᠠᠭᠠᠨ ᠴᠢᠨᠢ ᠲᠠ ᠨᠠᠷ ᠲᠸ᠋ ᠠᠭᠤᠯᠠ ᠤᠪᠤᠭ᠎ᠠ ᠠᠮᠵᠢᠯᠳᠠ ᠪᠡᠯᠡᠭᠯᠡᠬᠦ ᠨᠢ ᠯᠠᠪᠳᠠᠢ᠃ ᠦᠯᠡᠳᠡᠭᠡᠳ ᠪᠠᠢᠭ᠎ᠠ ᠠᠷᠪᠠᠭᠠᠳ ᠡᠳᠦᠷ ᠪᠤᠯ ᠮᠠᠰᠢ ᠴᠢᠬᠤᠯᠠ ᠶᠤᠮ᠂ ᠲᠠ ᠨᠠᠷ ᠮᠢᠨᠢ ᠲᠠᠢᠪᠤᠭᠤᠬᠠᠨ ᠪᠠᠢᠵᠤ᠂ ᠯᠠᠪᠳᠠᠭᠤᠬᠠᠨ ᠬᠠᠨᠳᠤᠭᠠᠷᠠᠢ᠃

ᠪᠠᠢᠭᠠᠯᠢ᠎ᠶᠢᠨ ᠰᠢᠨᠵᠢᠯᠡᠬᠦ ᠤᠬᠠᠭᠠᠨ᠎ᠤ ᠬᠢᠴᠢᠶᠡᠯ ᠲᠦᠷᠦᠯ᠎ᠤᠨ ᠰᠢᠯᠭᠠᠯᠳᠠ ᠳ᠋ᠤ ᠰᠠᠭᠤᠷᠢ ᠮᠡᠳᠡᠯᠬᠡ ᠪᠣᠯ ᠵᠠᠩᠭᠢᠯᠠᠭ᠎ᠠ ᠪᠤᠯᠤᠨ᠎ᠠ᠃ ᠲᠣᠭ᠎ᠠ᠂ ᠹᠢᠽᠢᠺ᠂ ᠬᠢᠮᠢ᠎ᠶᠢᠨ ᠠᠯᠢ ᠲᠦᠷᠦᠯ ᠨᠢ ᠴᠸ᠋ ᠭᠡᠰᠡᠨ ᠤᠬᠠᠭᠳᠠᠬᠤᠨ᠂ ᠲᠣᠮᠢᠶ᠎ᠠ ᠪᠠ ᠪᠠᠲᠤᠶᠣᠰᠤ ᠪᠠᠨ ᠳᠤᠭᠤᠷᠠᠳᠠᠯ᠎ᠠ ᠡᠵᠡᠮᠰᠢᠬᠦ ᠬᠡᠷᠡᠭᠳᠡᠢ᠃ ᠳᠡᠳᠡᠬᠡᠷ ᠮᠡᠳᠡᠯᠬᠡ ᠵᠢᠨ ᠴᠡᠭ ᠨᠢ ᠮᠠᠨ ᠤ᠋ ᠰᠡᠳᠦᠪ ᠵᠠᠳᠠᠯᠬᠤ ᠵᠢᠨ ᠴᠢᠬᠤᠯᠠ ᠵᠡᠪᠰᠡᠭ ᠪᠤᠯᠤᠨ᠎ᠠ᠃ ᠭᠠᠭᠴᠠ ᠬᠦ᠌ ᠰᠠᠭᠤᠷᠢ᠎ᠪᠠᠨ ᠪᠠᠲᠤᠳᠬᠠᠪᠠᠯ ᠰᠠᠶᠢ ᠬᠣᠢᠰᠢᠳᠠ᠎ᠶᠢᠨ ᠰᠡᠳᠦᠪ ᠵᠠᠳᠠᠯᠵᠤ ᠠᠰᠠᠭᠤᠳᠠᠯ᠎ᠢ ᠰᠢᠢᠳᠪᠦᠷᠢᠯᠡᠬᠦ ᠳ᠋ᠤ ᠳᠠᠳᠮᠠᠭᠠᠢ ᠪᠤᠯᠵᠤ ᠴᠢᠳᠠᠨ᠎ᠠ᠃ ᠤᠬᠤᠷᠬᠠᠨ ᠡᠳᠡᠭᠡᠷ ᠡᠳᠦᠷ᠎ᠤᠳ ᠲᠸ᠋ ᠤᠳᠤ ᠪᠢᠳᠡ ᠬᠢᠴᠢᠶᠡᠯ᠎ᠦᠨ ᠳᠡᠪᠲᠡᠷ᠎ᠲᠡᠬᠡᠨ ᠪᠤᠴᠠᠵᠤ᠂ ᠮᠡᠳᠡᠯᠭᠡ᠎ᠶᠢᠨ ᠴᠡᠭ᠎ᠵᠢᠡᠨ ᠬᠤᠷᠢᠶᠠᠩᠭᠤᠢᠯᠡᠨ ᠳ᠋ᠦᠩᠨᠡᠵᠦ᠂ ᠠᠳᠠᠯᠢᠪᠲᠤᠷ ᠠᠰᠠᠭᠤᠳᠠᠯ᠎ᠢ ᠲᠦᠷᠦᠯᠵᠢᠭᠦᠯᠦᠨ᠂ ᠲᠡᠭᠦᠨ᠎ᠦ ᠳᠣᠲᠤᠷᠠᠬᠢ ᠵᠢᠮ᠎ᠡ ᠶᠣᠰᠣ᠌ ᠪᠠ ᠨᠡᠢᠲᠡᠯᠢᠭ ᠴᠢᠨᠠᠷ᠎ᠢ ᠡᠷᠢᠵᠤ ᠡᠵᠡᠮᠰᠢᠨ ᠪᠠᠰᠠ ᠨᠢᠬᠡ ᠤᠳᠠᠭ᠎ᠠ ᠪᠠᠳᠤᠳᠬᠠᠵᠤ ᠪᠤᠯᠤᠨ᠎ᠠ᠂ ᠢᠩᠭᠢᠪᠡᠯ ᠰᠤᠷᠤᠯᠴᠠᠯᠭ᠎ᠠ ᠵᠢᠨ ᠦᠷ᠎ᠡ ᠪᠦᠲᠦᠮᠵᠢ᠎ᠶᠢ ᠴᠢᠨᠢ ᠶᠡᠬᠡ᠎ᠪᠡᠷ ᠳᠡᠭᠡᠭᠰᠢᠯᠡᠭᠦᠯᠵᠦ ᠴᠢᠳᠠᠨ᠎ᠠ᠃ ᠪᠠᠰᠠ ᠰᠤᠷᠣᠯᠭ᠎ᠠ ᠪᠠ ᠠᠮᠢᠳᠤᠷᠠᠯ᠎ᠵᠢᠡᠨ ᠲᠡᠩᠴᠡᠭᠦᠷᠢᠲᠠᠢ ᠪᠠᠢᠯᠭᠠᠬᠤ᠎ᠶᠢ ᠠᠩᠬᠠᠷᠴᠤ᠂ ᠬᠡᠲᠦᠷᠬᠡᠢ ᠶᠠᠳᠠᠷᠠᠬᠤ ᠡᠴᠡ ᠰᠡᠷᠭᠡᠢᠯᠡᠵᠦ᠂ ᠢᠳᠡᠪᠬᠢᠳᠡᠢ ᠪᠠᠶᠠᠰᠤᠩᠭᠤᠢ ᠰᠡᠳᠬᠢᠯᠬᠡ ᠪᠡᠷ ᠰᠢᠯᠭᠠᠯᠳᠠ ᠪᠠᠨ ᠤᠭᠳᠤᠬᠤ ᠬᠡᠷᠡᠭᠳᠡᠢ᠃ ᠰᠢᠯᠭᠠᠯᠳᠠ ᠵᠢᠨ ᠳᠤᠮᠳᠠ ᠬᠢᠨᠠᠭᠤᠷ ᠯᠠᠪᠳᠠᠭᠤᠨ ᠪᠠᠢᠵᠤ᠂ ᠬᠢᠨᠠᠮᠠᠭᠠᠢ ᠪᠤᠰᠤ ᠡᠴᠡ ᠪᠤᠯᠵᠤ ᠴᠢᠳᠠᠬᠤ ᠰᠡᠳᠦᠪ ᠵᠢᠡᠨ ᠠᠯᠳᠠᠬᠤ ᠡᠴᠡ ᠬᠢᠴᠢᠶᠡᠭᠡᠷᠡᠢ᠃

