2024-07-08 16:51:32
ᠨᠠᠢᠷᠠᠭᠤᠯᠤᠭᠴᠢ ᠵᠢᠨ ᠦᠬᠡ᠄ ᠵᠦᠢᠯ᠎ᠤᠨ ᠴᠡᠴᠡᠭ ᠲᠡᠯᠭᠡᠷᠡᠵᠦ᠍᠂ ᠵᠢᠬᠦᠷᠲᠡᠨ ᠰᠢᠪᠠᠭᠤᠳ ᠲᠤᠩᠭᠤᠳᠤᠬ᠍ᠰᠠᠨ ᠲᠡᠯᠭᠡᠷ ᠵᠤᠨ᠎ᠤ ᠰᠠᠢᠬᠠᠨ ᠤᠯᠠᠷᠢᠯ᠎ᠵᠢᠡᠷ ᠲᠠᠭᠤᠤ ᠬᠤᠭᠤᠷ᠎ᠤᠨ ᠡᠭᠡᠰᠢᠭ᠎ᠲᠠᠢ᠂ ᠲᠤᠳᠤᠨᠤ᠎ᠶᠢᠨ ᠰᠠᠢᠬᠠᠨ ᠵᠦᠩᠨᠡᠯ᠎ᠲᠠᠢ᠂ ᠠᠩᠭᠢ᠎ᠶᠢᠨ ᠨᠦᠬᠦᠳ ᠤᠨ ᠢᠨᠢᠶᠡᠳᠤ᠎ᠲᠠᠢ᠂ ᠠᠬᠠᠰ ᠵᠠᠬᠠᠰ᠎ᠤᠨ ᠢᠷᠦᠭᠡᠯ᠎ᠲᠠᠢ ᠤᠳᠭ᠎ᠠ ᠲᠡᠭᠦᠯᠳᠡᠷ ᠨᠢᠭᠡᠨ ᠠᠵᠢᠯᠯᠠᠭ᠎ᠠ ᠪᠣᠯᠳᠠᠭ ᠨᠢ ᠲᠠᠷᠤᠢ ᠲᠡᠭᠦᠰᠭᠦ᠌ ᠤᠯᠠᠷᠢᠯ᠎ᠤᠨ ᠶᠤᠰᠤᠯᠠᠯ ᠪᠢᠯᠡ᠃
ᠰᠤᠷᠭᠠᠭᠤᠯᠢ᠎ᠠᠴᠠ᠎ᠪᠠᠨ ᠲᠡᠭᠦᠰᠴᠦ᠍ ᠪᠠᠢᠭ᠎ᠠ ᠬᠡᠤᠭᠡᠳ ᠲᠡᠭᠦᠤᠨᠠᠷᠤᠨᠵᠢᠡᠨ ᠰᠤᠷᠤᠯᠭ᠎ᠠ᠎ᠶᠢᠨ ᠠᠯᠳᠠᠨ ᠬᠠᠷᠭᠤᠢ᠎ᠳᠤᠨᠢ ᠳᠡᠮ ᠬᠦᠴᠦ᠍ ᠨᠡᠮᠡᠷᠢᠯᠡᠵᠦ᠍᠂ ᠰᠤᠨᠤᠯᠵᠠᠬᠤ ᠢᠷᠡᠭᠡᠳᠤᠢ᠎ᠶᠢᠨ ᠵᠠᠮ᠎ᠤᠨ ᠬᠢᠨᠢ ᠲᠦᠷᠦᠭᠡ᠎ᠶᠢ ᠴᠢᠩᠭᠠᠯᠠᠬᠤ᠎ᠪᠠᠷ᠂ ᠠᠳᠠᠯᠢ ᠪᠤᠰᠤ ᠱᠠᠳᠤᠨ᠎ᠤ ᠲᠡᠭᠦᠰᠭᠦ᠌ ᠰᠤᠷᠤᠭᠴᠢᠳ ᠵᠢᠴᠢ ᠭᠡᠷ᠎ᠤᠨ ᠠᠬᠠᠮᠠᠳ᠎ᠤᠨ ᠠᠩᠬᠠᠷᠴᠤ᠌ ᠪᠠᠢᠭ᠎ᠠ ᠴᠡᠴᠡᠷᠯᠢᠭ ᠪᠠᠭ᠎ᠠ ᠰᠤᠷᠭᠠᠭᠤᠯᠢ᠎ᠶᠢ ᠬᠡᠷᠬᠢᠨ ᠵᠤᠯᠭᠠᠭᠤᠯᠬᠤ᠂ ᠦᠰᠪᠦᠷᠢ᠎ᠶᠢᠨ ᠨᠠᠰᠤᠨ᠎ᠳᠤ ᠲᠠᠮᠢᠷ ᠤᠷᠠᠯᠢᠭ᠎ᠤᠨ ᠰᠤᠷᠭᠠᠯᠳᠠ᠎ᠶᠢ ᠴᠢᠬᠤᠯᠠᠴᠢᠯᠠᠬᠤ᠎ᠶᠢᠨ ᠠᠴᠢ ᠬᠤᠯᠪᠤᠬᠳᠠᠯ᠂ ᠤᠷᠠᠢ ᠵᠠᠯᠠᠭᠤ ᠨᠠᠰᠤᠨ ᠤ᠋ ᠵᠠᠩᠬᠢᠯᠠᠭ᠎ᠠ᠎ᠶᠢᠨ ᠦᠶ᠎ᠡ᠎ᠳᠤ ᠬᠡᠤᠬᠡᠳᠢ᠋ ᠬᠡᠷᠬᠢᠨ ᠲᠤᠳᠤᠮᠳᠠᠬᠤ᠂ ᠤᠯᠤᠰ᠎ᠤᠨ ᠨᠢᠭᠡᠳᠦᠯᠲᠠᠢ ᠰᠢᠯᠭᠠᠯᠳᠠ᠎ᠳᠤ ᠬᠡᠷᠭᠢᠨ ᠬᠠᠨᠳᠤᠬᠤ᠂ ᠲᠡᠭᠦᠰᠭᠦ᠌ ᠤᠶᠤᠳᠠᠳ ᠠᠩᠬ᠎ᠠ ᠠᠵᠢᠯ᠎ᠤᠨ ᠪᠠᠢᠷᠢᠨ᠎ᠳᠤ ᠭᠠᠷᠬᠤ᠎ᠳᠠᠭᠠᠨ ᠶᠠᠭᠤ᠎ᠶᠢ ᠠᠩᠬᠠᠷᠬᠤ ᠵᠡᠷᠭᠡ ᠠᠯᠢ ᠤᠯᠠᠨ ᠠᠰᠠᠭᠤᠳᠠᠯ᠎ᠤᠨ ᠲᠤᠭᠤᠷᠢᠨ᠎ᠳᠤ ᠬᠠᠮᠢᠶ᠎ᠠ ᠪᠦᠬᠦᠢ ᠬᠦᠮᠦᠰ ᠡᠴᠡ ᠵᠦᠪᠯᠡᠮᠵᠢ ᠠᠪᠤᠭᠰᠠᠨ ᠵᠢᠡᠨ ᠦᠨᠦᠳᠦᠷ ᠲᠠ ᠨᠠᠷ ᠳᠠᠢ ᠪᠠᠨ ᠬᠤᠪᠢᠶᠠᠯᠴᠠᠵᠤ ᠪᠠᠢᠨᠠᠮ᠃


ᠳᠡᠬᠦᠰᠦᠭᠰᠡᠨ ᠤᠶᠤᠳᠠᠳ ᠠᠵᠢᠯ ᠡᠷᠢᠬᠦ ᠳ᠋ᠤ ᠠᠩᠬᠠᠷᠬᠤ ᠵᠦᠢᠯ
ᠰᠠᠶᠢᠬᠠᠨ ᠰᠤᠷᠭᠠᠭᠤᠯᠢ ᠳᠡᠬᠦᠰᠦᠭᠰᠡᠨ ᠤᠶᠤᠳᠠᠳ ᠠᠵᠢᠯ ᠡᠷᠢᠬᠦ ᠦᠢᠯᠡᠰ ᠪᠤᠰᠬᠠᠬᠤ ᠳᠠᠯ᠎ᠠ ᠪᠡᠷ ᠴᠤᠬᠤᠮ ᠶᠠᠭᠤ ᠵᠢ ᠠᠩᠬᠠᠷᠬᠤ ᠳᠤᠬᠠᠢ ᠤᠯᠤᠰ᠎ᠤᠨ ᠬᠤᠶᠠᠳᠤᠭᠠᠷ ᠲᠡᠰ᠎ᠤᠨ ᠰᠡᠳᠭᠢᠴᠡ᠎ᠶᠢᠨ ᠵᠢᠯᠤᠭᠤᠳᠤᠭᠴᠢ ᠪᠠᠭᠰᠢ᠂ ᠦᠪᠤᠷ ᠮᠤᠩᠭᠤᠯ᠎ᠤᠨ ᠰᠡᠳᠭᠢᠴᠡ᠎ᠶᠢᠨ ᠵᠦᠪᠯᠡᠭᠴᠢ᠎ᠶᠢᠨ ᠨᠡᠢᠭᠡᠮᠯᠢᠭ᠎ᠤᠨ ᠰᠡᠳᠭᠢᠴᠡ ᠵᠦᠢ᠎ᠶᠢᠨ ᠲᠤᠰᠭᠠᠢ ᠮᠡᠷᠭᠡᠵᠢᠯᠲᠡᠨ ᠯᠢᠦ ᠬᠠᠢ ᠯᠦᠩ ᠡᠴᠡ ᠵᠦᠪᠯᠡᠯᠬᠡ ᠠᠪᠤᠯ᠎ᠠ᠄
ᠰᠠᠶᠢ ᠶᠡᠭᠡ ᠰᠤᠷᠭᠠᠭᠤᠯᠢ ᠪᠠᠨ ᠲᠡᠭᠦᠰᠦᠭᠡᠳ ᠨᠡᠢᠭᠡᠮ᠎ᠳᠤ ᠭᠠᠷᠴᠤ᠌ ᠠᠵᠢᠯ ᠡᠷᠢᠵᠤ ᠪᠠᠢᠭ᠎ᠠ ᠤᠶᠤᠳᠠᠳ ᠲᠸ᠋ ᠠᠪᠴᠤ᠌ ᠬᠡᠯᠡᠪᠡᠯ ᠬᠤᠶᠠᠷ ᠲᠠᠯ᠎ᠠ᠎ᠶᠢᠨ ᠪᠡᠯᠡᠳᠭᠡᠯᠵᠢᠡᠨ ᠰᠠᠢᠳᠤᠷ ᠬᠢᠬᠦ᠌ ᠴᠢᠬᠤᠯᠠᠲᠠᠢ᠃
ᠨᠢᠭᠡᠳᠤᠭᠡᠷ᠎ᠲᠤ᠂ ᠥᠪᠡᠷ᠎ᠤᠨ ᠰᠤᠷᠤᠭᠰᠠᠨ ᠮᠡᠷᠭᠡᠵᠢᠯ᠂ ᠲᠠᠪᠠᠭᠤᠯᠢᠭ ᠲᠠᠯ᠎ᠠ᠂ ᠲᠡᠭᠦᠰᠭᠦ᠌ ᠦᠨᠡᠮᠯᠡᠯ᠂ ᠡᠯ᠎ᠡ ᠵᠦᠢᠯ᠎ᠤᠨ ᠱᠠᠩᠨᠠᠯ ᠵᠡᠷᠭᠡ ᠬᠤᠪᠢ ᠬᠦᠮᠦᠨ᠎ᠤ ᠲᠠᠨᠢᠯᠴᠠᠭᠤᠯᠭ᠎ᠠ᠎ᠶᠢᠨ ᠮᠠᠲ᠋ᠧᠷᠢᠶᠠᠯᠵᠢᠡᠨ ᠪᠦᠷᠢᠨ ᠲᠦᠭᠦᠷ ᠪᠡᠯᠡᠳᠭᠡᠬᠦ ᠬᠡᠷᠡᠭᠳᠡᠢ᠃ ᠡᠨᠡ᠎ᠨᠢ ᠠᠵᠢᠯᠳᠠᠨ ᠡᠯᠰᠡᠬᠦ᠌ ᠪᠠᠢᠭᠤᠯᠭ᠎ᠠ᠎ᠠᠴᠠ ᠰᠢᠯᠭᠠᠭᠤᠯᠤᠭᠰᠠᠳ᠎ᠤᠨ ᠪᠠᠢᠳᠠᠯ᠎ᠢ ᠣᠬᠤᠷᠬᠠᠨ ᠬᠤᠭᠤᠴᠠᠭᠠᠨ᠎ᠳᠤ ᠪᠦᠬᠦ᠌ ᠲᠠᠯ᠎ᠠ᠎ᠪᠠᠷ ᠤᠢᠯᠠᠭᠠᠬᠤ᠎ᠳᠤ ᠠᠱᠢᠬ᠍ᠳᠠᠢ ᠪᠠᠢᠳᠠᠭ᠃