ᠬᠠᠢᠷᠠᠲᠤ ᠨᠣᠮ᠎ᠤᠨ ᠳᠡᠭᠦᠦ ᠨᠠᠷ ᠮᠢᠨᠢ᠂ ᠰᠢᠯᠭᠠᠯᠳᠠ ᠶᠤᠮ ᠴᠢᠨᠢ ᠰᠠᠨᠳᠤᠷᠬᠤ ᠨᠢ ᠵᠠᠢᠯᠠᠰᠢ ᠦᠭᠡᠢ᠂ ᠭᠡᠪᠡᠴᠦ ᠡᠨᠡ ᠪᠠᠴᠢᠮᠳᠠᠯ᠎ᠳᠤ ᠪᠢᠲᠡᠭᠡᠢ ᠬᠦᠯᠢᠶᠡᠰᠦᠯᠡᠭᠳᠡᠭᠡᠳ ᠪᠠᠢ᠃ ᠡᠳᠦᠷ ᠰᠦᠨᠢ᠎ᠶᠢᠨ ᠬᠠᠲᠠᠭᠤᠵᠢᠯᠲᠠᠢ ᠰᠤᠷᠤᠯᠴᠠᠯᠭ᠎ᠠ᠂ ᠬᠦᠴᠢᠷ ᠰᠡᠳᠦᠪ ᠨᠢᠭᠡᠪᠦᠷᠢ᠎ᠶᠢᠨ ᠰᠢᠪᠲᠤᠯᠥᠯᠲᠠ᠂ ᠤᠳᠠᠭ᠎ᠠ ᠪᠦᠷᠢ᠎ᠶᠢᠨ ᠰᠤᠷᠢᠯᠳᠠ ᠰᠢᠯᠭᠠᠯᠳᠠ ᠴᠢᠨᠢ ᠪᠦᠷ ᠴᠢᠨᠦ ᠪᠣᠳᠠᠳᠤ ᠬᠦᠴᠦᠨ᠎ᠦ ᠭᠡᠷᠡᠴᠢᠯᠡᠯ ᠪᠤᠯᠤᠨ᠎ᠠ᠃ ᠲᠠ ᠨᠢᠭᠡᠨᠲᠡ ᠬᠠᠮᠤᠭ᠎ᠤᠨ ᠪᠦᠷᠢᠨ ᠪᠡᠯᠡᠳᠭᠡᠯ ᠬᠢᠭᠰᠡᠨ᠃ ᠭᠦᠨ ᠠᠮᠢᠰᠬᠤᠵᠤ᠂ ᠲᠠᠯᠪᠢᠭᠤᠨ ᠳᠤᠭᠳᠠᠭᠤᠨ ᠵᠢᠡᠷ ᠤᠯᠤᠰ᠎ᠤᠨ ᠰᠢᠯᠭᠠᠯᠲᠠ᠎ᠳ᠋ᠠᠭᠠᠨ ᠦᠪᠡᠷ᠎ᠦᠨ ᠴᠢᠳᠠᠪᠤᠷᠢ ᠪᠠᠨ ᠰᠤᠷᠢᠭᠠᠷᠠᠢ᠃ ᠲᠠ ᠢᠮᠠᠭᠲᠠ ᠴᠢᠷᠮᠠᠢᠭᠰᠠᠭᠠᠷ ᠢᠷᠡᠭᠰᠡᠨ᠂ ᠡᠨᠡ ᠬᠦ᠌ ᠴᠢᠷᠮᠠᠢᠯᠭ᠎ᠠ ᠡᠴᠦᠰ᠎ᠲᠡᠬᠡᠨ ᠴᠡᠴᠡᠭᠯᠡᠨ ᠵᠢᠮᠢᠰᠯᠡᠬᠦ ᠶᠤᠮ᠃

ᠤᠯᠤᠰ᠎ᠤᠨ ᠨᠢᠬᠡᠳᠦᠯᠳᠡᠢ ᠰᠢᠯᠭᠠᠯᠳᠠ ᠪᠤᠯ ᠰᠤᠷᠤᠯᠴᠠᠯᠭ᠎ᠠ ᠵᠢᠨ ᠬᠡᠰᠡᠭ ᠱᠠᠳᠤᠨ ᠤ᠋ ᠬᠤᠷᠢᠶᠠᠩᠭᠤᠢᠯᠠᠯ᠂ ᠶᠡᠬᠡ ᠰᠤᠷᠭᠠᠭᠤᠯᠢ ᠵᠢᠨ ᠠᠮᠢᠳᠤᠷᠠᠯ ᠪᠤᠯ ᠪᠠᠰᠠ ᠨᠢᠬᠡᠨ ᠰᠢᠨ᠎ᠡ ᠡᠬᠢᠯᠡᠯᠳᠡ ᠪᠤᠯᠤᠨ᠎ᠠ᠃ ᠪᠢ ᠵᠢᠯ᠎ᠤᠨ ᠡᠮᠦᠨ᠎ᠡ ᠳᠠᠨᠢᠯ ᠪᠤᠰᠤ ᠤᠷᠴᠢᠨ ᠳ᠋ᠤ ᠢᠷᠡᠬᠡᠳ ᠡᠷᠡᠬᠡᠯᠵᠡᠭᠡ ᠲᠡᠭᠡᠭᠡᠷ᠎ᠡ ᠳᠠᠢ ᠪᠠᠢᠭᠰᠠᠨ ᠴᠤ᠌ ᠳᠤᠷ᠎ᠠ ᠰᠤᠨᠢᠷᠬᠠᠯ ᠳᠠᠢ ᠬᠢᠴᠢᠶᠡᠯ᠎ᠢᠶᠡᠨ ᠰᠤᠷᠴᠤ᠂ ᠪᠠᠶᠠᠯᠢᠭ ᠰᠠᠢᠬᠠᠨ ᠠᠵᠢᠯᠯᠠᠭ᠎ᠠ ᠳ᠋ᠤ ᠤᠷᠤᠯᠴᠠᠬᠤ ᠪᠡᠷ ᠲᠠᠮᠵᠢᠨ ᠮᠠᠰᠢ ᠲᠦᠷᠬᠡᠨ ᠳᠠᠰᠴᠤ᠂ ᠤᠳᠤ ᠦᠪᠡᠷ᠎ᠤᠨ ᠰᠤᠷᠤᠭᠰᠠᠨ ᠳᠤᠰᠬᠠᠢ ᠮᠡᠷᠬᠡᠵᠢᠯ ᠳ᠋ᠡᠬᠡᠨ ᠨᠡᠩ ᠪᠠᠬ᠎ᠠ ᠳᠠᠢ ᠪᠤᠯᠵᠠᠢ᠃ ᠶᠡᠬᠡ ᠰᠤᠷᠭᠠᠭᠤᠯᠢ ᠵᠢᠨ ᠬᠦᠷᠢᠶᠡᠨ ᠳ᠋ᠤ ᠬᠠᠷᠠᠭ᠎ᠠ ᠮᠠᠨᠢ ᠳᠡᠯᠡᠵᠦ᠂ ᠰᠢᠨ᠎ᠡ ᠨᠢᠬᠡᠨ ᠬᠦᠰᠡᠯ ᠮᠦᠷᠦᠬᠡᠳᠦᠯ᠎ᠤᠨ ᠵᠢᠡᠨ ᠲᠦᠯᠦᠬᠡ ᠳᠡᠮᠡᠦᠯᠵᠦ ᠪᠠᠢᠨ᠎ᠠ᠃ ᠪᠢᠳᠠ ᠬᠠᠮᠳᠤ ᠳ᠋ᠠᠭᠠᠨ ᠴᠢᠷᠮᠠᠢᠵᠠᠭᠠᠶ᠎ᠠ !



QQ20250526-100153.png


ᠪᠡᠯᠡᠳᠭᠡᠯ ᠰᠠᠢᠳᠠᠢ ᠪᠢᠳᠡ ᠪᠠᠯᠢᠳᠠᠬᠤ ᠦᠭᠡᠢ


QQ20250526-100204.png


ᠶᠡᠬᠡ ᠲᠡᠭᠡᠳᠦ ᠰᠤᠷᠭᠠᠭᠤᠯᠢ ᠳ᠋ᠤ ᠰᠤᠷᠤᠭᠴᠢ ᠡᠯᠰᠡᠬᠦ ᠤᠯᠤᠰ᠎ᠤᠨ ᠨᠢᠭᠡᠳᠦᠯᠳᠡᠢ ᠰᠢᠯᠭᠠᠯᠳᠠ ᠤᠢᠷᠠᠳᠤᠯ᠎ᠠ᠃ ᠪᠠᠭᠰᠢ ᠰᠤᠷᠤᠭᠴᠢ᠎ᠶᠢᠨ ᠬᠦᠴᠦ ᠲᠠᠮᠢᠷ᠂ ᠤᠶᠤᠨ ᠪᠢᠯᠢᠭ᠎ᠢ ᠰᠤᠷᠢᠬᠤ ᠵᠠᠩᠬᠢᠯᠠᠭ᠎ᠠ᠎ᠶᠢᠨ ᠮᠦᠴᠡ ᠲᠤᠯᠤᠭᠠᠳ ᠢᠷᠡᠵᠡᠢ᠃ ᠲᠡᠭᠡᠪᠡᠯ ᠡᠨᠡ ᠬᠦ᠌ ᠨᠢᠭᠡᠳᠦᠯᠳᠡᠢ ᠰᠢᠯᠭᠠᠯᠳᠠ᠎ᠶᠢᠨ ᠦᠭᠡᠷᠡᠴᠢᠯᠡᠯᠳᠡ ᠬᠤᠪᠢᠷᠠᠯᠳᠠ᠎ᠶᠢᠨ ᠡᠮᠦᠨ᠎ᠡ ᠮᠠᠨ᠎ᠤ ᠰᠤᠷᠭᠠᠭᠤᠯᠢ᠂ ᠪᠠᠬᠰᠢ ᠨᠠᠷ ᠪᠦᠷ ᠶᠠᠮᠠᠷᠬᠠᠨ ᠪᠡᠯᠡᠳᠭᠡᠯ ᠬᠢᠭᠰᠡᠨ ᠪᠤᠯ ? ᠰᠤᠷᠤᠭᠴᠢ ᠬᠡᠤᠬᠡᠳ᠎ᠢᠶᠡᠨ ᠬᠡᠷᠬᠢᠨ ᠬᠠᠯᠠᠮᠵᠢᠯᠠᠵᠤ ᠤᠷᠮᠠᠰᠢᠭᠤᠯᠵᠤ ᠪᠠᠢᠭ᠎ᠠ ᠪᠤᠯ ? ᠪᠢᠳᠡ ᠡᠳᠡᠭᠡᠷ ᠠᠰᠠᠭᠤᠳᠠᠯ ᠳ᠋ᠤ ᠴᠢᠭᠯᠡᠬᠦᠯᠦᠨ ᠬᠢᠩᠭᠠᠨ ᠠᠢᠮᠠᠭ᠎ᠤᠨ ᠤᠯᠠᠭᠠᠨᠬᠤᠳᠠ ᠬᠤᠶᠠᠳᠤᠭᠠᠷ ᠳᠤᠮᠳᠠᠳᠤ ᠰᠤᠷᠭᠠᠭᠤᠯᠢ ᠵᠢᠨ ᠦᠨᠳᠦᠷ ᠭᠤᠷᠪᠠ ᠵᠢᠨ ᠠᠩᠬᠢ ᠵᠢᠨ ᠡᠷᠬᠢᠯᠡᠭᠴᠢ ᠺᠠᠢ ᠬᠤᠸᠠ ᠪᠠᠭᠰᠢ ᠵᠢ ᠰᠤᠷᠪᠤᠯᠵᠢᠯᠠᠭᠰᠠᠨ ᠶᠤᠮ᠃