ᠬᠤᠶᠠᠳᠤᠭᠠᠷ᠎ᠲᠤ᠌᠂ ᠤᠷᠮ᠎ᠠ ᠰᠡᠳᠬᠢᠯᠬᠡ ᠵᠢᠨ ᠳᠠᠯ᠎ᠠ ᠪᠡᠷ ᠪᠠᠶᠠᠷ ᠬᠦᠷ᠎ᠲᠠᠢ᠂ ᠤᠴᠢᠷ ᠶᠠᠪᠤᠳᠠᠯ ᠳ᠋ᠤ ᠢᠳᠡᠪᠬᠢᠳᠠᠢ ᠣᠪᠤᠷᠵᠢᠡᠷ ᠬᠠᠨᠳᠤᠬᠤ ᠬᠡᠷᠡᠭᠳᠡᠢ᠃ ᠡᠢᠮᠦᠷᠬᠦᠦ ᠢᠳᠡᠪᠬᠢ ᠤᠪᠤᠷ ᠨᠢ ᠰᠢᠨ᠎ᠡ ᠠᠵᠢᠯ ᠤ᠋ᠨ ᠪᠠᠢᠷᠢ ᠳ᠋ᠡᠬᠢ ᠬᠦᠮᠦᠰ ᠪᠤᠶᠤ ᠡᠷᠬᠢᠨ ᠳᠤᠭᠤᠷᠢᠨ ᠤ᠋ ᠬᠦᠮᠦᠰ᠎ᠤᠨ ᠰᠠᠢᠨ ᠦᠨᠡᠯᠡᠯᠳᠡ ᠵᠢ ᠤᠯᠵᠤ᠂ ᠡᠭᠦᠨ᠎ᠤ ᠤᠯᠠᠮ ᠡᠴᠡ ᠠᠵᠢᠯ ᠡᠷᠢᠭᠰᠡᠳ ᠶᠡᠬᠡ ᠵᠤᠷᠢᠭᠵᠢᠭᠤᠯᠤᠯ ᠪᠠ ᠰᠡᠳᠬᠢᠯ᠎ᠤᠨ ᠡᠷᠴᠢ ᠬᠦᠴᠦᠨ ᠤᠯᠤᠨ᠎ᠠ᠃ ᠠᠵᠢᠯ ᠡᠷᠢᠬᠦ ᠤᠳᠠᠭ᠎ᠠ ᠪᠦᠷᠢ᠎ᠶᠢᠨ ᠰᠢᠯᠭᠠᠯᠳᠠ᠂ ᠰᠤᠷᠢᠯᠲᠠ᠎ᠳᠤ ᠬᠢᠨᠠᠮᠠᠭᠠᠢ ᠬᠠᠨᠳᠤᠬᠤ ᠬᠡᠷᠡᠭᠳᠡᠢ᠃ ᠡᠨᠡ᠎ᠨᠢ ᠱᠢᠯᠭᠠᠭᠤᠯᠤᠭᠰᠠᠳ᠎ᠤᠨ ᠦᠪᠡᠷ᠎ᠤᠨ ᠪᠡᠶ᠎ᠡ᠎ᠳᠤᠨᠢ ᠡᠶᠡᠷᠬᠦ᠌ ᠨᠦᠯᠦᠭᠡ ᠦᠵᠡᠭᠦᠯᠳᠡᠭᠵᠢᠡᠷ ᠪᠠᠷᠠᠬᠤ ᠦᠭᠡᠢ᠂ ᠠᠵᠢᠯᠳᠠᠨ ᠡᠯᠰᠡᠵᠦ᠍ ᠪᠠᠢᠭ᠎ᠠ ᠪᠠᠢᠭᠤᠯᠭ᠎ᠠ ᠨᠢᠭᠡᠴᠢ᠎ᠶᠢᠨ ᠬᠢᠨᠠᠵᠤ ᠰᠢᠯᠭᠠᠬᠤ ᠬᠤᠪᠢ ᠨᠤᠷᠮ᠎ᠠ ᠵᠢ ᠵᠤᠬᠢᠬᠤ ᠭᠡᠮᠵᠢᠶᠡᠨ᠎ᠳᠤ ᠨᠦᠯᠦᠭᠡᠯᠡᠵᠦ᠍ ᠪᠠᠢᠳᠠᠭ᠃
ᠲᠠᠬᠢᠪᠠᠯ᠂ ᠠᠵᠢᠯ ᠡᠷᠢᠬᠦ᠌᠎ᠳᠡᠭᠡᠨ ᠰᠠᠢᠳᠤᠷ ᠲᠤᠩᠭᠠᠨ ᠪᠤᠳᠤᠯᠬᠢᠯᠠᠵᠤ᠂ ᠦᠪᠡᠷ᠎ᠤᠨ ᠳᠤᠷ᠎ᠠ ᠪᠠᠬ᠎ᠠ᠂ ᠮᠡᠷᠭᠡᠵᠢᠯ ᠵᠢᠴᠢ ᠲᠠᠪᠠᠭᠤᠯᠢᠭᠵᠢᠡᠨ ᠥᠨᠳᠦᠰᠦᠯᠡᠨ ᠠᠵᠢᠯ ᠠᠯᠪᠠ᠎ᠪᠠᠨ ᠰᠤᠩᠭᠤᠬᠤ᠎ᠶᠢ ᠰᠠᠨᠠᠭᠤᠯᠤᠶ᠎ᠠ᠃ ᠠᠩᠬ᠎ᠠ ᠠᠵᠢᠯ᠎ᠤᠨ ᠪᠠᠢᠷᠢ ᠳ᠋ᠤ ᠭᠠᠷᠤᠭᠰᠠᠳ ᠲᠤ᠌ ᠠᠩᠬᠠᠨ᠎ᠤ ᠠᠵᠢᠯ᠎ᠤᠨ ᠪᠠᠢᠷᠢ᠂ ᠠᠩᠬᠠᠨ᠎ᠤ ᠠᠵᠢᠯ᠎ᠤᠨ ᠰᠤᠩᠭᠤᠯᠳᠠ ᠴᠢᠬᠤᠯᠠ ᠪᠠᠢᠳᠠᠭ᠃ ᠡᠨᠡ ᠨᠢ ᠨᠢᠬᠡ ᠬᠦᠮᠦᠨ ᠤ᠋ ᠨᠢᠬᠡ ᠨᠠᠰᠤ ᠵᠢ ᠨᠦᠯᠦᠬᠡᠯᠡᠵᠦ ᠮᠡᠳᠡᠨ᠎ᠡ᠃ ᠠᠵᠢᠯᠡᠷᠢᠬᠦ ᠳ᠋ᠡᠬᠡᠨ ᠦᠪᠡᠷ᠎ᠤᠨ ᠰᠤᠷᠤᠭᠰᠠᠨ ᠮᠡᠷᠬᠡᠵᠢᠯ ᠴᠢᠳᠠᠪᠤᠷᠢ ᠳᠠᠢ ᠪᠠᠨ ᠤᠢᠷᠠᠬᠠᠨ ᠠᠵᠢᠯ᠎ᠤᠨ ᠪᠠᠢᠷᠢ ᠵᠢ ᠰᠤᠩᠭᠤᠪᠠᠯ ᠰᠠᠢᠨ᠃ ᠡᠨᠡ ᠨᠢ ᠬᠤᠪᠢ ᠬᠦᠮᠦᠨ ᠤ᠋ ᠢᠷᠡᠬᠡᠳᠦᠢ ᠵᠢᠨ ᠬᠦᠭᠵᠢᠯᠳᠡ ᠳ᠋ᠤ ᠳᠤᠰᠠᠯᠠᠮᠵᠢ ᠦᠵᠡᠬᠦᠯᠵᠦ ᠴᠢᠳᠠᠨ᠎ᠠ᠃ ᠤᠶᠤᠳᠠᠳ ᠠᠵᠢᠯ ᠡᠷᠢᠬᠦ ᠳᠤᠮᠳᠠ ᠪᠠᠨ ᠦᠨᠳᠦᠷ ᠴᠠᠯᠢᠩ ᠬᠦᠯᠦᠰᠦ ᠳ᠋ᠤ ᠳᠠᠳᠠᠭᠳᠠᠨ᠂ ᠨᠡᠢᠬᠡᠮ ᠨᠡᠢᠳᠡ ᠳ᠋ᠤ ᠵᠦᠪᠰᠢᠶᠡᠷᠡᠭᠳᠡᠬᠦ ᠦᠬᠡᠢ ᠠᠵᠢᠯ ᠲᠦᠷᠦᠯ ᠳ᠋ᠤ ᠤᠷᠤᠯᠴᠠᠬᠤ ᠡᠴᠡ ᠬᠢᠴᠢᠶᠡᠬᠦ ᠬᠡᠷᠡᠭᠳᠡᠢ᠃ ᠶᠡᠬᠡ ᠰᠤᠷᠭᠠᠭᠤᠯᠢ ᠳᠡᠬᠦᠰᠬᠦ ᠨᠢ ᠬᠤᠪᠢ ᠬᠦᠮᠦᠨ ᠤ᠋ ᠰᠤᠷᠤᠯᠴᠠᠯᠭ᠎ᠠ ᠪᠤᠶᠤ ᠮᠡᠷᠬᠡᠵᠢᠯ᠎ᠤᠨ ᠰᠤᠷᠤᠯᠴᠠᠯᠭ᠎ᠠ ᠵᠢᠨ ᠳᠡᠬᠦᠰᠬᠡᠯ ᠪᠢᠰᠢ᠂ ᠬᠠᠷᠢᠨ ᠶᠠᠮᠠᠷ ᠨᠢᠬᠡᠨ ᠰᠢᠨ᠎ᠡ ᠡᠬᠢᠯᠡᠯ ᠪᠤᠯᠬᠤ ᠤᠴᠢᠷ ᠡᠴᠡ ᠦᠪᠡᠷ᠎ᠤᠨ ᠬᠤᠪᠢ ᠬᠦᠮᠦᠨ ᠤ᠋ ᠮᠡᠷᠬᠡᠵᠢᠯ ᠴᠢᠳᠠᠪᠤᠷᠢ ᠪᠠᠨ ᠦᠷᠬᠦᠯᠵᠢᠯᠡᠨ ᠨᠦᠬᠦᠪᠦᠷᠢᠯᠡᠬᠦ ᠴᠢᠬᠤᠯᠠ ᠲᠠᠢ ᠪᠠᠢᠳᠠᠭ᠃
ᠦᠪᠡᠷᠵᠢᠡᠨ ᠦᠢᠯᠡᠰ ᠪᠤᠰᠭᠠᠬᠤ ᠰᠠᠨᠠᠭ᠎ᠠ᠎ᠲᠠᠢ ᠰᠠᠶᠢ ᠲᠡᠭᠦᠰᠦᠭᠰᠡᠨ ᠤᠶᠤᠳᠠᠳ ᠪᠤᠯ ᠶᠠᠭᠤᠨ᠎ᠤ ᠤᠷᠢᠳ ᠦᠢᠯᠡᠰ ᠪᠤᠰᠭᠠᠬᠤ ᠭᠡᠵᠦ᠍ ᠪᠠᠢᠭ᠎ᠠ ᠠᠵᠢᠯ ᠲᠦᠷᠦᠯ᠎ᠤᠨ᠎ᠢᠶᠡᠨ ᠲᠤᠬᠠᠢ ᠪᠤᠰᠤᠳ᠎ᠢ ᠲᠠᠭᠠᠵᠤ ᠵᠤᠬᠢᠬᠤ ᠭᠡᠮᠵᠢᠶᠡᠨ᠎ᠤ ᠲᠤᠷᠱᠢᠯᠭ᠎ᠠ ᠬᠤᠷᠠᠮᠳᠤᠭᠤᠯᠬᠤ ᠪᠤᠶᠤ ᠢᠯᠡᠭᠦᠬᠡᠨ ᠤᠢᠯᠠᠭᠠᠯᠳᠠ᠎ᠲᠠᠢ ᠪᠣᠯᠬᠤ ᠬᠡᠷᠡᠭᠳᠡᠢ᠃ ᠡᠭᠦᠨ᠎ᠤ ᠰᠠᠭᠤᠷᠢᠨ ᠲᠡᠭᠡᠷ᠎ᠡ ᠦᠪᠡᠷ᠎ᠤᠨ ᠴᠢᠳᠠᠯ ᠤ᠋ᠨ ᠬᠢᠷᠢ ᠳ᠋ᠡᠭᠡᠨ ᠵᠤᠬᠢᠬᠤ ᠵᠤᠭᠤᠰ ᠮᠦᠩᠭᠦ ᠴᠤᠭᠯᠠᠭᠤᠯᠵᠤ᠂ ᠢᠳᠡᠭ ᠢᠳᠡᠭᠵᠢᠡᠷ ᠠᠵᠢᠯ ᠲᠦᠷᠦᠯᠵᠢᠡᠨ ᠡᠬᠢᠯᠡᠭᠦᠯᠵᠦ᠍ ᠪᠤᠯᠤᠨ᠎ᠠ᠃ ᠬᠠᠷᠢᠨ ᠨᠢᠭᠡ ᠯᠡ ᠲᠡᠭᠡᠷ᠎ᠡ ᠪᠠᠩᠭᠢ᠎ᠠᠴᠠ ᠶᠡᠭᠡ ᠬᠡᠮᠵᠢᠶᠡᠨ᠎ᠤ ᠮᠦᠩᠭᠦ᠌ ᠵᠤᠭᠤᠰ ᠵᠢᠭᠡᠯᠡᠵᠦ᠍᠂ ᠲᠤᠯᠭᠠᠮ ᠤᠷᠤᠬᠤ᠎ᠶᠢ ᠪᠣᠯᠭᠤᠮᠵᠢᠯᠠᠬᠤ ᠬᠡᠷᠡᠭᠳᠡᠢ᠃ ᠲᠠᠬᠢᠪᠠᠯ᠂ ᠶᠠᠮᠠᠷ ᠪᠠᠢᠳᠠᠯ ᠳ᠋ᠤ ᠴᠸ᠋ ᠪᠡᠶ᠎ᠡ᠎ᠳᠡᠭᠡᠨ ᠢᠳᠡᠭᠡᠯ ᠲᠦᠭᠦᠷᠡᠩ ᠪᠠᠢᠬᠤ ᠬᠡᠷᠡᠭᠳᠡᠢ᠃ ᠦᠢᠯᠡᠰ ᠪᠤᠰᠬᠠᠬᠤ ᠬᠡᠭᠴᠢ ᠡᠬᠢᠯᠡᠯᠳᠡ ᠶᠠᠬᠡ ᠬᠦᠴᠢᠷ ᠪᠠᠢᠳᠠᠭ ᠴᠤ᠌ ᠠᠷᠭ᠎ᠠ ᠠᠪᠴᠠᠯ ᠨᠢ ᠠᠯᠢᠪᠠ ᠬᠦᠴᠢᠷᠳᠡᠯ ᠡᠴᠡ ᠤᠯᠠᠨ ᠪᠠᠢᠳᠠᠭ ᠢ᠋ ᠰᠠᠨᠠᠵᠤ ᠶᠠᠪᠤᠭᠠᠷᠠᠢ !
ᠤᠯᠤᠰ᠎ᠤᠨ ᠨᠢᠭᠡᠳᠦᠯᠲᠠᠢ ᠱᠢᠯᠭᠠᠯᠳᠠ ᠪᠣᠯ ᠪᠠᠢᠭ᠎ᠠ ᠴᠠᠭ᠎ᠤᠨ ᠳ᠋ᠦᠩᠨᠡᠯᠲᠡ
ᠦᠪᠤᠷ ᠮᠤᠩᠭᠤᠯ᠎ᠤᠨ ᠰᠡᠳᠭᠢᠴᠡ᠎ᠶᠢᠨ ᠵᠦᠪᠯᠡᠭᠴᠢ᠎ᠶᠢᠨ ᠨᠡᠢᠭᠡᠮᠯᠢᠭ᠎ᠤᠨ ᠭᠡᠱᠢᠭᠦᠨ᠂ ᠬᠡᠷᠡᠭ ᠮᠡᠳᠡᠭᠴᠢ᠂ ᠤᠯᠤᠰ᠎ᠤᠨ ᠬᠤᠶᠠᠳᠤᠭᠠᠷ ᠲᠡᠰ᠎ᠤᠨ ᠰᠡᠳᠭᠢᠴᠡ᠎ᠶᠢᠨ ᠵᠦᠪᠯᠡᠭᠴᠢ ᠪᠠᠭᠰᠢ᠂ ᠤᠯᠤᠰ᠎ᠤᠨ ᠲᠡᠰ᠎ᠤᠨ ᠡᠷᠡᠭᠦᠯᠵᠢᠬᠦ᠌ ᠵᠠᠰᠠᠯ᠎ᠤᠨ ᠪᠠᠭᠰᠢ ᠪᠢᠯᠢᠭᠪᠡᠶᠠᠷ ᠡᠴᠡ ᠤᠯᠤᠰ᠎ᠤᠨ ᠨᠢᠬᠡᠳᠦᠯᠳᠡᠢ ᠰᠢᠯᠭᠠᠯᠳᠠ ᠵᠢᠨ ᠳᠤᠬᠠᠢ ᠵᠦᠪᠯᠡᠮᠵᠢ ᠠᠪᠤᠯ᠎ᠠ᠄
ᠰᠠᠶᠢᠬᠠᠨ ᠶᠡᠭᠡ ᠳᠡᠬᠡᠳᠤ ᠰᠤᠷᠭᠠᠭᠤᠯᠢ᠎ᠳᠤ ᠰᠤᠷᠤᠭᠴᠢ ᠡᠯᠰᠡᠬᠦ ᠤᠯᠤᠰ᠎ᠤᠨ ᠨᠢᠭᠡᠳᠤᠯᠳᠠᠢ ᠰᠢᠯᠭᠠᠯᠳᠠ ᠪᠣᠯᠵᠤ ᠦᠩᠭᠡᠷᠡᠯ᠎ᠡ᠃ ᠱᠢᠯᠭᠠᠯᠳᠠ᠎ᠶᠢᠨ ᠲᠠᠷᠠᠭ᠎ᠠ ᠪᠠᠰᠠ ᠤᠯᠠᠨ ᠰᠤᠷᠤᠭᠴᠢ ᠭᠡᠷ᠎ᠤᠨ ᠠᠬᠠᠮᠠᠳ ᠱᠢᠯᠭᠠᠯᠳᠠ᠎ᠠᠴᠠ ᠪᠣᠯᠤᠭᠰᠠᠨ ᠰᠡᠳᠬᠢᠯ᠎ᠤᠨ ᠰᠢᠷᠬᠠᠯᠠᠯ ᠡᠮᠵᠡᠭᠯᠡᠯ ᠡᠴᠡ ᠰᠠᠯᠬᠤ ᠵᠢ ᠬᠦᠰᠡᠨ ᠨᠠᠮᠠᠢ᠍ᠢ ᠵᠤᠷᠢᠵᠤ ᠢᠷᠡᠭᠰᠡᠨ ᠶᠤᠮ᠃ ᠰᠠᠶᠢ ᠲᠡᠭᠦᠰᠦᠭᠡ ᠰᠤᠷᠤᠭᠴᠢᠳ᠎ᠤᠨ ᠬᠤᠪᠢ᠎ᠳᠤ ᠰᠠᠢᠨ ᠰᠢᠯᠭᠠᠭᠰᠠᠨ ᠴᠤ᠌ ᠲᠡᠷᠡ ᠮᠠᠭᠤ ᠰᠢᠯᠭᠠᠬᠰᠠᠨ ᠴᠤ᠌ ᠲᠡᠷᠡ ᠪᠢᠳᠡ ᠬᠦᠷᠴᠦ᠍ ᠢᠷᠡᠭᠡ ᠪᠦᠬᠦᠨ᠎ᠢ ᠲᠠᠯᠪᠢᠭᠤᠬᠠᠨ ᠬᠦᠯᠢᠶᠡᠨ ᠠᠪᠴᠤ᠌᠂ ᠢᠷᠡᠭᠡᠳᠦᠢᠳ᠋ᠡᠬᠢ ᠱᠢᠨ᠎ᠡ ᠤᠨᠤᠪᠴᠢᠳᠠᠢ ᠰᠤᠩᠭᠤᠯᠳᠠ᠎ᠳᠠᠭᠠᠨ ᠪᠡᠯᠡᠳᠭᠡᠬᠦ᠌ ᠪᠣᠯ ᠤᠳᠤᠬᠢ ᠬᠢᠬᠦ᠌ ᠵᠤᠬᠢᠰᠳᠠᠢ ᠲᠡᠷᠢᠭᠦᠨ ᠴᠢᠬᠤᠯᠠ ᠵᠦᠢᠯ ᠪᠣᠯᠤᠨ᠎ᠠ᠃ ᠭᠡᠬᠦ᠌᠎ᠳᠡᠭᠡᠨ ᠰᠡᠳᠭᠢᠴᠡ ᠵᠦᠢ᠎ᠶᠢᠨ ᠮᠡᠷᠭᠡᠵᠢᠯ᠎ᠵᠢᠡᠷ ᠠᠵᠢᠯᠯᠠᠵᠤ ᠪᠠᠢᠭ᠎ᠠ᠎ᠶᠢᠨ ᠬᠤᠪᠢ᠎ᠳᠤ᠂ ᠪᠢ ᠤᠯᠤᠰ᠎ᠤᠨ ᠨᠢᠭᠡᠳᠦᠯᠳᠠᠢ ᠱᠢᠯᠭᠠᠯᠳᠠ᠎ᠶᠢᠨ ᠲᠤᠬᠠᠢ ᠨᠢᠭᠡ ᠪᠦᠯᠦᠭ ᠰᠠᠨᠠᠯ ᠵᠦᠪᠯᠡᠯᠭᠡ᠎ᠶᠢ ᠦᠷᠭᠡᠨ ᠤᠯᠠᠨ ᠭᠡᠷ᠎ᠤᠨ ᠠᠬᠠᠮᠠᠳ᠂ ᠰᠤᠷᠤᠭᠴᠢᠳ᠎ᠲᠤ ᠬᠦᠷᠭᠡᠮᠡᠷ ᠪᠠᠢᠨ᠎ᠠ᠃

ᠶᠡᠭᠡ ᠰᠤᠷᠭᠠᠭᠤᠯᠢ᠎ᠳᠤ ᠰᠤᠷᠤᠭᠴᠢ ᠡᠯᠰᠡᠬᠦ ᠤᠯᠤᠰ᠎ᠤᠨ ᠨᠢᠭᠡᠳᠦᠯᠲᠠᠢ ᠱᠢᠯᠭᠠᠯᠳᠠ ᠪᠣᠯ ᠪᠠᠢᠭ᠎ᠠ ᠴᠠᠭ᠎ᠤᠨ ᠳ᠋ᠦᠩᠨᠡᠯᠲᠡ ᠲᠡᠳᠤᠢ᠃ ᠲᠡᠷᠡ᠎ᠨᠢ ᠪᠢᠳᠡᠨ᠎ᠤ ᠦᠪᠡᠷ᠎ᠤᠨ ᠰᠠᠨᠠᠵᠤ ᠬᠦᠰᠡᠭᠰᠡᠨ ᠶᠡᠭᠡ ᠰᠤᠷᠭᠠᠭᠤᠯᠢ᠎ᠳᠠᠭᠠᠨ ᠤᠷᠤᠵᠤ᠂ ᠦᠪᠡᠷ᠎ᠤᠨ ᠳᠤᠷᠠᠪᠠᠬᠠ ᠲᠠᠢ ᠮᠡᠷᠭᠡᠵᠢᠯ᠎ᠵᠢᠡᠨ ᠰᠤᠷᠴᠤ᠌ ᠡᠵᠡᠮᠱᠢᠨ ᠰᠠᠨᠠᠵᠤ ᠪᠤᠳᠤᠭᠰᠠᠨ ᠠᠵᠢᠯ ᠠᠯᠪᠠᠨ᠎ᠳᠠᠭᠠᠨ ᠭᠠᠷᠬᠤ ᠬᠠᠮᠤᠭ᠎ᠤᠨ ᠲᠦᠳᠡ ᠵᠠᠮ ᠪᠣᠯᠬᠤ᠎ᠠᠴᠠ ᠪᠢᠰᠢ᠂ ᠴᠤᠷᠢ᠎ᠵᠢᠨ ᠭᠠᠭᠴᠠ ᠵᠠᠮ ᠪᠢᠰᠢ᠃ ᠲᠡᠢᠮᠦ᠍᠎ᠠᠴᠠ ᠰᠤᠷᠤᠭᠴᠢᠳ᠂ ᠭᠡᠷ᠎ᠤᠨ ᠠᠬᠠᠮᠠᠳ᠎ᠤᠳ ᠡᠨᠡ ᠬᠦ᠌ ᠱᠢᠯᠭᠠᠯᠳᠠ᠎ᠶᠢ ᠵᠥᠪᠵᠢᠡᠷ ᠤᠢ᠍ᠢᠯᠠᠭᠠᠨ᠂ ᠰᠢᠯᠭᠠᠯᠳᠠ᠎ᠳᠤ ᠵᠦᠪᠵᠢᠡᠷ ᠬᠠᠨᠳᠤᠬᠤ᠎ᠶᠢ ᠠᠩᠬᠠᠷᠴᠤ᠌᠂ ᠬᠡᠳᠤᠷᠭᠡᠢ ᠶᠡᠭᠡ ᠲᠠᠷᠤᠭᠠᠰᠤ ᠠᠪᠬᠤ ᠡᠴᠡ ᠬᠢᠴᠢᠶᠡᠬᠦ᠌ ᠬᠡᠷᠡᠭᠳᠡᠢ᠃
ᠶᠠᠷᠢᠶᠠᠨ ᠦᠬᠡᠢ᠂ ᠤᠯᠤᠰ᠎ᠤᠨ ᠱᠢᠯᠭᠠᠯᠳᠠ᠎ᠶᠢᠨ ᠦᠶ᠎ᠡ᠎ᠪᠠᠷ ᠤᠯᠠᠨ ᠰᠤᠷᠤᠭᠴᠢ ᠰᠡᠳᠭᠢᠯ ᠤ᠋ᠨ ᠲᠠᠷᠤᠭᠠᠰᠤ᠎ᠲᠠᠢ ᠪᠣᠯᠳᠠᠭ᠃ ᠡᠨᠡ ᠦᠶᠡᠰ ᠭᠡᠷ᠎ᠤᠨ ᠠᠬᠠᠮᠠᠳ᠎ᠠᠴᠠ《ᠠᠢᠯ᠎ᠤᠨ ᠬᠡᠤᠭᠡᠳ᠎ᠤᠳ ᠵᠦᠭᠡᠷ ᠪᠠᠢᠬᠤ᠎ᠳᠤ ᠴᠢ ᠯᠠ ᠶᠠᠭᠠᠬᠢᠴᠢᠬᠠᠭᠰᠠᠨ ᠶᠤᠮ !》 ᠭᠡᠳᠡᠭ ᠣᠪᠤᠷᠵᠢᠡᠷ ᠭᠡᠤᠭᠡᠳᠲᠡᠭᠡᠨ ᠬᠠᠨᠳᠤᠵᠤ ᠪᠣᠯᠬᠤ ᠦᠭᠡᠢ᠂ ᠡᠨᠡ᠎ᠨᠢ ᠭᠡᠤᠭᠡᠳ᠎ᠤᠨ ᠱᠢᠯᠭᠠᠯᠳᠠ᠂ ᠴᠢᠨᠠᠬᠰᠢᠯᠠᠨ ᠡᠷᠡᠭᠦᠯ ᠮᠡᠨᠳᠦ᠍᠎ᠳᠤ ᠦᠴᠦᠭᠡᠨ ᠴᠤ᠌ ᠨᠡᠮᠡᠷᠢ ᠦᠭᠡᠢ᠃ ᠬᠠᠷᠢᠨ ᠭᠡᠤᠭᠡᠳᠵᠢᠡᠨ ᠤᠢ᠍ᠢᠯᠠᠭᠠᠵᠤ᠂ ᠱᠢᠯᠭᠠᠯᠳᠠ᠎ᠳ᠋ᠤ ᠪᠠᠴᠢᠮᠳᠠᠵᠤ ᠰᠠᠨᠳᠤᠷᠤᠭᠰᠠᠨ ᠰᠡᠳᠭᠢᠯᠭᠡ᠎ᠶᠢ᠎ᠨᠢ ᠵᠥᠪᠵᠢᠡᠷ ᠬᠦᠯᠢᠶᠡᠨ ᠠᠪᠴᠤ᠌᠂ ᠲᠤᠬᠢᠷᠠᠮᠵᠢᠳᠠᠢ ᠠᠷᠭ᠎ᠠ᠎ᠪᠠᠷ ᠭᠡᠤᠭᠡᠳᠵᠢᠡᠨ ᠲᠠᠢᠳᠭᠤᠷᠠᠭᠤᠯᠵᠤ᠂ ᠵᠤᠷᠢᠬ᠍ᠵᠢᠭᠤᠯᠵᠤ᠂ ᠵᠠᠩᠭᠢᠯᠠᠭ᠎ᠠ᠎ᠶᠢᠨ ᠦᠶᠡᠰ ᠰᠡᠳᠭᠢᠴᠡ ᠪᠤᠶᠤ ᠰᠢᠯᠭᠠᠯᠳᠠ᠎ᠶᠢᠨ ᠬᠠᠮᠢᠶᠠᠲᠠᠢ ᠲᠤᠰᠭᠠᠢ ᠮᠡᠷᠭᠡᠵᠢᠯ᠎ᠤᠨ ᠵᠢᠯᠤᠭᠤᠳᠤᠯᠭ᠎ᠠ ᠬᠢᠯᠭᠡᠵᠦ᠍ ᠪᠣᠯᠳᠠᠭ᠃