ᠰᠢᠯᠭᠠᠯᠳᠠ ᠵᠢᠨ ᠦᠭᠡᠷᠡᠴᠢᠯᠡᠯᠳᠡ ᠬᠤᠪᠢᠷᠠᠯᠳᠠ ᠳ᠋ᠤ ᠬᠠᠨᠳᠤᠭᠤᠯᠵᠤ᠂ ᠲᠡᠳᠡᠨ᠎ᠤ ᠰᠤᠷᠭᠠᠭᠤᠯᠢ ᠡᠷᠳᠡ ᠡᠴᠡ ᠤᠯᠠᠨ ᠵᠦᠢᠯ᠎ᠤᠨ ᠠᠷᠭ᠎ᠠ ᠠᠪᠴᠠᠯ ᠠᠪᠴᠠᠢ᠃ ᠴᠦᠬᠡᠨ ᠪᠤᠰᠤ ᠰᠤᠷᠤᠭᠴᠢᠳ᠎ᠤᠨ ᠬᠡᠯᠡ ᠪᠢᠴᠢᠭ᠂ ᠠᠩᠭᠯᠢ ᠬᠡᠯᠡᠨ᠎ᠤ ᠬᠢᠷᠢ ᠪᠦᠳᠦᠮᠵᠢ ᠠᠨᠠᠢ ᠪᠠᠢᠳᠠᠯ ᠳ᠋ᠤ ᠴᠢᠭᠯᠡᠬᠦᠯᠵᠦ᠂ ᠲᠡᠳᠡ ᠡᠩ ᠳᠡᠷᠢᠬᠦᠨ ᠳ᠋ᠤ ᠪᠠᠭᠰᠢ ᠵᠢᠨ ᠡᠩᠨᠡᠬᠡ ᠵᠢᠨ ᠪᠤᠯᠪᠠᠰᠤᠷᠠᠯ᠎ᠢ ᠴᠢᠩᠭᠠᠳᠬᠠᠵᠤ᠂ ᠤᠯᠠᠭᠠᠨᠬᠤᠳᠠ ᠨᠢᠬᠡᠳᠦᠬᠡᠷ ᠳᠤᠮᠳᠠᠳᠤ ᠰᠤᠷᠭᠠᠭᠤᠯᠢ ᠡᠴᠡ ᠰᠤᠷᠭᠠᠨ ᠬᠦᠮᠦᠵᠢᠯ᠎ᠢ ᠳᠡᠮᠵᠢᠬᠦ ᠪᠠᠭᠰᠢ ᠤᠷᠢᠭᠰᠠᠨ ᠪᠠᠢᠯ᠎ᠠ᠃ ᠰᠤᠷᠭᠠᠭᠤᠯᠢ ᠡᠴᠡ ᠪᠠᠰᠠ ᠪᠠᠭᠰᠢ ᠨᠠᠷ᠎ᠤᠨ ᠠᠢᠮᠠᠭ᠎ᠤᠨ ᠳᠤᠳᠤᠨ᠎ᠠ ᠭᠠᠳᠠᠨ᠎ᠠ ᠬᠦᠷᠴᠦ ᠡᠯ᠎ᠠ ᠬᠢᠴᠢᠶᠡᠯ ᠲᠦᠷᠦᠯ᠎ᠤᠨ ᠰᠤᠷᠤᠯᠴᠠᠯᠭ᠎ᠠ ᠪᠠ ᠳᠠᠪᠳᠠᠨ ᠪᠤᠯᠪᠠᠰᠤᠷᠠᠯ ᠳ᠋ᠤ ᠤᠷᠤᠯᠴᠠᠬᠤ ᠵᠢ ᠢᠳᠡᠪᠬᠢᠳᠡᠢ ᠳᠡᠮᠵᠢᠵᠦ᠂ ᠠᠩᠭᠯᠢ ᠬᠡᠯᠡ ᠪᠠ ᠬᠡᠯᠡ ᠪᠢᠴᠢᠭ᠎ᠤᠨ ᠳᠠᠰᠤᠭ᠎ᠤᠨ ᠪᠠᠭᠰᠢ ᠵᠢᠨ ᠰᠤᠷᠤᠯᠴᠠᠯᠭ᠎ᠠ ᠪᠠ ᠬᠠᠮᠵᠢᠯᠴᠠᠭ᠎ᠠ ᠵᠢ ᠴᠢᠩᠭᠠᠳᠬᠠᠪᠠ᠃ ᠦᠨᠳᠦᠷ ᠭᠤᠷᠪᠠ ᠵᠢᠨ ᠬᠢᠴᠢᠶᠡᠯ ᠪᠡᠯᠡᠳᠬᠡᠬᠦ ᠳᠤᠭᠤᠢᠯᠠᠩ᠎ᠤᠨ ᠬᠤᠭᠤᠷᠤᠨᠳᠤᠬᠢ ᠬᠠᠮᠵᠢᠯᠴᠠᠭ᠎ᠠ ᠵᠢ ᠴᠢᠩᠭᠠᠳᠬᠠᠵᠤ᠂ ᠬᠢᠴᠢᠶᠡᠯ ᠪᠡᠯᠡᠳᠬᠡᠬᠦ ᠳᠤᠭᠤᠢᠯᠠᠩ᠎ᠤᠨ ᠳᠠᠷᠤᠭ᠎ᠠ ᠡᠴᠡ ᠳᠤᠭᠤᠢᠯᠠᠩ᠎ᠤᠨ ᠪᠠᠭᠰᠢ ᠪᠠᠨ ᠵᠤᠬᠢᠶᠠᠨ ᠪᠠᠢᠭᠤᠯᠤᠨ ᠰᠤᠷᠤᠭᠴᠢᠳ ᠲᠤ᠌ ᠭᠠᠷᠠᠭ ᠪᠦᠷᠢ ᠳᠤᠰᠬᠠᠢ ᠰᠡᠳᠦᠪ᠎ᠤᠨ ᠪᠤᠯᠪᠠᠰᠤᠷᠠᠯ ᠪᠠ ᠶᠡᠷᠦᠩᠬᠡᠢ ᠪᠤᠯᠪᠠᠰᠤᠷᠠᠯ᠎ᠢ ᠡᠷᠴᠢᠮ ᠳᠠᠢ ᠴᠢᠨᠠᠷᠯᠢᠭ ᠬᠢᠵᠡᠢ᠃ 《ᠪᠢᠳᠡ ᠪᠠᠰᠠ ᠠᠬ᠎ᠠ ᠳᠡᠬᠦᠦ ᠰᠤᠷᠭᠠᠭᠤᠯᠢ ᠡᠴᠡ ᠳᠠᠭᠠᠨ ᠰᠤᠷᠤᠯᠴᠠᠵᠤ᠂ ᠴᠠᠩᠴᠦ᠋ᠨ᠎ᠤ ᠠᠷᠪᠠᠨ ᠨᠢᠬᠡᠳᠦᠬᠡᠷ ᠳᠤᠮᠳᠠᠳᠤ ᠰᠤᠷᠭᠠᠭᠤᠯᠢ ᠪᠠ ᠤᠯᠠᠭᠠᠨᠬᠤᠳᠠ ᠨᠢᠬᠡᠳᠦᠬᠡᠷ ᠳᠤᠮᠳᠠᠳᠤ ᠰᠤᠷᠭᠠᠭᠤᠯᠢ ᠳᠠᠢ ᠠᠵᠢᠯ ᠲᠦᠷᠦᠯ᠎ᠤᠨ ᠬᠠᠮᠵᠢᠯᠴᠠᠭ᠎ᠠ ᠪᠠᠢᠭᠤᠯᠤᠨ᠂ ᠵᠢᠭᠠᠨ ᠰᠤᠷᠭᠠᠯᠳᠠ ᠵᠢᠨ ᠳᠠᠯ᠎ᠠ ᠪᠡᠷ ᠪᠠᠭᠰᠢ ᠰᠤᠷᠤᠭᠴᠢᠳ ᠵᠢᠡᠨ ᠢᠳᠡᠪᠬᠢᠳᠡᠢ ᠵᠢᠯᠤᠭᠤᠳᠴᠠᠢ》 ᠬᠡᠵᠦ ᠺᠠᠢ ᠬᠤᠸᠠ ᠪᠠᠭᠰᠢ ᠳᠠᠨᠢᠯᠴᠠᠭᠤᠯᠤᠯ᠎ᠠ᠃