ᠤᠯᠤᠰ᠎ᠤᠨ ᠨᠢᠬᠡᠳᠦᠯᠳᠡᠢ ᠰᠢᠯᠭᠠᠯᠳᠠ ᠵᠢᠨ ᠳᠠᠷᠠᠭ᠎ᠠ ᠴᠤ᠌ ᠬᠡᠰᠡᠨ ᠰᠢᠯᠭᠠᠭᠤᠯᠤᠭᠰᠠᠳ ᠢ᠋ ᠰᠡᠳᠬᠢᠴᠡ ᠵᠢᠨ ᠳᠠᠯ᠎ᠠ ᠪᠡᠷ ᠬᠠᠯᠠᠮᠵᠢᠯᠠᠬᠤ ᠴᠢᠬᠤᠯᠠ ᠳᠠᠢ᠃ ᠤᠴᠢᠷ ᠨᠢ ᠨᠢᠬᠡ ᠪᠦᠯᠦᠭ ᠰᠤᠷᠤᠭᠴᠢ ᠦᠪᠡᠷ᠎ᠤᠨ ᠰᠢᠯᠭᠠᠯᠳᠠ ᠵᠢᠨ ᠬᠤᠪᠢ ᠳ᠋ᠠᠭᠠᠨ ᠬᠠᠨᠤᠮᠵᠢ ᠦᠬᠡᠢ ᠡᠴᠡ ᠪᠤᠯᠵᠤ᠂ ᠤᠷᠮ᠎ᠠ ᠰᠡᠳᠬᠢᠯᠬᠡ ᠵᠢᠨ ᠳᠠᠯ᠎ᠡ ᠪᠡᠷ ᠳᠤᠭᠳᠠᠪᠤᠷᠢ ᠦᠬᠡᠢ᠂ ᠠᠭᠤᠷᠯᠠᠵᠤ ᠪᠠᠴᠢᠮᠳᠠᠵᠤ ᠪᠤᠬᠢᠨᠢᠳᠤᠬᠤ᠂ ᠪᠡᠶ᠎ᠡ ᠪᠠᠨ ᠵᠢᠮᠡᠯᠡᠬᠦ ᠬᠡᠬᠦ ᠮᠡᠳᠤ ᠵᠢᠨ ᠪᠠᠢᠳᠠᠯ ᠦᠷᠬᠦᠯᠵᠢᠯᠡᠨ ᠤᠷᠤᠰᠢᠳᠠᠭ᠃ ᠡᠢᠮᠦ ᠡᠴᠡ ᠤᠷᠮ᠎ᠠ ᠰᠡᠳᠬᠢᠯᠬᠡ ᠵᠢᠨ ᠳᠠᠯ᠎ᠠ ᠪᠡᠷ ᠲᠠᠢᠳᠬᠤᠷᠠᠭᠤᠯᠵᠤ᠂ ᠬᠤᠵᠢᠮ ᠢᠷᠡᠬᠡᠳᠦᠢ ᠵᠢᠨ ᠵᠢᠡᠨ ᠳᠤᠬᠠᠢ ᠲᠦᠯᠦᠪᠵᠢᠬᠦᠯᠬᠦ᠂ ᠨᠡᠢᠬᠡᠮ᠎ᠤᠨ ᠬᠠᠷᠢᠯᠴᠠᠭᠠᠨ ᠳ᠋ᠤ ᠢᠳᠡᠪᠬᠢᠳᠡᠢ ᠤᠷᠤᠯᠴᠠᠭᠤᠯᠬᠤ ᠬᠡᠬᠦ ᠮᠡᠳᠤ ᠪᠡᠷ ᠳᠠᠮᠵᠢᠭᠤᠯᠵᠤ ᠬᠡᠦᠬᠡᠳ ᠵᠢᠡᠨ ᠰᠡᠳᠬᠢᠯᠬᠡᠨ ᠤ᠋ ᠳᠠᠯ᠎ᠠ ᠪᠡᠷ ᠬᠠᠯᠠᠮᠵᠢᠯᠠᠵᠤ ᠪᠤᠯᠤᠨ᠎ᠠ᠃ ᠬᠡᠦᠬᠡᠳ ᠳᠠᠢ ᠪᠠᠨ ᠢᠯᠡᠬᠦᠬᠡᠨ ᠶᠠᠷᠢᠯᠴᠠᠵᠤ᠂ ᠪᠤᠳᠤᠵᠤ ᠰᠡᠳᠬᠢᠵᠦ ᠪᠠᠢᠭ᠎ᠠ ᠰᠡᠳᠬᠢᠯ ᠤ᠋ᠨ ᠳᠠᠭᠤᠨ ᠢ᠋ ᠨᠢ ᠰᠤᠨᠤᠰᠴᠤ᠂ ᠰᠡᠳᠬᠢᠯ᠎ᠤᠨ ᠳᠠᠷᠤᠭᠠᠰᠤ ᠵᠢ ᠨᠢ ᠬᠦᠩᠬᠡᠯᠡᠵᠦ᠂ ᠰᠡᠳᠬᠢᠯ᠎ᠤᠨ ᠡᠷᠴᠢ ᠳᠡᠮ ᠦᠭᠬᠦ ᠬᠡᠷᠡᠭᠳᠡᠢ᠃ ᠰᠢᠯᠭᠠᠯᠳᠠ ᠵᠢᠨ ᠬᠤᠪᠢ ᠵᠢᠨ ᠲᠠᠯ᠎ᠠ ᠪᠡᠷ᠂ ᠰᠠᠢᠨ ᠰᠢᠯᠭᠠᠭᠰᠠᠨ ᠴᠤ᠌ ᠳᠡᠷᠡ᠂ ᠮᠠᠭᠤ ᠰᠢᠯᠭᠠᠭᠰᠠᠨ ᠴᠤ᠌ ᠳᠡᠷᠡ ᠢᠳᠡᠪᠬᠢᠳᠡᠢ ᠤᠪᠤᠷ ᠵᠢᠡᠷ ᠬᠠᠨᠳᠤᠵᠤ᠂ ᠦᠪᠡᠷ᠎ᠤᠨ ᠪᠡᠶ᠎ᠡ ᠳ᠋ᠡᠬᠡᠨ ᠳᠤᠬᠢᠭᠰᠠᠨ ᠳᠠᠷᠠᠭᠠᠴᠢ ᠵᠢᠨ ᠲᠦᠯᠦᠪᠵᠢᠬᠦᠯᠬᠡ ᠪᠠᠨ ᠰᠠᠢᠳᠤᠷ ᠬᠢᠬᠦ ᠨᠢ ᠴᠢᠬᠤᠯᠠ᠃ ᠪᠢᠳᠡ ᠤᠳᠠᠯ ᠦᠬᠡᠢ ᠪᠠᠰᠠ ᠨᠢᠬᠡ ᠤᠳᠠᠭ᠎ᠠ ᠵᠢᠨ ᠴᠢᠬᠤᠯᠠ ᠰᠤᠩᠭᠤᠯᠳᠠ ᠬᠢᠬᠦ ᠪᠤᠯᠤᠨ᠎ᠠ᠂ ᠳᠠᠷᠤᠢ ᠡᠷᠡᠮᠡᠯᠵᠡᠯ ᠳᠠᠭᠯᠠᠨ᠎ᠠ᠃ ᠡᠢᠮᠦ ᠡᠴᠡ ᠬᠡᠷ᠎ᠤᠨ ᠠᠬᠠᠮᠠᠳ ᠪᠤᠯᠤᠬᠰᠠᠳ ᠤᠯᠤᠰ᠎ᠤᠨ ᠰᠤᠶᠤᠯ ᠰᠤᠷᠭᠠᠨ ᠬᠦᠮᠦᠵᠢᠯ᠎ᠤᠨ ᠲᠦᠷᠦ ᠵᠢᠨ ᠪᠤᠳᠤᠯᠭ᠎ᠠ ᠮᠡᠳᠡᠬᠡ ᠮᠡᠳᠡᠬᠡᠯᠡᠯ ᠳᠠᠢ ᠤᠢᠷᠠᠬᠠᠨ ᠪᠠᠢᠵᠤ᠂ ᠬᠡᠦᠬᠡᠳ᠎ᠤᠨ ᠶᠡᠬᠡ ᠰᠤᠷᠭᠠᠭᠤᠯᠢ ᠵᠢᠨ ᠰᠤᠩᠭᠤᠯᠳᠠ᠂ ᠳᠤᠰᠬᠠᠢ ᠮᠡᠷᠬᠡᠵᠢᠯ᠎ᠤᠨ ᠰᠤᠩᠭᠤᠯᠳᠠ ᠵᠢᠨ ᠬᠤᠪᠢ ᠳ᠋ᠤ ᠵᠤᠬᠢᠬᠤ ᠰᠠᠨᠠᠯ ᠰᠠᠨᠠᠭᠤᠯᠤᠮᠵᠢ ᠪᠠᠨ ᠦᠭᠴᠦ᠂ ᠬᠡᠦᠬᠡᠳ᠎ᠤᠨ ᠵᠢᠡᠨ ᠬᠤᠵᠢᠮ ᠢᠷᠡᠬᠡᠳᠦᠢ ᠵᠢᠨ ᠬᠦᠭᠵᠢᠯᠳᠡ ᠳ᠋ᠤ ᠳᠤᠬᠢᠷᠠᠬᠤ ᠰᠤᠩᠭᠤᠯᠳᠠ ᠬᠢᠪᠡᠯ ᠵᠦᠬᠡᠷ᠃ ᠤᠴᠢᠷ ᠨᠢ ᠢᠷᠡᠬᠡᠳᠦᠢ ᠵᠢᠨ ᠠᠵᠢᠯ ᠮᠡᠷᠬᠡᠵᠢᠯ᠎ᠤᠨ ᠲᠦᠯᠦᠪᠵᠢᠬᠦᠯᠬᠡ ᠶᠡᠬᠡ ᠰᠤᠷᠭᠠᠭᠤᠯᠢ ᠳ᠋ᠤ ᠰᠤᠷᠤᠭᠰᠠᠨ ᠳᠤᠰᠬᠠᠢ ᠮᠡᠷᠬᠡᠵᠢᠯ ᠲᠠᠢ ᠨᠢᠬᠡ ᠬᠡᠮᠵᠢᠶᠡᠨ ᠳ᠋ᠤ ᠬᠤᠯᠪᠤᠭᠳᠠᠳᠠᠭ᠃
ᠳᠠᠮᠢᠷ ᠤᠷᠠᠯᠢᠭ᠎ᠤᠨ ᠪᠤᠯᠪᠠᠰᠤᠷᠠᠯ ᠢ᠋ ᠴᠢᠬᠤᠯᠠᠴᠢᠯᠠᠬᠤ᠎ᠶᠢᠨ ᠤᠴᠢᠷ
ᠰᠫᠣᠷᠲ᠎ᠤᠨ ᠤᠬᠠᠭᠠᠨ᠎ᠤ ᠳ᠋ᠤᠺᠲ᠋ᠤᠷ᠂ ᠦᠪᠤᠷ ᠮᠤᠩᠭᠤᠯ᠎ᠤᠨ ᠪᠠᠭᠰᠢ᠎ᠶᠢᠨ ᠶᠡᠭᠡ ᠰᠤᠷᠭᠠᠭᠤᠯᠢ᠎ᠶᠢᠨ ᠪᠡᠶ᠎ᠡ᠎ᠶᠢᠨ ᠲᠠᠮᠢᠷ᠎ᠤᠨ ᠲᠡᠭᠡᠳᠤ ᠰᠤᠷᠭᠠᠭᠤᠯᠢ᠎ᠶᠢᠨ ᠮᠠᠨᠰᠠᠩ ᠪᠠᠭᠰᠢ ᠵᠠᠯᠠᠭᠤᠴᠤᠳ ᠪᠠᠭᠠᠴᠤᠳ᠎ᠤᠨ ᠪᠡᠶ᠎ᠡ᠎ᠶᠢᠨ ᠦᠰᠦᠯᠲᠡ ᠪᠤᠢᠵᠢᠯᠲᠠ᠂ ᠪᠡᠶ᠎ᠡ᠎ᠶᠢᠨ ᠴᠢᠳᠠᠪᠤᠷᠢ᠂ ᠨᠡᠢᠲᠡ᠎ᠶᠢᠨ ᠡᠷᠡᠭᠦᠯ ᠬᠠᠮᠠᠭᠠᠯᠠᠯ᠎ᠤᠨ ᠴᠢᠭᠯᠡᠯᠵᠢᠡᠷ ᠤᠳᠠᠭᠠᠨ ᠵᠢᠯ ᠰᠤᠳᠤᠯᠭᠠᠨ ᠬᠢᠪᠡ᠃ ᠰᠤᠷᠭᠠᠭᠤᠯᠢ ᠵᠢᠨ ᠰᠤᠷᠭᠠᠨ ᠬᠦᠮᠦᠵᠢᠯ᠎ᠳ᠋ᠤ ᠪᠡᠶ᠎ᠠ ᠵᠢᠨ ᠳᠠᠮᠢᠷ᠎ᠤᠨ ᠬᠦᠮᠦᠵᠢᠯ ᠢ᠋ ᠤᠯᠠᠮ ᠡᠴᠡ ᠤᠯᠠᠮ ᠴᠢᠬᠤᠯᠠᠴᠢᠯᠠᠬᠤ ᠪᠤᠯᠤᠭᠰᠠᠨ ᠦᠨᠦᠳᠦᠷ ᠬᠡᠦᠬᠡᠳ᠎ᠤᠨ ᠦᠰᠦᠨ ᠪᠤᠢᠵᠢᠯᠳᠠ ᠵᠢᠨ ᠶᠠᠪᠤᠴᠠ ᠳ᠋ᠤ ᠪᠡᠶ᠎ᠠ ᠵᠢᠨ ᠳᠠᠮᠢᠷ ᠤ᠋ᠨ ᠪᠤᠯᠪᠠᠰᠤᠷᠠᠯ ᠢ᠋ ᠬᠡᠷᠬᠢᠨ ᠠᠩᠬᠠᠷᠴᠤ ᠴᠢᠬᠤᠯᠠᠴᠢᠯᠠᠬᠤ ᠳᠤᠬᠠᠢ ᠲᠡᠭᠦᠨ ᠡᠴᠡ ᠵᠦᠪᠯᠡᠯᠬᠡ ᠠᠪᠤᠯ᠎ᠠ ᠄


ᠪᠡᠶ᠎ᠡ᠎ᠶᠢᠨ ᠲᠠᠮᠢᠷ ᠪᠣᠶᠤ ᠤᠷᠠᠯᠢᠭ᠎ᠤᠨ ᠪᠤᠯᠪᠠᠰᠤᠷᠠᠯᠢ᠋ ᠡᠷᠲᠡ᠎ᠠᠴᠠ ᠠᠩᠬᠠᠷᠴᠤ᠌ ᠴᠢᠬᠤᠯᠠᠴᠢᠯᠠᠬᠤ᠎ᠨᠢ ᠰᠤᠷᠤᠭᠴᠢ ᠵᠢᠨ ᠪᠦᠬᠦ ᠳᠠᠯ᠎ᠠ ᠵᠢᠨ ᠬᠦᠭᠵᠢᠯᠳᠡ᠂ ᠪᠡᠶ᠎ᠡ ᠰᠡᠳᠬᠢᠴᠡ ᠵᠢᠨ ᠡᠷᠡᠬᠦᠯ ᠮᠡᠨᠳᠤ᠂ ᠨᠡᠢᠬᠡᠮ ᠳ᠋ᠤ ᠵᠤᠬᠢᠴᠠᠬᠤ ᠴᠢᠳᠠᠪᠤᠷᠢ ᠵᠢᠨ ᠬᠦᠮᠦᠵᠢᠯ ᠳ᠋ᠤ ᠮᠠᠰᠢ ᠶᠡᠬᠡ ᠦᠢᠯᠡᠳᠦᠯ ᠳᠠᠢ ᠪᠠᠢᠳᠠᠭᠵᠢᠡᠷ ᠪᠠᠷᠠᠬᠤ ᠦᠭᠡᠢ᠂ ᠰᠤᠷᠤᠭᠴᠢᠳ᠎ᠤᠨ ᠨᠠᠰᠤᠨ ᠲᠤᠷᠱᠢᠳᠠ᠎ᠶᠢᠨ ᠰᠤᠷᠤᠯᠭ᠎ᠠ ᠠᠮᠢᠳᠤᠷᠠᠯ᠎ᠢ ᠡᠶᠡᠷᠬᠦ᠌᠎ᠪᠠᠷ ᠨᠦᠯᠦᠭᠡᠯᠡᠵᠦ᠍ ᠪᠠᠢᠳᠠᠭ᠃ ᠪᠡᠶ᠎ᠡ᠎ᠶᠢᠨ ᠲᠠᠮᠢᠷ᠎ᠤᠨ ᠲᠦᠷᠦᠯ ᠵᠦᠢᠯ᠎ᠤᠨ ᠰᠤᠩᠭᠤᠯᠳᠠ᠎ᠶᠢᠨ ᠬᠤᠪᠢ᠎ᠳᠤ ᠲᠤᠷᠠᠳᠠᠢ ᠬᠦᠳᠡᠯᠭᠡᠭᠡᠨ᠎ᠢ᠎ᠨᠢ ᠬᠢᠯᠭᠡᠵᠦ᠍᠂ ᠬᠡᠤᠭᠡᠳᠲᠠᠢᠪᠠᠨ ᠬᠠᠮᠳᠤ ᠲᠠᠮᠢᠷ᠎ᠤᠨ ᠬᠦᠳᠡᠯᠭᠡᠭᠡᠨ᠎ᠳᠤ ᠤᠷᠤᠯᠴᠠᠨ᠂ ᠨᠠᠢᠵᠠ ᠨᠦᠭᠦᠳᠲᠠᠢᠨᠢ ᠴᠤᠭᠭᠠᠷ ᠪᠤᠯᠪᠠᠰᠤᠷᠠᠯ ᠬᠢᠯᠭᠡᠬᠦ᠌᠎ᠨᠢ ᠭᠡᠤᠭᠡᠳ᠎ᠤᠨ ᠤᠷᠮ᠎ᠠ ᠵᠤᠷᠢᠭ᠎ᠢ ᠲᠠᠢᠴᠢᠯᠠᠬᠤ᠂ ᠤᠳᠠᠭᠠᠨ ᠴᠠᠭ᠎ᠵᠢᠡᠷ ᠨᠠᠢᠳᠠᠪᠤᠷᠢᠳᠠᠢ᠎ᠪᠠᠷ ᠪᠤᠯᠪᠠᠰᠤᠷᠠᠯ ᠬᠢᠬᠦ᠌᠎ᠳᠤ ᠪᠦᠷ ᠲᠤᠢᠯ᠎ᠤᠨ ᠠᠱᠢᠭᠲᠠᠢ ᠪᠠᠢᠳᠠᠭ᠃
ᠠᠩᠬ᠎ᠠ ᠳᠤᠮᠳᠠᠳᠤ᠂ ᠦᠨᠳᠦᠷ ᠳᠤᠮᠳᠠᠳᠤ᠂ ᠶᠡᠬᠡ ᠰᠤᠷᠭᠠᠭᠤᠯᠢ ᠬᠡᠰᠡᠨ ᠦᠬᠡᠢ 9 ᠰᠠᠷ᠎ᠠ᠎ᠳᠤ ᠰᠤᠷᠭᠠᠭᠤᠯᠢ ᠡᠬᠢᠯᠡᠬᠦ ᠠᠩᠬᠠᠨ ᠤ᠋ ᠬᠢᠴᠢᠶᠡᠯ ᠨᠢ ᠪᠦᠷ ᠬᠠᠳᠠᠭᠤ ᠴᠢᠩᠭ᠎ᠠ ᠴᠡᠷᠢᠭ᠎ᠤᠨ ᠪᠤᠯᠪᠠᠰᠤᠷᠠᠯ ᠶᠤᠮ᠃ ᠴᠡᠷᠢᠭ᠎ᠤᠨ ᠪᠤᠯᠪᠠᠰᠤᠷᠠᠯ ᠪᠣᠯ ᠪᠡᠶ᠎ᠡ᠎ᠶᠢᠨ ᠲᠠᠮᠢᠷ ᠪᠣᠯᠤᠨ ᠤᠷᠠᠯᠢᠭ᠎ᠢ ᠲᠡᠭᠡᠳᠦ ᠭᠡᠮᠵᠢᠶ᠎ᠡ᠎ᠪᠠᠷ ᠤᠶᠠᠯᠳᠤᠭᠤᠯᠤᠭᠰᠠᠨ ᠮᠠᠰᠢ ᠰᠠᠢᠨ ᠬᠢᠴᠢᠶᠡᠯ ᠪᠠᠢᠵᠤ᠂ ᠦᠷᠯᠦᠬᠡ ᠭᠦᠶᠦᠬᠦ᠌᠂ ᠴᠡᠷᠢᠭ᠎ᠤᠨ ᠦᠨᠳᠦᠰᠦᠨ ᠪᠤᠯᠪᠠᠰᠤᠷᠠᠯ ᠢ᠋ ᠡᠵᠡᠮᠰᠢᠬᠦᠯᠬᠦ ᠪᠠᠷ ᠪᠠᠷᠠᠬᠤ ᠦᠭᠡᠢ᠂ ᠪᠤᠯᠪᠠᠰᠤᠷᠠᠯ ᠵᠠᠪᠰᠠᠷᠯᠠᠬᠤ ᠲᠤᠮᠳᠠ ᠲᠠᠭᠤᠤ ᠪᠦᠵᠢᠭ᠎ᠤᠨ ᠤᠷ᠎ᠠ ᠠᠪᠢᠶᠠᠰ᠎ᠤᠨ ᠳᠤᠭᠯᠠᠯᠳᠠ᠎ᠵᠢ ᠮᠠᠰᠢ ᠬᠦᠭᠵᠢᠶᠡᠨ ᠳᠠᠢ ᠶᠠᠪᠤᠭᠳᠠᠭᠤᠯᠬᠤ ᠪᠡᠷ ᠳᠠᠮᠵᠢᠭᠤᠯᠵᠤ᠂ ᠰᠤᠷᠤᠭᠴᠢ ᠵᠢᠨ ᠶᠠᠷᠢᠵᠤ ᠢᠯᠡᠳᠬᠡᠬᠦ᠂ ᠤᠷ᠎ᠠ ᠠᠪᠢᠶᠠᠰ ᠵᠢᠡᠨ ᠭᠠᠢᠬᠠᠭᠤᠯᠬᠤ ᠴᠢᠳᠠᠪᠤᠷᠢ ᠵᠢ ᠪᠤᠯᠪᠠᠰᠤᠷᠠᠭᠤᠯᠬᠤ ᠵᠢᠨ ᠬᠠᠮᠳᠤ ᠦᠪᠡᠷ᠎ᠤᠨ ᠪᠡᠶ᠎ᠠ ᠪᠠᠨ ᠴᠢᠩᠭ᠎ᠠ ᠱᠠᠭᠠᠷᠳᠠᠵᠤ ᠬᠦᠴᠢᠷ ᠪᠡᠷᠬᠡ ᠵᠢ ᠢᠯᠠᠨ ᠳᠠᠪᠠᠬᠤ ᠴᠢᠳᠠᠪᠤᠷᠢ ᠵᠢ ᠨᠢ ᠬᠦᠮᠦᠵᠢᠭᠦᠯᠳᠡᠭ᠃ ᠪᠠᠰᠠ ᠬᠤᠪᠢᠰᠬᠠᠯ ᠤ᠋ᠨ ᠳᠠᠭᠤᠤ᠂ ᠴᠡᠷᠢᠭ᠎ᠤᠨ ᠳᠠᠭᠤᠤ ᠰᠤᠷᠬᠤ ᠪᠡᠷ ᠳᠠᠮᠵᠢᠭᠤᠯᠵᠤ᠂ ᠪᠦᠯᠬᠦᠮᠳᠡᠯ ᠨᠢᠭᠳᠠᠷᠠᠯ ᠤ᠋ᠨ ᠬᠦᠮᠦᠵᠢᠯ ᠬᠦᠷᠳᠡᠭᠡᠳᠡᠭ᠃
ᠪᠡᠶ᠎ᠡ᠎ᠶᠢᠨ ᠲᠠᠮᠢᠷ᠎ᠢ ᠤᠯᠤᠰ᠎ᠠᠴᠠ ᠪᠠᠰᠠ ᠶᠠᠪᠤᠬᠤ ᠲᠤᠳᠤᠮ ᠴᠢᠬᠤᠯᠠᠴᠢᠯᠠᠬᠤ ᠪᠤᠯᠤᠭᠰᠠᠨ᠃ ᠦᠨᠳᠦᠷ ᠳᠤᠮᠳᠠᠳᠤ ᠳ᠋ᠤ ᠲᠠᠪᠰᠢᠬᠤ ᠰᠢᠯᠭᠠᠯᠳᠠ ᠳ᠋ᠤ ᠬᠠᠮᠤᠭ ᠡᠬᠢᠨᠳ᠋ᠡᠬᠡᠨ ᠱᠢᠯᠭᠠᠯᠳᠠ᠎ᠶᠢᠨ ᠬᠤᠪᠢ ᠳ᠋ᠤ ᠤᠷᠤᠬᠤ ᠦᠭᠡᠢ ᠪᠠᠢᠭᠰᠠᠨ᠎ᠠᠴᠠ ᠪᠠᠨ 40 ᠬᠤᠪᠢ ᠡᠵᠡᠯᠡᠬᠦ᠌ ᠪᠤᠯᠤᠭᠰᠠᠨ᠂ ᠳᠠᠬᠢᠭᠠᠳ ᠡᠨᠡ ᠵᠢᠯ ᠡᠴᠡ 80 ᠬᠤᠪᠢ ᠡᠵᠡᠯᠡᠬᠦ᠌ ᠪᠤᠯᠳᠠᠯ᠎ᠠ ᠲᠦᠷᠦ᠍᠎ᠶᠢᠨ ᠪᠣᠳᠤᠯᠭ᠎ᠠ ᠵᠢᠨ ᠳᠠᠯ᠎ᠠ ᠪᠡᠷ ᠶᠠᠪᠤᠬᠤ ᠲᠤᠳᠤᠮ ᠴᠢᠬᠤᠯᠠᠴᠢᠯᠠᠬᠤ ᠪᠤᠯᠤᠭᠰᠠᠨ ᠢ᠋ ᠢᠯᠡᠳᠳᠡ ᠬᠠᠷᠠᠭᠤᠯᠵᠤ ᠪᠠᠢᠨ᠎ᠠ᠃ ᠬᠡᠷ᠎ᠤᠨ ᠠᠬᠠᠮᠠᠳ ᠡᠨᠡ ᠳᠠᠯ᠎ᠠ ᠪᠡᠷ ᠤᠢᠯᠠᠭᠠᠵᠤ ᠴᠢᠬᠤᠯᠠᠴᠢᠯᠠᠬᠤ ᠬᠡᠷᠡᠭᠳᠡᠢ᠃