ᠦᠨᠳᠦᠷ ᠭᠤᠷᠪᠠ ᠵᠢᠨ ᠰᠤᠷᠤᠭᠴᠢᠳ᠎ᠤᠨ ᠰᠤᠷᠤᠯᠭ᠎ᠠ ᠵᠢᠨ ᠳᠠᠷᠤᠭᠠᠰᠤ ᠬᠦᠨᠳᠤ ᠪᠠᠢᠳᠠᠭ ᠡᠴᠡ ᠰᠤᠷᠭᠠᠭᠤᠯᠢ ᠨᠢ ᠰᠤᠷᠤᠭᠴᠢᠳ᠎ᠢᠶᠡᠨ ᠬᠠᠯᠠᠮᠵᠢᠯᠠᠵᠤ ᠳᠤᠳᠤᠮᠳᠠᠬᠤ ᠳᠠᠯ᠎ᠠ ᠪᠡᠷ ᠶᠡᠬᠡᠳᠡ ᠠᠩᠬᠠᠷᠤᠭᠰᠠᠭᠠᠷ ᠢᠷᠡᠵᠡᠢ᠃ ᠰᠤᠷᠤᠯᠭ᠎ᠠ ᠳ᠋ᠠᠭᠠᠨ ᠬᠦᠴᠢᠷᠳᠡᠵᠦ ᠪᠠᠢᠬᠤ ᠰᠤᠷᠤᠭᠴᠢᠳ ᠲᠤ᠌ ᠴᠢᠭᠯᠡᠬᠦᠯᠦᠨ ᠰᠤᠷᠭᠠᠭᠤᠯᠢ ᠡᠴᠡ ᠳᠤᠰᠬᠠᠢ ᠴᠠᠭ ᠭᠠᠷᠭᠠᠵᠤ ᠬᠢᠴᠢᠶᠡᠯ ᠨᠦᠬᠦᠵᠦ ᠦᠭᠬᠦᠭᠰᠡᠨ ᠵᠢᠡᠷ ᠪᠠᠷᠠᠬᠤ ᠦᠬᠡᠢ ᠰᠤᠷᠤᠯᠭ᠎ᠠ ᠵᠢᠨ ᠬᠢᠷᠢ ᠪᠦᠳᠦᠮᠵᠢ ᠰᠠᠢᠨ ᠬᠡᠦᠬᠡᠳ᠎ᠤᠨ ᠠᠨᠠᠢ ᠬᠢᠴᠢᠶᠡᠯ ᠲᠦᠷᠦᠯ᠎ᠢ ᠪᠠᠭᠰᠢ ᠨᠠᠷ ᠡᠴᠡ ᠳᠤᠰᠬᠠᠢ ᠨᠦᠬᠦᠪᠦᠷᠢᠯᠡᠵᠦ᠂ ᠰᠤᠷᠤᠭᠴᠢᠳ᠎ᠤᠨ ᠶᠡᠷᠦᠩᠬᠡᠢ ᠬᠢᠷᠢ ᠪᠦᠳᠦᠮᠵᠢ ᠵᠢ ᠳᠡᠬᠡᠭᠰᠢᠯᠡᠬᠦᠯᠬᠦ ᠪᠡᠷ ᠴᠢᠷᠮᠠᠢᠪᠠ᠃ ᠪᠠᠰᠠ ᠰᠤᠷᠭᠠᠭᠤᠯᠢ ᠪᠠ ᠬᠡᠷ᠎ᠤᠨ ᠠᠬᠠᠮᠠᠳ᠎ᠤᠨ ᠬᠠᠮᠵᠢᠯᠴᠠᠭ᠎ᠠ ᠵᠢ ᠴᠢᠩᠭᠠᠳᠬᠠᠵᠤ᠂ ᠤᠳᠠᠭ᠎ᠠ ᠪᠦᠷᠢ ᠵᠢᠨ ᠰᠤᠷᠢᠯᠳᠠ ᠰᠢᠯᠭᠠᠯᠳᠠ ᠵᠢ ᠬᠦᠢᠴᠡᠳ ᠵᠠᠳᠠᠯᠵᠤ᠂ ᠰᠤᠷᠤᠭᠴᠢ ᠵᠢᠨ ᠪᠠᠢᠳᠠᠯ᠎ᠢ ᠬᠡᠷ᠎ᠤᠨ ᠠᠬᠠᠮᠠᠳ᠎ᠲᠤ᠌ ᠰᠠᠢᠳᠤᠷ ᠤᠢᠯᠠᠭᠠᠭᠤᠯᠵᠤ᠂ ᠰᠤᠷᠤᠭᠴᠢ ᠵᠢᠨ ᠪᠡᠶ᠎ᠠ ᠳᠡᠬᠡᠷ᠎ᠡ ᠶᠠᠮᠠᠷ ᠨᠢᠬᠡᠨ ᠠᠰᠠᠭᠤᠳᠠᠯ ᠢᠯᠡᠷᠡᠬᠦ ᠦᠶ᠎ᠠ ᠬᠡᠷ᠎ᠤᠨ ᠠᠬᠠᠮᠠᠳ ᠳᠠᠢ ᠬᠠᠮᠵᠢᠯᠴᠠᠵᠤ᠂ ᠳᠡᠳᠡᠨ᠎ᠤ ᠠᠷᠤ ᠲᠦᠰᠢᠭ᠎ᠤᠨ ᠦᠢᠯᠡᠳᠦᠯ᠎ᠢ ᠪᠠᠳᠠᠷᠠᠭᠤᠯᠵᠤ ᠪᠠᠢᠨ᠎ᠠ᠃ ᠪᠠᠰᠠ ᠰᠤᠷᠭᠠᠭᠤᠯᠢ ᠵᠢᠨ ᠰᠡᠳᠬᠢᠴᠡ ᠵᠢᠨ ᠪᠠᠭᠰᠢ ᠳᠠᠢ ᠬᠠᠮᠵᠢᠯᠴᠠᠵᠤ᠂ ᠰᠤᠷᠤᠭᠴᠢᠳ᠎ᠤᠨ ᠰᠡᠳᠬᠢᠯ᠎ᠤᠨ ᠳᠠᠷᠤᠭᠠᠰᠤ ᠵᠢ ᠬᠦᠩᠬᠡᠷᠡᠭᠦᠯᠵᠦ᠂ ᠤᠷᠮ᠎ᠠ ᠰᠡᠳᠬᠢᠯ᠎ᠢ ᠨᠢ ᠳᠠᠢᠳᠬᠤᠷᠠᠭᠤᠯᠵᠤ ᠵᠤᠷᠢᠭᠵᠢᠭᠤᠯᠵᠤ ᠪᠠᠢᠳᠠᠭ᠃ 《ᠪᠡᠯᠡᠳᠭᠡᠯ ᠲᠡᠢ ᠪᠤᠯ ᠪᠠᠯᠢᠳᠠᠬᠤ ᠦᠭᠡᠢ᠃ ᠪᠢᠳᠡ ᠰᠤᠷᠭᠠᠭᠤᠯᠢ᠎ᠶᠢᠨ ᠡᠯ᠎ᠡ ᠲᠠᠯ᠎ᠠ᠎ᠶᠢᠨ ᠤᠳᠤᠷᠢᠳᠤᠯᠭ᠎ᠠ ᠵᠤᠬᠢᠶᠠᠨ ᠪᠠᠢᠭᠤᠯᠤᠯᠳᠠ᠂ ᠪᠠᠬᠰᠢ᠎ᠶᠢᠨ ᠪᠤᠯᠪᠠᠰᠤᠷᠠᠯ᠂ ᠬᠢᠴᠢᠶᠡᠯ ᠲᠦᠷᠦᠯ᠎ᠤᠨ ᠵᠠᠳᠠᠯᠤᠯᠳᠠ᠂ ᠡᠷᠡᠮᠡᠯᠵᠡᠯ ᠲᠠᠭᠯᠠᠬᠤ ᠵᠡᠷᠭᠡ ᠤᠯᠠᠨ ᠲᠠᠯ᠎ᠠ ᠪᠠᠷ ᠪᠡᠯᠡᠳᠭᠡᠯ ᠬᠢᠵᠦ᠂ ᠤᠯᠤᠰ᠎ᠤᠨ ᠨᠢᠬᠡᠳᠦᠯᠳᠡᠢ ᠰᠢᠯᠭᠠᠯᠳᠠ ᠪᠠᠨ ᠢᠳᠡᠬᠡᠯ ᠳᠡᠬᠦᠯᠳᠡᠷ ᠤᠭᠳᠤᠬᠤ ᠪᠡᠷ ᠬᠠᠮᠳᠤ ᠪᠠᠷ ᠴᠢᠷᠮᠠᠢᠵᠤ ᠪᠠᠢᠨ᠎ᠠ》 ᠬᠡᠵᠦ ᠺᠠᠢ ᠬᠤᠸᠠ ᠪᠠᠭᠰᠢ ᠶᠠᠷᠢᠨ᠎ᠠ᠃