ᠪᠡᠶ᠎ᠠ ᠵᠢᠨ ᠳᠠᠮᠢᠷ ᠨᠢ ᠪᠡᠶ᠎ᠠ ᠰᠡᠳᠬᠢᠯ ᠳ᠋ᠤ ᠳᠡᠩᠬᠡᠬᠡ ᠨᠡᠮᠡᠷᠢᠯᠡᠳᠡᠭ᠃ ᠠᠩᠬ᠎ᠠ ᠲᠤᠮᠳᠠᠳᠤ᠎ᠶᠢᠨ ᠦᠶᠡᠰ ᠭᠡᠤᠭᠡᠳ ᠤᠷᠠᠢ ᠵᠠᠯᠠᠭᠤ ᠨᠠᠰᠤᠨ᠎ᠳᠠᠭᠠᠨ ᠤᠷᠤᠵᠤ᠂ ᠴᠢᠳᠠᠯ ᠬᠦᠴᠦ ᠨᠢ ᠨᠡᠮᠡᠭᠳᠡᠵᠦ᠂ ᠪᠡᠶ᠎ᠡ ᠮᠠᠬᠠᠪᠤᠳ᠎ᠤᠨ ᠲᠠᠯ᠎ᠠ᠎ᠪᠠᠷ ᠤᠯᠠᠨ ᠵᠦᠢᠯ᠎ᠤᠨ ᠬᠤᠪᠢᠷᠠᠯᠳᠠ ᠭᠠᠷᠴᠤ᠌ ᠡᠬᠢᠯᠡᠳᠡᠭ᠃ ᠡᠨᠡ ᠦᠶᠡᠰ ᠤᠨᠴᠠᠭᠠᠢᠯᠠᠨ ᠡᠷᠡᠭᠲᠡᠢ ᠭᠡᠤᠭᠡᠳ᠎ᠤᠳ ᠪᠣᠯ ᠤᠴᠢᠷ ᠶᠠᠪᠤᠳᠠᠯ᠎ᠢ ᠠᠮᠠᠷᠬᠠᠨ ᠬᠦᠴᠦᠷᠭᠡᠭᠯᠡᠯᠵᠢᠡᠷ ᠰᠢᠢᠳᠪᠦᠷᠢᠯᠡᠬᠦ᠌ ᠭᠡᠳ ᠪᠠᠢᠳᠠᠭ᠃ ᠲᠡᠢᠮᠦ᠍᠎ᠠᠴᠠ ᠪᠡᠶ᠎ᠡ᠎ᠶᠢᠨ ᠲᠠᠮᠢᠷ᠎ᠤᠨ ᠬᠦᠳᠡᠯᠭᠡᠭᠡᠨ᠎ᠢ ᠵᠤᠬᠢᠰᠳᠠᠢ ᠲᠤᠬᠢᠷᠠᠭᠤᠯᠵᠤ᠂ ᠪᠡᠶ᠎ᠡ᠎ᠶᠢᠨ ᠲᠠᠮᠢᠷᠵᠢᠡᠷ ᠲᠠᠮᠵᠢᠭᠤᠯᠵᠤ᠂ ᠵᠠᠷᠤᠭᠠᠳ ᠪᠠᠷᠠᠰᠢ ᠦᠭᠡᠢ ᠬᠦᠴᠦ᠍ ᠡᠨᠧᠷᠬᠢ᠎ᠶᠢ ᠨᠢ ᠭᠠᠳᠠᠭᠰᠢᠯᠠᠭᠤᠯᠵᠤ ᠪᠤᠯᠤᠨ᠎ᠠ᠃ ᠡᠨᠡ ᠬᠦ᠌ ᠨᠠᠰᠤᠨ᠎ᠳᠠᠬᠢ ᠭᠡᠤᠭᠡᠳ᠎ᠤᠳ ᠪᠠᠰᠠ ᠶᠡᠭᠡ ᠰᠤᠨᠢᠭᠤᠴᠢ ᠰᠡᠳᠭᠢᠯ᠎ᠲᠠᠢ ᠪᠠᠢᠵᠤ᠂ ᠰᠦᠷᠭᠡᠦ ᠵᠠᠩ ᠭᠠᠷᠭᠠᠬᠤ ᠭᠡᠳ ᠪᠠᠢᠳᠠᠭ᠃ ᠪᠠᠭᠰᠢ᠎ᠶᠢᠨ ᠦᠭᠡ᠎ᠶᠢ ᠰᠤᠨᠤᠰᠭᠤ ᠦᠭᠡᠢ ᠭᠡᠳᠡᠷᠭᠦ ᠶᠠᠷᠢᠬᠤ᠂ ᠭᠡᠷ᠎ᠤᠨ ᠠᠬᠠᠮᠠᠳ᠎ᠲᠠᠢ᠎ᠪᠠᠨ ᠵᠦᠷᠢᠯᠳᠦᠬᠦ ᠭᠡᠬᠦ᠌ ᠮᠡᠲᠦ᠍᠎ᠶᠢᠨ ᠨᠡᠢᠲᠡ᠎ᠶᠢᠨ ᠢᠯᠡᠷᠡᠯ᠎ᠲᠠᠢ ᠪᠠᠢᠳᠠᠭ᠂ ᠡᠳᠡᠭᠡᠷ ᠪᠣᠯ ᠪᠦᠷ ᠠᠶᠠᠨᠳᠠᠭᠠᠨ᠎ᠤ ᠢᠯᠡᠷᠡᠬᠦ᠌ ᠶᠤᠰᠤᠳᠠᠢ ᠵᠦᠢᠯ᠃ ᠲᠡᠢᠮᠦ᠍ ᠪᠣᠯᠬᠤᠷ ᠪᠢᠳᠡ ᠭᠡᠤᠭᠡᠳ ᠵᠢᠡᠨ ᠡᠢᠮᠤ ᠲᠡᠢᠮᠦ᠍ ᠭᠡᠵᠦ᠍ ᠱᠢᠬᠦᠮᠵᠢᠯᠡᠬᠦ᠌ ᠬᠡᠷᠡᠭ ᠦᠭᠡᠢ᠂ ᠬᠠᠷᠢᠨ ᠲᠠᠮᠢᠷ᠎ᠤᠨ ᠬᠦᠳᠡᠯᠭᠡᠭᠡᠨ᠎ᠳᠤ ᠢᠯᠡᠭᠦᠬᠡᠨ ᠤᠷᠤᠯᠴᠠᠭᠤᠯᠪᠠᠯ ᠵᠤᠬᠢᠨ᠎ᠠ᠂ ᠳᠠᠮᠢᠷ᠎ᠤᠨ ᠬᠦᠳᠡᠯᠬᠡᠭᠡᠨ ᠤ᠋ ᠳᠤᠮᠳᠠ ᠭᠡᠤᠭᠡᠳ ᠪᠤᠰᠤᠳ᠎ᠢ ᠲᠡᠢᠯᠬᠦ᠂ ᠪᠤᠰᠤᠳ᠎ᠲᠤ ᠲᠡᠢᠯᠦᠭᠳᠡᠬᠦ᠂ ᠪᠠᠰᠠ ᠭᠡᠮᠳᠤᠬᠦ᠌ ᠱᠢᠷᠬᠠᠳᠤᠬᠤ᠂ ᠭᠤᠳᠤᠷᠠᠯ ᠭᠤᠮᠤᠳᠠᠯ᠎ᠤᠨ ᠲᠦᠷᠦᠭᠳᠡᠯ᠎ᠢ ᠠᠮᠰᠠᠬᠤ ᠪᠡᠷ ᠳᠠᠮᠵᠢᠵᠤ᠂ ᠭᠡᠤᠭᠡᠳ᠎ᠤᠨ ᠲᠠᠬᠢᠨ ᠪᠤᠰᠭᠤ ᠴᠢᠳᠠᠪᠤᠷᠢ᠂ ᠬᠦᠴᠢᠷ᠎ᠠᠴᠠ ᠠᠶᠤᠬᠤ ᠦᠭᠡᠢ᠂ ᠦᠷᠬᠦᠯᠵᠢᠯᠡᠨ ᠴᠢᠷᠮᠠᠢᠬᠤ᠌ ᠵᠠᠩ ᠠᠪᠤᠷᠢ ᠲᠠᠪᠳᠠᠭᠳᠠᠳᠠᠭ᠃
ᠳᠠᠮᠢᠷ᠎ᠤᠨ ᠬᠦᠳᠡᠯᠬᠡᠬᠡᠨ ᠢ᠋ ᠰᠤᠩᠭᠤᠬᠤ ᠳ᠋ᠤ ᠭᠡᠤᠭᠡᠳ ᠲᠤᠷ᠎ᠠ ᠪᠠᠬ᠎ᠠ ᠲᠠᠢ ᠵᠦᠢᠯ ᠵᠢᠡᠨ ᠮᠡᠳᠡᠵᠦ᠍ ᠤᠯᠤᠭᠠᠳᠤᠢ ᠦᠶᠡᠰ᠂ ᠬᠠᠮᠳᠤ᠎ᠶᠢᠨ ᠬᠦᠳᠡᠯᠭᠡᠭᠡᠨ᠎ᠳᠤ ᠢᠯᠡᠭᠦᠦ ᠤᠷᠤᠯᠴᠠᠭᠤᠯᠪᠠᠯ ᠰᠠᠢᠨ᠃ ᠤᠴᠢᠷ᠎ᠨᠢ ᠬᠠᠮᠲᠦ᠍ᠶᠢᠨ ᠬᠦᠳᠡᠯᠭᠡᠭᠡᠨ᠎ᠳᠤ ᠤᠷᠤᠯᠴᠠᠬᠤ᠎ᠪᠠᠷ ᠲᠠᠮᠵᠢᠨ ᠪᠤᠰᠤᠳ᠎ᠲᠠᠢ ᠪᠦᠯᠬᠦᠮᠳᠡᠬᠦ᠂ ᠬᠠᠮᠳᠤᠷᠠᠯᠴᠠᠬᠤ᠂ ᠠᠳᠠᠯᠢᠳᠭᠠᠬᠤ ᠲᠤᠮᠳᠠ ᠲᠠᠮᠢᠷ᠎ᠤᠨ ᠬᠦᠳᠡᠯᠭᠡᠭᠡᠨ᠎ᠤ ᠴᠠᠭᠠᠨ᠎ᠠ ᠨᠢᠭᠤᠭᠳᠠᠵᠤ ᠪᠠᠢᠭ᠎ᠠ ᠠᠴᠢ ᠳᠤᠰᠠ ᠵᠢ ᠠᠯᠭᠤᠷ ᠠᠭᠠᠵᠢᠮ᠎ᠢᠶᠡᠷ ᠤᠬᠠᠵᠤ ᠮᠡᠳᠡᠳᠡᠭ᠃ ᠤᠷᠢᠳ ᠵᠢᠡᠷ ᠲᠠᠳᠭᠠᠯᠢ ᠪᠤᠢ ᠪᠣᠯᠭᠠᠨ᠂ ᠲᠤᠷ᠎ᠠ ᠪᠠᠬ᠎ᠠ᠎ᠵᠢ ᠨᠢ ᠠᠯᠭᠤᠷ ᠠᠭᠠᠵᠢᠮᠵᠢᠡᠷ ᠬᠦᠮᠦᠵᠢᠬᠦᠯᠵᠦ ᠪᠤᠯᠤᠨ᠎ᠠ᠃
ᠴᠡᠴᠡᠷᠯᠢᠭ ᠪᠠᠭ᠎ᠠ ᠰᠤᠷᠭᠠᠭᠤᠯᠢ ᠵᠢ ᠬᠡᠷᠬᠢᠨ ᠵᠤᠯᠭᠠᠭᠤᠯᠬᠤ ᠳᠤᠬᠠᠢ
ᠦᠪᠤᠷ ᠮᠤᠩᠭᠤᠯ᠎ᠤᠨ ᠭᠡᠷ ᠪᠦᠯᠢ᠎ᠶᠢᠨ ᠰᠤᠳᠤᠯᠭᠠᠨ᠎ᠤ ᠨᠡᠢᠭᠡᠮᠯᠢᠭ᠎ᠤᠨ ᠬᠡᠷᠡᠭ ᠡᠷᠬᠢᠯᠡᠭᠴᠢ᠂ 27 ᠵᠢᠯ ᠪᠠᠬ᠍ᠱᠢᠯᠠᠬ᠍ᠰᠠᠨ ᠲᠤᠷᠱᠢᠯᠭ᠎ᠠ᠎ᠲᠠᠢ ᠷᠡ᠊ ᠲᠤᠶᠠᠭ᠎ᠠ ᠪᠠᠭᠰᠢ 《ᠴᠡᠴᠡᠷᠯᠢᠭ ᠪᠠᠭ᠎ᠠ ᠰᠤᠷᠭᠠᠭᠤᠯᠢ᠎ᠵᠢ ᠵᠤᠯᠭᠠᠭᠤᠯᠬᠤ》 ᠭᠡᠬᠦ᠌ ᠰᠡᠳᠤᠪᠵᠢᠡᠷ ᠤᠯᠠᠨ ᠲᠠᠯᠠᠪᠠᠢ ᠬᠢᠴᠢᠶᠡᠯ ᠲᠠᠢᠯᠤᠮᠵᠢ ᠬᠢᠵᠦ ᠦᠩᠬᠡᠷᠡᠪᠡ᠃ 9 ᠰᠠᠷ᠎ᠠ ᠳ᠋ᠤ ᠠᠷᠠᠳ᠎ᠤᠨ ᠰᠤᠷᠭᠠᠭᠤᠯᠢ ᠵᠢᠨ ᠠᠯᠳᠠᠨ ᠪᠤᠱᠤᠭ᠎ᠠ ᠵᠢ ᠠᠯᠬᠤᠬᠤ ᠬᠡᠦᠬᠡᠳ ᠳᠡᠬᠡᠨ ᠬᠡᠷ᠎ᠤᠨ ᠠᠬᠠᠮᠠᠳ ᠶᠠᠮᠠᠷᠰᠢᠦ ᠪᠡᠯᠡᠳᠬᠡᠯ ᠬᠢᠪᠡᠯ ᠵᠤᠬᠢᠬᠤ ᠳᠤᠬᠠᠢ ᠳᠡᠬᠦᠨ ᠡᠴᠡ ᠵᠦᠪᠯᠡᠯᠬᠡ ᠠᠪᠤᠯ᠎ᠠ᠄
ᠨᠢᠭᠡ᠂ ᠪᠠᠶᠠᠰᠤᠩᠭᠤᠢ ᠣᠪᠤᠷ᠎ᠲᠠᠢ ᠪᠠᠢᠬᠤ᠃ ᠤᠳᠤ᠎ᠠᠴᠠ ᠡᠬᠢᠯᠡᠵᠦ᠍ ᠰᠤᠷᠭᠠᠭᠤᠯᠢ ᠡᠬᠢᠯᠡᠳᠡᠯ᠎ᠡ ᠨᠡᠯᠢᠶᠡᠳ ᠵᠠᠢ ᠪᠤᠢ᠃ ᠬᠡᠷ᠎ᠤᠨ ᠠᠬᠠᠮᠠᠳ ᠬᠡᠦᠬᠡᠳ ᠳᠡᠬᠡᠨ᠄《ᠮᠢᠨᠤ ᠭᠡᠤᠭᠡᠳ ᠲᠤᠮᠤ ᠪᠣᠯᠤᠭᠰᠠᠨ ᠰᠢᠤ᠂ ᠪᠠᠭ᠎ᠠ ᠰᠤᠷᠭᠠᠭᠤᠯᠢ᠎ᠳᠤ ᠤᠷᠤᠵᠤ ᠮᠤᠨᠳᠠᠭ ᠶᠡᠭᠡ ᠡᠷᠳᠡᠮ ᠰᠤᠷᠬᠤ ᠶᠤᠮ ᠪᠠᠢᠨ᠎ᠠ᠂ ᠡᠵᠢ ᠠᠪᠤ᠎ᠨᠢ ᠪᠠᠰᠠ ᠴᠢᠮ᠎ᠠ᠎ᠲᠠᠢ ᠬᠠᠮᠳᠤ ᠰᠤᠷᠤᠨ᠎ᠠ᠂ ᠴᠢᠨᠣ ᠤᠷᠣᠬᠤ ᠭᠡᠵᠤ ᠪᠠᠢᠭ᠎ᠠ ᠰᠤᠷᠭᠠᠭᠤᠯᠢ ᠴᠢᠨᠢ ᠮᠠᠰᠢ ᠭᠤᠶᠤ》 ᠭᠡᠬᠦ᠌ ᠮᠡᠲᠦ᠍᠎ᠪᠠᠷ ᠬᠡᠤᠭᠡᠳᠵᠢᠡᠨ ᠰᠡᠳᠬᠢᠴᠡ ᠵᠢᠨ ᠳᠠᠯ᠎ᠠ ᠪᠡᠷ ᠤᠷᠮᠠᠰᠢᠭᠤᠯᠵᠤ᠂ ᠪᠠᠶᠠᠰᠤᠩᠭᠤᠢ ᠣᠪᠤᠷᠵᠢᠡᠷ ᠵᠢᠭᠠᠨ ᠵᠢᠯᠤᠭᠤᠳᠴᠤ᠌᠂ ᠡᠷᠴᠢ ᠡᠨᠧᠷᠭᠢ᠎ᠶᠢ ᠣᠯᠭᠤᠵᠤ ᠪᠠᠢᠬᠤ ᠬᠡᠷᠡᠭᠳᠡᠢ᠃ ᠬᠠᠷᠢᠨ ᠡᠰᠡᠷᠭᠦ᠎ᠪᠠᠷ《ᠣᠳᠣ ᠪᠠᠭ᠎ᠠ ᠰᠤᠷᠭᠠᠭᠤᠯᠢ᠎ᠳᠤ ᠤᠷᠤᠪᠠᠯ ᠲᠠᠰᠭᠠᠯ᠎ᠲᠠᠢ ᠪᠣᠯᠤᠨ᠎ᠠ᠂ ᠪᠠᠭᠰᠢ᠎ᠨᠢ ᠮᠠᠰᠢ ᠴᠢᠩᠭ᠎ᠠ ᠪᠠᠢᠳᠠᠭ》 ᠭᠡᠬᠦ᠌ ᠮᠡᠲᠦ᠍᠎ᠪᠠᠷ ᠬᠡᠳᠤᠷᠬᠡᠢ ᠲᠠᠷᠤᠮᠳᠠᠲᠠᠢ ᠦᠭᠡ᠎ᠨᠦᠭᠦᠳ᠎ᠢ ᠲᠤᠳᠠᠭᠤ ᠬᠡᠯᠡᠪᠡᠯ ᠰᠠᠢᠨ᠃
ᠬᠤᠶᠠᠷ᠂ ᠲᠠᠳᠭᠠᠯ᠎ᠤᠨ ᠬᠦᠮᠦᠵᠢᠯ ᠬᠢᠬᠦ᠌᠃ ᠨᠢᠭᠡᠳᠤᠭᠡᠷ ᠣᠨ᠎ᠳᠤ ᠤᠷᠤᠭᠰᠠᠨ᠎ᠤ ᠲᠠᠷᠠᠭ᠎ᠠ᠂ ᠨᠢᠭᠡ ᠵᠢᠯ᠎ᠤᠨ ᠬᠤᠭᠤᠴᠠᠭᠠᠨ ᠲᠤᠳᠤᠷ᠎ᠠ ᠪᠠᠭᠰᠢ᠎ᠠᠴᠠ ᠲᠠᠳᠭᠠᠯ᠎ᠤᠨ ᠬᠦᠮᠦᠵᠢᠯ᠎ᠢ ᠭᠡᠤᠭᠡᠳ᠎ᠤᠳ᠎ᠲᠤ ᠮᠠᠰᠢ ᠰᠠᠢᠨ ᠬᠢᠳᠡᠭ᠃ ᠰᠠᠢᠨ ᠰᠠᠢᠬᠠᠨ ᠠᠮᠢᠳᠤᠷᠠᠯ᠎ᠤᠨ ᠲᠠᠳᠭᠠᠯ ᠪᠣᠯᠤᠨ ᠰᠤᠷᠤᠯᠴᠠᠬᠤ ᠲᠠᠳᠭᠠᠯᠢ ᠪᠤᠢ ᠪᠤᠯᠭᠠᠬᠤ᠎ᠨᠢ ᠭᠡᠤᠭᠡᠳ ᠪᠠᠭ᠎ᠠ ᠰᠤᠷᠭᠠᠭᠤᠯᠢ᠎ᠶᠢᠨ ᠬᠤᠭᠤᠴᠠᠭᠠᠨ᠎ᠳ᠋ᠠᠭᠠᠨ ᠡᠮᠬᠢ ᠴᠡᠭᠴᠡ᠎ᠲᠠᠢ᠂ ᠠᠮᠵᠢᠯᠳᠠ᠎ᠲᠠᠢ ᠰᠤᠷᠤᠯᠴᠠᠬᠤ᠎ᠶᠢᠨ ᠰᠠᠭᠤᠷᠢ ᠪᠣᠯᠵᠤ ᠪᠠᠢᠳᠠᠭ᠃ ᠲᠡᠢᠮᠦ᠍᠎ᠠᠴᠠ ᠭᠡᠷ᠎ᠤᠨ ᠠᠬᠠᠮᠠᠳ᠎ᠠᠴᠠ ᠭᠡᠤᠭᠡᠳᠤᠳᠲᠡᠭᠡᠨ ᠬᠢᠴᠢᠶᠡᠯ᠎ᠵᠢᠡᠨ ᠪᠠᠭᠤᠭᠠᠳ ᠢᠷᠡᠪᠡᠯ ᠪᠣᠬ᠍ᠴᠣᠪᠠᠨ ᠶᠠᠭᠠᠬᠢᠵᠤ ᠲᠡᠷᠢ ᠲᠡᠭᠰᠢ ᠲᠠᠯᠪᠢᠬᠤ᠂ ᠪᠢᠷ᠎ᠤᠨ ᠬᠠᠢᠷᠴᠠᠭ᠎ᠲᠠᠭᠠᠨ ᠬᠠᠷᠠᠨᠳᠠ ᠪᠠᠯᠠᠯᠤᠭᠤᠷᠵᠢᠡᠨ ᠶᠠᠭᠠᠬᠢᠵᠤ ᠲᠠᠯᠪᠢᠬᠤ᠂ ᠪᠢᠴᠢᠭ᠎ᠤᠨ ᠱᠢᠷᠡᠭᠡ᠎ᠪᠠᠨ ᠦᠷᠬᠦᠯᠵᠢ ᠴᠡᠪᠡᠷᠯᠡᠨ ᠨᠤᠮ ᠪᠢᠴᠢᠭᠵᠢᠡᠨ ᠴᠡᠮᠴᠡᠭᠡᠷ ᠰᠠᠢᠬᠠᠨ ᠪᠠᠢᠯᠭᠠᠬᠤ᠂ ᠤᠨᠳᠠᠬᠤᠠᠴᠠᠪᠠᠨ ᠡᠮᠦᠨ᠎ᠡ ᠪᠣᠭᠴᠤ᠎ᠪᠠᠨ ᠲᠠᠬᠢᠨ ᠨᠢᠭᠡ ᠤᠳᠠᠭ᠎ᠠ ᠪᠠᠢᠴᠠᠭᠠᠨ ᠪᠢᠷ ᠪᠢᠴᠢᠭᠵᠢᠡᠨ ᠭᠦᠢᠴᠡᠳ ᠠᠪᠤᠭᠰᠠᠨ ᠡᠰᠡᠭᠦ᠎ᠪᠠᠨ ᠰᠢᠯᠭᠠᠬᠤ ᠭᠡᠬᠦ᠌ ᠮᠡᠲᠦ᠍᠎ᠶᠢᠨ ᠡᠳᠦᠷ ᠲᠤᠳᠤᠮ᠎ᠤᠨ ᠲᠠᠳᠭᠠᠯ᠎ᠤᠨ ᠬᠦᠮᠦᠵᠢᠯ᠎ᠢ ᠰᠠᠢᠳᠤᠷ ᠬᠢᠵᠦ᠍ ᠪᠠᠢᠬᠤ ᠬᠡᠷᠡᠭᠳᠡᠢ᠃
ᠭᠤᠷᠪᠠ᠂ ᠬᠡᠤᠭᠡᠳᠲᠠᠢᠪᠠᠨ ᠪᠠᠢᠩᠭᠤ ᠬᠦᠬᠵᠢᠯᠳᠦᠬᠦ᠌᠃ ᠡᠳᠦᠷ ᠪᠦᠷᠢ ᠵᠢᠭᠠᠬᠠᠨ ᠴᠤ᠌ ᠭᠡᠰᠡᠨ ᠴᠠᠭ ᠵᠠᠢ ᠭᠠᠷᠭᠠᠨ ᠭᠡᠤᠭᠡᠳ᠎ᠲᠠᠢ᠎ᠪᠠᠨ ᠬᠠᠮᠲᠦ ᠨᠠᠭᠠᠳᠪᠠᠯ ᠰᠠᠢᠨ᠃ ᠠᠪᠤ ᠡᠵᠢ᠎ᠲᠠᠢ᠎ᠪᠠᠨ ᠬᠠᠮᠲᠦ ᠲᠤᠬᠯᠠᠵᠤ ᠨᠠᠭᠠᠳᠭᠤᠲᠤᠮᠳᠠ ᠡᠴᠠ ᠬᠡᠤᠭᠡᠳ ᠬᠠᠯᠠᠭᠤᠨ ᠲᠤᠯᠠᠭᠠᠨ ᠭᠡᠷ ᠪᠦᠯᠢ᠎ᠶᠢᠨ ᠬᠦᠷᠳᠡᠭᠡᠯᠢ ᠤᠯᠳᠠᠭ᠃ ᠠᠵᠢᠯ ᠠᠮᠢᠳᠤᠷᠠᠯᠤᠨᠵᠢᠡᠨ ᠰᠠᠢᠨ ᠰᠠᠢᠬᠠᠨ ᠵᠦᠢᠯᠡᠰ᠎ᠠᠴᠠ ᠭᠡᠤᠭᠡᠳ᠎ᠲᠠᠢ᠎ᠪᠠᠨ ᠢᠯᠡᠭᠦᠦ ᠬᠤᠪᠢᠶᠠᠯᠴᠠᠵᠤ᠂ ᠭᠡᠤᠭᠡᠳᠤᠨᠵᠢᠡᠨ ᠰᠡᠳᠭᠢᠯ᠎ᠤᠨ ᠲᠠᠭᠤᠨ᠎ᠢ᠎ᠨᠢ ᠢᠯᠡᠭᠦᠦ ᠰᠤᠨᠤᠰᠴᠤ᠌᠂ ᠲᠤᠳᠤᠨᠤ ᠬᠠᠷᠢᠯᠴᠠᠭ᠎ᠠ᠎ᠶᠢ ᠪᠤᠢ ᠪᠤᠯᠭᠠᠬᠤ ᠬᠡᠷᠡᠭᠳᠡᠢ᠃