ᠬᠡᠦᠬᠡᠳ᠎ᠤᠨ᠎ᠢᠶᠡᠨ ᠪᠠᠳᠤ ᠲᠦᠰᠢᠭ ᠪᠤᠯᠤᠭᠠᠰᠠᠢ


QQ20250526-100219.png


ᠤᠯᠤᠰ᠎ᠤᠨ ᠨᠢᠬᠡᠳᠦᠯᠳᠡᠢ ᠰᠢᠯᠭᠠᠯᠳᠠ ᠡᠭᠦᠳᠡᠨ ᠭᠠᠳᠠᠭ᠎ᠠ ᠬᠦᠷᠦᠭᠡᠳ ᠢᠷᠡᠯ᠎ᠡ᠃ ᠡᠨᠡ ᠦᠶ᠎ᠠ ᠳ᠋ᠤ ᠵᠠᠷᠢᠮ ᠰᠤᠷᠤᠭᠴᠢ ᠪᠠ ᠬᠡᠷ᠎ᠤᠨ ᠠᠬᠠᠮᠠᠳ᠎ᠤᠨ ᠰᠡᠳᠬᠢᠯ᠎ᠤᠨ ᠳᠠᠷᠤᠭᠠᠰᠤ ᠬᠦᠨᠳᠦᠷᠡᠵᠦ᠂ ᠪᠠᠴᠢᠮᠳᠠᠵᠤ ᠰᠠᠨᠳᠤᠷᠬᠤ ᠪᠤᠶᠤ ᠪᠤᠬᠢᠨᠢᠳᠤᠬᠤ ᠪᠠᠢᠳᠠᠯ ᠢᠯᠡᠷᠡᠬᠦ ᠮᠠᠭᠠᠳ᠃ ᠰᠡᠳᠬᠢᠯ ᠳ᠋ᠡᠬᠡᠨ ᠬᠡᠳᠦ ᠶᠡᠬᠡ ᠳᠠᠷᠤᠭᠠᠰᠤ ᠳᠠᠢ ᠪᠠᠢᠬᠤ ᠨᠢ ᠰᠢᠯᠭᠠᠭᠤᠯᠤᠭᠴᠢ ᠵᠢᠨ ᠬᠡᠪ᠎ᠤᠨ ᠰᠤᠷᠤᠯᠴᠠᠯᠭ᠎ᠠ ᠪᠤᠶᠤ ᠰᠢᠯᠭᠠᠯᠳᠠ ᠵᠢᠨ ᠬᠢᠷᠢ ᠪᠦᠳᠦᠮᠵᠢ ᠵᠢᠴᠢ ᠪᠡᠶ᠎ᠡ ᠰᠡᠳᠬᠢᠯ᠎ᠤᠨ ᠡᠷᠡᠬᠦᠯ ᠮᠡᠨᠳᠤ ᠵᠢ ᠨᠦᠯᠦᠬᠡᠯᠡᠵᠦ ᠮᠡᠳᠡᠨ᠎ᠡ᠃ ᠡᠢᠮᠦᠷᠬᠦᠦ ᠪᠠᠢᠳᠠᠯ ᠳ᠋ᠤ ᠮᠠᠨ᠎ᠤ ᠬᠡᠷ᠎ᠤᠨ ᠠᠬᠠᠮᠠᠳ ᠪᠤᠯᠤᠭᠰᠠᠳ ᠬᠡᠷᠬᠢᠨ ᠬᠠᠨᠳᠤᠪᠠᠯ ᠵᠤᠬᠢᠬᠤ ᠪᠤᠢ ? ᠬᠡᠷᠬᠢᠨ ᠬᠡᠦᠬᠡᠳ᠎ᠤᠨ ᠵᠢᠡᠨ ᠪᠠᠳᠤ ᠲᠦᠰᠢᠭ ᠪᠤᠯᠵᠤ᠂ ᠲᠡᠭᠡᠭᠡᠷ᠎ᠡ ᠳᠠᠷᠤᠭᠠᠰᠤ ᠵᠢ ᠨᠢ ᠬᠦᠩᠬᠡᠯᠡᠨ᠂ ᠰᠡᠳᠬᠢᠯ ᠰᠠᠨᠠᠭ᠎ᠠ ᠵᠢ ᠨᠢ ᠳᠠᠢᠳᠬᠤᠷᠠᠭᠤᠯᠬᠤ ᠪᠢᠯᠡ ? ᠡᠨᠡ ᠲᠤᠬᠠᠢ ᠪᠢᠳᠡ ᠨᠢᠳᠤᠨᠤᠨ ᠬᠡᠦᠬᠡᠨ ᠵᠢᠡᠨ ᠶᠡᠬᠡ ᠰᠤᠷᠭᠠᠭᠤᠯᠢ ᠳ᠋ᠤ ᠠᠮᠵᠢᠯᠳᠠ ᠲᠠᠢ ᠰᠢᠯᠭᠠᠭᠤᠯᠤᠨ ᠬᠦᠷᠭᠡᠭᠰᠡᠨ ᠬᠡᠷ᠎ᠤᠨ ᠠᠬᠠᠮᠠᠳ ᠰᠠᠷᠠᠨ᠎ᠠ ᠵᠢᠨ ᠪᠤᠳᠠᠳᠤ ᠳᠤᠷᠰᠢᠯᠭ᠎ᠠ ᠡᠴᠡ ᠬᠤᠪᠢᠶᠠᠯᠴᠠᠶ᠎ᠠ᠃

— ᠰᠢᠯᠭᠠᠯᠳᠠ ᠤᠢᠷᠠᠳᠬᠤ ᠪᠡᠷ ᠬᠡᠦᠬᠡᠳ᠎ᠤᠨ ᠵᠢᠡᠨ ᠪᠡᠶ᠎ᠠ ᠰᠡᠳᠬᠢᠴᠡ ᠵᠢᠨ ᠪᠠᠢᠳᠠᠯ᠎ᠢ ᠤᠨᠴᠠ ᠠᠩᠬᠠᠷᠬᠤ ᠬᠡᠷᠡᠭᠳᠡᠢ᠃ ᠡᠨᠡ ᠦᠶ᠎ᠠ ᠳ᠋ᠤ ᠬᠡᠷ᠎ᠤᠨ ᠠᠬᠠᠮᠠᠳ ᠪᠤᠯᠤᠭᠰᠠᠳ ᠬᠡᠦᠬᠡᠳ᠎ᠤᠨ᠎ᠢᠶᠡᠨ ᠪᠠᠳᠤ ᠲᠦᠰᠢᠭ ᠪᠤᠯᠵᠤ᠂ ᠬᠡᠦᠬᠡᠳ ᠬᠡᠳᠦᠷᠬᠡᠢ ᠪᠠᠴᠢᠮᠳᠠᠵᠤ ᠬᠡᠳᠦ ᠳᠠᠷᠤᠭᠠᠰᠤ ᠲᠠᠢ ᠪᠠᠢᠪᠠᠯ᠂ 《ᠰᠢᠯᠭᠠᠯᠳᠠ ᠵᠢᠨ ᠬᠤᠪᠢ ᠬᠠᠮᠤᠭ ᠴᠢᠬᠤᠯᠠ ᠪᠢᠰᠢ᠂ ᠴᠢᠷᠮᠠᠢᠭᠰᠠᠭᠠᠷ ᠢᠷᠡᠭᠰᠡᠨ ᠶᠤᠮ ᠴᠢᠨᠢ ᠯᠠᠪᠳᠠᠢ ᠠᠮᠵᠢᠯᠳᠠ ᠤᠯᠵᠤ ᠴᠢᠳᠠᠨ᠎ᠠ᠂ ᠲᠠᠨ᠎ᠢ ᠡᠯᠰᠡᠬᠦ ᠶᠡᠬᠡ ᠰᠤᠷᠭᠠᠭᠤᠯᠢ ᠯᠠᠪ ᠪᠠᠢᠨ᠎ᠠ》 ᠬᠡᠵᠦ ᠦᠷᠬᠦᠯᠵᠢ ᠬᠡᠯᠡᠵᠦ ᠵᠤᠷᠢᠭᠵᠢᠭᠤᠯᠤᠨ᠂ ᠬᠡᠦᠬᠡᠳ ᠳᠡᠬᠡᠨ ᠢᠳᠡᠪᠬᠢᠳᠡᠢ ᠰᠡᠳᠬᠢᠴᠡ ᠵᠢᠨ ᠳᠤᠬᠢᠶ᠎ᠠ ᠦᠭᠪᠡᠯ ᠰᠠᠢᠨ᠃ ᠬᠡᠦᠬᠡᠳ᠎ᠤᠨ ᠵᠢᠡᠨ ᠶᠡᠷᠦ᠎ᠶᠢᠨ ᠴᠠᠭ᠎ᠤᠨ ᠲᠠᠪᠠᠭᠤᠯᠢᠭ ᠲᠠᠯ᠎ᠠ᠂ ᠠᠮᠵᠢᠯᠳᠠ ᠵᠢ ᠨᠢ ᠢᠯᠡᠬᠦᠬᠡᠨ ᠶᠠᠷᠢᠵᠤ᠂ ᠬᠦᠷᠦᠯᠴᠡᠬᠦ ᠦᠭᠡᠢ ᠵᠦᠢᠯ᠂ ᠳᠤᠳᠠᠭᠳᠠᠯ᠎ᠢ ᠨᠢ ᠳᠤᠳᠠᠭᠤ ᠶᠠᠷᠢᠵᠤ᠂ ᠬᠡᠦᠬᠡᠳ᠎ᠤᠨ ᠦᠪᠡᠷ᠎ᠤᠨ ᠲᠦᠯᠦᠪᠯᠡᠬᠡ ᠪᠡᠷ ᠵᠢᠡᠨ ᠰᠤᠷᠤᠯᠴᠠᠬᠤ ᠵᠢ ᠬᠦᠨᠳᠦᠳᠬᠡᠪᠡᠯ ᠵᠤᠬᠢᠨ᠎ᠠ᠃

— ᠰᠢᠯᠭᠠᠯᠳᠠ ᠡᠴᠡ ᠡᠮᠦᠨ᠎ᠡ᠂ ᠬᠡᠷ᠎ᠤᠨ ᠠᠬᠠᠮᠠᠳ ᠪᠤᠯᠤᠭᠰᠠᠳ ᠴᠤ᠌ ᠠᠳᠠᠯᠢᠬᠠᠨ ᠪᠠᠴᠢᠮᠳᠠᠵᠤ ᠰᠠᠨᠳᠤᠷᠤᠨ᠎ᠠ᠃ ᠬᠡᠪᠡᠴᠦ ᠪᠠᠴᠢᠮᠳᠠᠵᠤ ᠰᠠᠨᠳᠤᠷᠴᠤ ᠪᠠᠢᠬᠤ ᠪᠠᠨ ᠬᠡᠦᠬᠡᠳ ᠳᠡᠬᠡᠨ ᠮᠡᠳᠡᠭᠳᠡᠬᠦ ᠦᠬᠡᠢ ᠪᠠᠢᠪᠠᠯ ᠰᠠᠢᠨ᠂ ᠡᠳᠦᠷ ᠪᠦᠷᠢ ᠬᠡᠷ ᠪᠦᠯᠢ᠎ᠶᠢᠨ᠎ᠢᠶᠡᠨ ᠡᠶ᠎ᠠ ᠨᠠᠢᠷ ᠳᠠᠢ᠂ ᠡᠷᠬᠡ ᠲᠠᠪᠠ ᠲᠡᠢ᠂ ᠢᠨᠢᠶᠡᠳᠤ ᠬᠦᠷ ᠲᠡᠢ ᠰᠤᠷᠤᠯᠴᠠᠬᠤ ᠤᠷᠴᠢᠨ ᠳᠤᠭᠤᠷᠢᠨ᠎ᠢ ᠪᠠᠳᠤᠯᠠᠬᠤ ᠬᠡᠷᠡᠭᠳᠡᠢ᠃ ᠪᠢ ᠲᠡᠷᠡ ᠦᠶ᠎ᠡ ᠳ᠋ᠤ ᠡᠳᠦᠷ ᠪᠦᠷᠢ ᠬᠡᠦᠬᠡᠨ᠎ᠤ ᠪᠠᠨ ᠮᠠᠩᠨᠠᠢ ᠳᠡᠬᠡᠷ᠎ᠡ ᠨᠢ ᠦᠨᠦᠰᠴᠦ᠂ ᠬᠡᠤᠬᠡᠨ᠎ᠢᠶᠡᠨ ᠳᠡᠪᠡᠷᠢᠵᠦ᠂ ᠬᠡᠦᠬᠡᠨ ᠮᠢᠨᠢ ᠵᠦᠳᠡᠷᠡᠯ᠎ᠡ ᠬᠡᠵᠦ ᠲᠠᠢᠳᠬᠤᠷᠠᠭᠤᠯᠤᠨ ᠵᠤᠷᠢᠭᠵᠢᠭᠤᠯᠳᠠᠭ ᠪᠠᠢᠭᠰᠠᠨ᠃ ᠬᠤᠭᠤᠯᠠ ᠤᠮᠳᠠ ᠵᠢᠨ ᠳᠠᠯ᠎ᠠ ᠪᠡᠷ᠂ ᠬᠡᠦᠬᠡᠳ᠎ᠢ ᠴᠠᠭ ᠲᠤᠬᠠᠢ ᠎ᠳᠤᠨᠢ ᠢᠳᠡᠬᠦᠯᠵᠦ ᠠᠮᠠᠷᠠᠭᠤᠯᠤᠨ᠂ ᠬᠡᠳᠦ ᠳᠤᠰᠤᠯᠢᠭ ᠢᠳᠡᠬᠡᠨ ᠢᠳᠡᠬᠦᠯᠬᠦ ᠡᠴᠡ ᠵᠠᠢᠯᠠᠰᠬᠢᠨ᠂ ᠭᠤᠸᠠ ᠵᠢᠮᠢᠰ ᠢᠯᠡᠬᠦᠬᠡᠨ ᠢᠳᠡᠬᠦᠯᠵᠦ ᠪᠠᠢᠬᠰᠠᠨ᠃ ᠬᠡᠷᠪᠡ ᠬᠡᠤᠬᠡᠳ ᠰᠢᠯᠭᠠᠯᠳᠠ᠎ᠶᠢᠨ ᠲᠤᠮᠳᠠ ᠰᠦᠨᠢ ᠤᠷᠤᠢ ᠨᠤᠢᠷ ᠬᠤᠯᠵᠢᠬᠤ ᠮᠡᠳᠤ ᠵᠢᠨ ᠬᠡᠨᠡᠳᠳᠡ ᠵᠢᠨ ᠪᠠᠢᠳᠠᠯ ᠭᠠᠷᠪᠠᠯ 〈ᠮᠢᠨᠦ ᠬᠡᠤᠬᠡᠨ᠂ ᠪᠢᠳᠡᠬᠡᠢ ᠪᠠᠴᠢᠮᠳᠠᠵᠤ ᠰᠠᠨᠳᠤᠷ᠂ ᠨᠠᠮ ᠲᠠᠢᠪᠤᠭᠤ ᠬᠡᠪᠳᠡᠭᠰᠡᠨ ᠴᠸ᠋ ᠪᠡᠶ᠎ᠠ ᠰᠡᠳᠬᠢᠯ ᠠᠮᠠᠷᠠᠴᠢᠬᠠᠨ᠎ᠠ᠃ ᠬᠦᠮᠦᠨ᠎ᠤ ᠪᠡᠶ᠎ᠠ ᠪᠠᠴᠢᠮ ᠪᠠᠢᠳᠠᠯ᠎ᠢ ᠠᠷᠭᠠᠴᠠᠭᠠᠬᠤ ᠴᠢᠳᠠᠪᠤᠷᠢ ᠳᠠᠢ ᠲᠤᠯᠠ ᠨᠤᠢᠷ ᠬᠤᠯᠵᠢᠭᠰᠠᠨ ᠴᠤ᠌ ᠬᠡᠪ᠎ᠤᠨ ᠪᠠᠢᠳᠠᠯ ᠵᠢᠡᠷ ᠰᠡᠷᠬᠡᠭ ᠰᠢᠭᠤᠷᠬᠠᠢ ᠠᠵᠢᠯᠯᠠᠵᠤ ᠴᠢᠳᠠᠨ᠎ᠠ〉 ᠭᠡᠵᠦ ᠬᠡᠯᠡᠵᠦ ᠦᠭᠴᠦ ᠪᠤᠯᠤᠨ᠎ᠠ᠃ ᠰᠢᠯᠭᠠᠯᠳᠠ ᠵᠢᠨ ᠬᠡᠳᠦᠨ ᠡᠳᠦᠷ ᠬᠡᠦᠬᠡᠳ᠎ᠤᠨ ᠰᠢᠯᠭᠠᠭᠰᠠᠨ ᠪᠠᠢᠳᠠᠯ᠎ᠢ ᠳᠤᠳᠠᠭᠤ ᠠᠰᠠᠭᠤᠨ᠎ᠠ᠂ ᠬᠠᠷᠢᠨ ᠳᠠᠷᠠᠭᠠᠴᠢ᠎ᠶᠢᠨ ᠬᠢᠴᠢᠶᠡᠯ ᠵᠢᠡᠨ ᠰᠠᠢᠨ ᠰᠢᠯᠭᠠᠬᠤ ᠪᠡᠷ ᠪᠡᠯᠡᠳᠬᠡᠬᠦ ᠨᠢ ᠨᠡᠩ ᠴᠢᠬᠤᠯᠠ᠃