ᠲᠦᠷᠪᠡ᠂ ᠭᠡᠤᠭᠡᠳ᠎ᠲᠠᠢ᠎ᠪᠠᠨ ᠬᠠᠮᠲᠦ ᠨᠣᠮ᠎ᠤᠨ ᠶᠢᠷᠳᠢᠨᠴᠤ᠎ᠪᠠᠷ ᠵᠤᠭᠠᠯᠠᠬᠤ᠃ ᠭᠡᠤᠭᠡᠳ ᠡᠬᠢᠯᠡᠭᠡᠳ ᠦᠪᠡᠷᠵᠢᠡᠨ ᠪᠡᠶ᠎ᠡ᠎ᠪᠠᠨ ᠲᠠᠭᠠᠭᠠᠵᠦ᠍ ᠨᠣᠮ ᠤᠩᠱᠢᠵᠤ ᠴᠢᠳᠠᠳᠠᠭ ᠦᠭᠡᠢ᠂ ᠲᠡᠢᠮᠦ᠍ ᠪᠣᠯᠬᠤᠷ ᠭᠡᠷ᠎ᠤᠨ ᠠᠬᠠᠮᠠᠳ ᠴᠢᠯᠦᠭᠡ ᠵᠠᠪᠵᠢᠡᠷ ᠵᠢᠡᠨ ᠭᠡᠤᠭᠡᠳᠵᠢᠡᠨ ᠲᠠᠭᠠᠭᠤᠯᠵᠤ ᠨᠣᠮ᠎ᠤᠨ ᠰᠠᠩ᠎ᠳᠤ ᠤᠴᠢᠬᠤ᠂ ᠬᠠᠮᠲᠤ᠎ᠪᠠᠷ ᠵᠢᠷᠤᠭᠳᠤ ᠲᠡᠪᠳᠡᠷ ᠦᠵᠡᠬᠦ᠌ ᠭᠡᠬᠦ᠌ ᠮᠡᠲᠦ᠍᠎ᠪᠠᠷ ᠭᠡᠤᠭᠡᠳᠵᠢᠡᠨ ᠬᠦᠳᠦᠯᠦᠨ ᠲᠠᠭᠠᠭᠤᠯᠵᠤ ᠢᠳᠡᠭ ᠢᠳᠡᠭᠵᠢᠡᠷ ᠨᠣᠮ᠎ᠳᠤ ᠪᠠᠬᠠᠲᠠᠢ ᠪᠣᠯᠭᠠᠬᠤ ᠬᠡᠷᠡᠭᠳᠡᠢ᠃ ᠲᠡᠭᠡᠭᠡᠳ ᠦᠪᠡᠷᠵᠢᠡᠷᠨᠢ ᠭᠡᠳᠤᠨ ᠵᠠᠭᠤᠨ ᠮᠢᠩᠭᠠᠨ ᠨᠣᠮ ᠲᠤᠳᠤᠷ᠎ᠠ᠎ᠠᠴᠠ ᠳᠤᠷᠠᠲᠠᠢ ᠭᠠᠭᠴᠠ ᠬᠤᠶᠠᠷ᠎ᠢ᠎ᠨᠢ ᠰᠤᠩᠭᠤᠭᠤᠯᠵᠤ᠂ ᠨᠣᠮ ᠭᠡᠳᠡᠭ ᠴᠢᠨᠢ ᠡᠢᠮᠦ᠍ ᠰᠠᠢᠬᠠᠨ ᠪᠠᠯ ᠪᠤᠷᠠᠮ ᠱᠢᠭ᠋ ᠨᠠᠨᠳᠢᠨ ᠵᠦᠢᠯ ᠶᠤᠮ ᠪᠠᠢᠨ᠎ᠠ ᠭᠡᠰᠡᠨ ᠲᠦᠷᠦᠭᠳᠡᠯ᠎ᠢ ᠣᠯᠭᠤᠬᠤ ᠬᠡᠷᠡᠭᠳᠡᠢ᠃

ᠲᠠᠪᠤ᠂ ᠭᠡᠤᠭᠡᠳᠲᠡᠭᠡᠨ ᠪᠦᠷᠢᠨ ᠲᠦᠭᠦᠷᠡᠩ ᠢᠲᠡᠭᠡᠯ᠎ᠢ ᠣᠯᠭᠤᠬᠤ᠃ ᠢᠲᠡᠭᠡᠯ᠎ᠤᠨ ᠬᠦᠴᠦᠨ᠎ᠳᠤ ᠢᠷᠡᠭᠡᠳᠦᠢ ᠰᠠᠷᠠᠭᠤᠯᠵᠢᠨ᠎ᠠ ᠭᠡᠳᠡᠭ᠃ ᠨᠢᠭᠡᠳᠤᠭᠡᠷ ᠣᠨ᠎ᠳᠤ ᠤᠷᠤᠪᠠᠯ ᠴᠡᠴᠡᠷᠯᠢᠭ᠎ᠲᠠᠢ ᠦᠰᠦᠳ ᠤᠨᠳᠤᠤ ᠪᠠᠢᠵᠤ᠂ ᠲᠠᠪᠤᠨ ᠡᠳᠦᠷ ᠲᠠᠷᠠᠭᠠᠯᠠᠨ ᠬᠢᠴᠢᠶᠡᠯ ᠤᠷᠤᠬᠤ᠂ ᠲᠠᠰᠭᠠᠯ ᠲᠠᠭᠠᠭᠠᠯᠭᠠᠪᠤᠷᠢ ᠤᠯᠠᠱᠢᠷᠠᠬᠤᠠᠴᠠ ᠪᠣᠯᠵᠤ ᠭᠡᠤᠭᠡᠳ ᠬᠡᠰᠡᠭ ᠬᠡᠮᠵᠢᠶᠡᠨ᠎ᠤ ᠲᠠᠷᠤᠭᠠᠰᠤ᠎ᠲᠠᠢ ᠪᠣᠯᠳᠠᠭ᠃ ᠡᠨᠡ ᠦᠶᠡᠰ᠂ ᠭᠡᠷ᠎ᠤᠨ ᠠᠬᠠᠮᠠᠳ᠎ᠤᠳ ᠵᠠᠪᠠᠯ《ᠮᠢᠨᠤ ᠭᠡᠤᠭᠡᠳ ᠴᠢᠳᠠᠨ᠎ᠠ 》 ᠭᠡᠰᠡᠨ ᠢᠳᠡᠭᠡᠯ᠎ᠢ ᠰᠡᠳᠭᠢᠯ᠎ᠳᠡᠭᠡᠨ ᠪᠤᠢ ᠪᠤᠯᠭᠠᠬᠤ ᠬᠡᠷᠡᠭᠳᠡᠢ᠃
ᠵᠢᠷᠭᠤᠭ᠎ᠠ᠂ ᠴᠡᠴᠡᠷᠯᠢᠭ ᠪᠠᠭ᠎ᠠ ᠰᠤᠷᠭᠠᠭᠤᠯᠢ᠎ᠶᠢᠨ ᠵᠤᠯᠭᠠᠯᠴᠠᠭ᠎ᠠ᠃ ᠴᠡᠴᠡᠷᠯᠢᠭ᠎ᠤᠨ ᠬᠡᠤᠭᠡᠳ ᠪᠠᠭ᠎ᠠ ᠰᠤᠷᠭᠠᠭᠤᠯᠢ᠎ᠳᠤ ᠤᠷᠣᠬᠤ᠎ᠳᠠᠭᠠᠨ ᠪᠠᠭ᠎ᠠ ᠰᠤᠷᠭᠠᠭᠤᠯᠢ᠎ᠶᠢᠨ ᠬᠢᠴᠢᠶᠡᠯ᠎ᠤᠨ ᠠᠭᠤᠯᠭ᠎ᠠ᠎ᠶᠢ ᠤᠷᠢᠳᠴᠢᠯᠠᠨ ᠰᠤᠷᠬᠤ ᠴᠢᠬᠤᠯᠠᠳᠠᠢ ᠤᠤ ᠭᠡᠵᠤ ᠠᠰᠠᠭᠤᠬᠤ ᠭᠡᠷ᠎ᠤᠨ ᠠᠬᠠᠮᠠᠳ ᠤᠯᠠᠱᠢᠷᠠᠵᠤ ᠡᠬᠢᠯᠡᠯ᠎ᠡ᠃ ᠡᠨᠡ ᠲᠤᠬᠠᠢ ᠰᠠᠨᠠᠭᠤᠯᠤᠮᠵᠢ ᠪᠣᠯ᠂ ᠪᠠᠭ᠎ᠠ ᠰᠤᠷᠭᠠᠭᠤᠯᠢ᠎ᠶᠢᠨ ᠨᠢᠭᠡᠳᠤᠭᠡᠷ ᠣᠨ᠎ᠤ ᠰᠤᠷᠬᠤ ᠠᠭᠤᠯᠭ᠎ᠠ᠎ᠪᠠᠷ ᠭᠤᠣᠯᠯᠠᠭᠰᠠᠨ ᠪᠤᠯᠪᠠᠰᠤᠷᠠᠯ᠎ᠤᠨ ᠠᠩᠭᠢ᠎ᠳᠤ ᠬᠦᠷᠭᠡᠬᠦ᠌᠎ᠶᠢ ᠲᠡᠮᠵᠢᠬᠦ᠌ ᠦᠭᠡᠢ᠂ ᠰᠠᠨᠠᠭᠠᠴᠢᠯᠠᠬᠤ ᠦᠭᠡᠢ᠃ ᠬᠠᠷᠢᠨ ᠪᠠᠭᠰᠢ᠎ᠲᠠᠢ᠎ᠪᠠᠨ ᠮᠡᠨᠳᠤᠴᠢᠯᠡᠬᠦ᠂ ᠱᠢᠷᠡᠭᠡᠨ ᠲᠡᠭᠡᠷ᠎ᠡ᠎ᠪᠠᠨ ᠲᠦᠪ ᠰᠠᠭᠤᠵᠤ ᠴᠢᠳᠠᠬᠤ᠂ ᠬᠢᠴᠢᠶᠡᠯ᠎ᠤᠨ ᠪᠡᠯᠡᠳᠭᠡᠯᠵᠢᠡᠨ ᠬᠢᠵᠦ᠍ ᠴᠢᠳᠠᠬᠤ᠂ ᠪᠠᠭᠰᠢ᠎ᠶᠢᠨ ᠠᠰᠠᠭᠤᠯᠳᠠ᠎ᠶᠢ ᠬᠠᠷᠢᠭᠤᠯᠵᠤ ᠴᠢᠳᠠᠬᠤ ᠭᠡᠬᠦ᠌ ᠮᠡᠳᠤ᠎ᠶᠢᠨ ᠰᠤᠷᠤᠯᠴᠠᠬᠤ ᠲᠠᠳᠭᠠᠯ᠎ᠤᠨ ᠬᠦᠮᠦᠵᠢᠯᠵᠢᠡᠷ ᠭᠤᠤᠯᠴᠢᠯᠠᠬ᠍ᠰᠠᠨ᠂ ᠮᠡᠳᠡᠯᠭᠡ᠎ᠶᠢᠨ ᠴᠢᠨᠠᠷᠲᠠᠢ ᠠᠭᠤᠯᠭ᠎ᠠ᠎ᠶᠢ ᠬᠠᠪᠰᠤᠷᠭᠠᠭᠰᠠᠨ ᠪᠤᠯᠪᠠᠰᠤᠷᠠᠯ᠎ᠢ ᠬᠢᠯᠭᠡᠪᠡᠯ ᠢᠯᠡᠭᠦᠦ ᠲᠤᠬᠢᠷᠠᠮᠵᠢᠳᠠᠢ ᠭᠡᠵᠦ᠍ ᠪᠤᠳᠤᠨ᠎ᠠ᠃ ᠠᠭᠤᠯᠭ᠎ᠠ ᠮᠡᠳᠡᠯᠭᠡ᠎ᠶᠢ ᠤᠷᠢᠳᠴᠢᠯᠠᠵᠤ ᠵᠢᠭᠠᠬᠤ᠎ᠨᠢ ᠬᠡᠤᠭᠡᠳ᠎ᠤᠨ ᠲᠠᠷᠤᠭᠠᠰᠤ᠎ᠶᠢ ᠬᠦᠨᠳᠦᠷᠡᠭᠦᠯᠭᠦ᠌᠂ ᠬᠡᠤᠭᠡᠳ ᠰᠤᠷᠴᠤ᠌ ᠮᠡᠳᠡᠴᠢᠭᠡᠯᠠ ᠭᠡᠳ ᠬᠢᠴᠢᠶᠡᠯ ᠲᠡᠭᠡᠷ᠎ᠡ ᠰᠡᠳᠭᠢᠯ ᠲᠦᠪᠯᠡᠷᠡᠬᠦ᠌ ᠦᠭᠡᠢ ᠪᠤᠯᠬᠤ ᠵᠡᠷᠭᠡ ᠭᠡᠰᠡᠭ ᠬᠡᠮᠵᠢᠶᠡᠨ᠎ᠤ ᠭᠡᠳᠡᠷᠭᠦ᠌ ᠨᠦᠯᠦᠭᠡ᠎ᠶᠢ ᠠᠪᠴᠢᠷᠠᠬᠤ ᠭᠡᠳ ᠪᠠᠢᠳᠠᠭ ᠪᠣᠯᠬᠤᠷ ᠡᠨᠡ ᠲᠠᠯ᠎ᠠ᠎ᠪᠠᠷ ᠠᠩᠬᠠᠷᠬᠤ᠎ᠶᠢ ᠰᠠᠨᠠᠭᠤᠯᠵᠤ ᠪᠠᠢᠨ᠎ᠠ᠃
(ᠬᠡᠰᠡᠭ ᠭᠡᠷᠡᠯ ᠵᠢᠷᠤᠭ᠎ᠢ ᠦᠪᠦᠷ ᠮᠤᠨᠭᠭᠤᠯ᠎ᠤᠨ ᠠᠨᠠᠭᠠᠬᠤ ᠤᠬᠠᠭᠠᠨ᠎ᠤ ᠶᠡᠬᠡ ᠰᠤᠷᠭᠠᠭᠤᠯᠢ ᠵᠢᠨ ᠰᠦᠯᠵᠢᠶ᠎ᠡ ᠡᠴᠡ ᠠᠪᠤᠪᠠ)
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠣᠷᠬᠢᠯ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