— ᠰᠢᠯᠭᠠᠯᠳᠠ ᠵᠢᠨ ᠳᠠᠷᠠᠭ᠎ᠠ᠂ ᠡᠷᠡᠮᠡᠯᠵᠡᠯ ᠳᠠᠭᠯᠠᠬᠤ ᠪᠤᠯ ᠰᠢᠯᠭᠠᠯᠳᠠ ᠡᠴᠡ ᠳᠤᠳᠠᠭᠤ ᠦᠬᠡᠢ ᠴᠢᠬᠤᠯᠠ ᠠᠰᠠᠭᠤᠳᠠᠯ ᠶᠤᠮ᠃ ᠦᠩᠬᠡᠷᠡᠭᠰᠨᠨ ᠳ᠋ᠤ ᠵᠠᠷᠢᠮ ᠬᠡᠦᠬᠡᠳ ᠦᠨᠳᠦᠷ ᠬᠤᠪᠢ ᠪᠡᠷ ᠶᠡᠬᠡ ᠰᠤᠷᠭᠠᠭᠤᠯᠢ ᠳ᠋ᠤ ᠰᠢᠯᠭᠠᠭᠤᠯᠤᠨ ᠤᠷᠤᠴᠢᠬᠠᠭᠠᠳ ᠰᠤᠩᠭᠤᠭᠰᠠᠨ ᠳᠤᠰᠬᠠᠢ ᠮᠡᠷᠬᠡᠵᠢᠯ ᠳ᠋ᠡᠬᠡᠨ ᠬᠠᠨᠤᠮᠵᠢ ᠦᠬᠡᠢ ᠪᠤᠯᠵᠤ᠂ ᠪᠤᠴᠠᠨ ᠢᠷᠡᠬᠡᠳ ᠳᠠᠬᠢᠨ ᠰᠢᠯᠭᠠᠳᠠᠭ ᠶᠠᠪᠤᠳᠠᠯ ᠴᠤ᠌ ᠭᠠᠷᠴᠤ ᠪᠠᠢᠭᠰᠠᠨ ᠶᠤᠮ᠃ ᠳᠡᠬᠡᠬᠦ ᠪᠡᠷ ᠵᠢᠡᠨ ᠦᠪᠡᠷ᠎ᠤᠨ ᠳᠤᠷ᠎ᠠ ᠪᠠᠬ᠎ᠠ᠂ ᠳᠤᠰᠬᠠᠢ ᠮᠡᠷᠬᠡᠵᠢᠯ᠎ᠤᠨ ᠬᠦᠭᠵᠢᠯᠳᠡ ᠵᠢᠴᠢ ᠤᠳᠤ ᠵᠢᠨ ᠨᠡᠢᠬᠡᠮ᠎ᠤᠨ ᠬᠦᠭᠵᠢᠯᠳᠡ ᠵᠢᠨ ᠪᠠᠢᠳᠠᠯ ᠵᠡᠷᠬᠡ ᠵᠢ ᠬᠦᠢᠴᠡᠳ ᠳᠤᠩᠭᠠᠨ ᠪᠤᠳᠤᠯᠬᠢᠯᠠᠵᠤ᠂ ᠢᠯᠡᠬᠦᠬᠡᠨ ᠠᠰᠠᠭᠤᠵᠤ ᠰᠤᠷᠠᠵᠤ ᠪᠠᠢᠭᠠᠳ ᠬᠡᠦᠬᠡᠳ ᠪᠡᠶ᠎ᠡ ᠳ᠋ᠡᠭᠡᠨ ᠳᠤᠬᠢᠷᠠᠭᠰᠠᠨ ᠳᠤᠰᠬᠠᠢ ᠮᠡᠷᠬᠡᠵᠢᠯ᠎ᠢ ᠰᠤᠩᠭᠤᠬᠤ ᠨᠢ ᠮᠠᠰᠢ ᠴᠢᠬᠤᠯᠠ᠃ ᠳᠡᠬᠡᠬᠦ ᠪᠡᠷ ᠵᠢᠡᠨ ᠬᠡᠷ᠎ᠤᠨ ᠠᠬᠠᠮᠠᠳ ᠴᠤ᠌ ᠡᠷᠡᠮᠡᠯᠵᠡᠯ ᠳᠠᠭᠯᠠᠬᠤ ᠶᠠᠪᠤᠳᠠᠯ᠎ᠢ ᠬᠦᠨᠳᠦᠳᠭᠡᠵᠦ᠂ ᠡᠯ᠎ᠠ ᠶᠡᠬᠡ ᠳᠡᠬᠡᠳᠤ ᠰᠤᠷᠭᠠᠭᠤᠯᠢ ᠵᠢᠨ ᠰᠤᠷᠤᠭᠴᠢ ᠡᠯᠰᠡᠬᠦ ᠨᠠᠷᠢᠨ ᠲᠦᠷᠢᠮ ᠢ᠋ ᠨᠠᠷᠢᠪᠴᠢᠯᠠᠨ ᠤᠢᠯᠠᠭᠠᠵᠤ᠂ ᠬᠡᠦᠬᠡᠳ ᠰᠢᠯᠭᠠᠭᠰᠠᠨ ᠬᠤᠪᠢ ᠵᠢᠨ ᠵᠢᠡᠨ ᠬᠢᠷᠢ ᠳ᠋ᠤ ᠦᠪᠡᠷ᠎ᠤᠨ ᠬᠠᠮᠤᠭ᠎ᠤᠨ ᠳᠤᠬᠢᠳᠠᠢ ᠳᠤᠰᠬᠠᠢ ᠮᠡᠷᠬᠡᠵᠢᠯ ᠵᠢᠡᠨ ᠰᠤᠩᠭᠤᠬᠤ ᠳ᠋ᠤ ᠳᠡᠮᠵᠢᠯᠬᠡ ᠰᠠᠨᠠᠭᠤᠯᠭ᠎ᠠ ᠦᠭᠬᠦ ᠬᠡᠷᠡᠭᠳᠡᠢ᠂ ᠬᠠᠷᠢᠨ ᠪᠦᠬᠦᠳᠡ ᠵᠢ ᠬᠡᠦᠬᠡᠳ ᠲᠡᠭᠡᠨ ᠨᠠᠢᠳᠠᠵᠤ 《ᠠᠶ᠎ᠠ ᠪᠠᠷ᠎ᠢᠶᠡᠨ ᠪᠤᠯ》 ᠭᠡᠮᠡᠨ ᠪᠦᠷᠢᠮᠦᠰᠦᠨ ᠬᠠᠮᠢᠶᠠᠷᠬᠤ ᠦᠬᠡᠢ ᠪᠠᠢᠵᠤ ᠪᠤᠯᠬᠤ ᠦᠬᠡᠢ᠂ ᠡᠭᠦᠨ ᠲᠡᠢ ᠡᠰᠡᠷᠬᠦ ᠪᠡᠷ ᠬᠡᠳᠦ ᠭᠠᠷ ᠲᠦᠷᠦᠵᠦ᠂ ᠳᠤᠷ᠎ᠠ ᠦᠬᠡᠢ ᠵᠦᠢᠯ᠎ᠢ ᠨᠢ ᠠᠯᠪᠠᠳᠠᠯᠭ᠎ᠠ ᠪᠡᠷ ᠰᠤᠩᠭᠤᠭᠤᠯᠬᠤ ᠵᠢ ᠴᠸ᠋ ᠲᠡᠪᠴᠢᠬᠦ ᠬᠡᠷᠡᠭᠳᠡᠢ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面