ᠲᠡᠷᠢᠭᠦᠨ ᠨᠢᠭᠤᠷ>ᠰᠤᠷᠭᠠᠨ ᠬᠦᠮᠦᠵᠢᠯ >ᠲᠤᠷᠰᠢᠯᠭ᠎ᠠ᠎ᠪᠠᠨ ᠰᠣᠯᠢᠯᠴᠠᠶ᠎ᠠ

2024-08-26 16:43:55

ᠵᠣᠬᠢᠶᠠᠭ᠍ᠴᠢ᠄ ᠸᠠᠩ ᠰᠢᠶᠣᠣ ᠮᠢᠩ ᠣᠩᠱᠢᠭ᠍ᠰᠠᠨ ᠣᠳᠠᠭ᠎ᠠ᠄ 3

ᠤᠨ ᠴᠠᠬ᠎ᠤᠨ ᠴᠣᠪᠣᠭ᠎ᠠ ᠦᠷᠬᠦᠯᠵᠢᠯᠡᠵᠦ ᠨᠠᠢ᠍ᠮᠠᠲᠣᠭᠠᠷ ᠰᠠᠷ᠎ᠠ᠎ᠶᠢᠨ ᠡᠴᠦᠰ᠎ᠤᠨ ᠬᠡᠳᠦᠨ ᠡᠳᠦᠷ ᠴᠦ᠍ ᠨᠢᠭᠡᠳ ᠨᠢᠭᠡ ᠪᠡᠷ ᠶ᠋ᠢᠡᠨ ᠨᠠᠮᠣᠷ᠎ᠤᠨ ᠭᠠᠯᠠᠭᠣ ᠮᠡᠲᠦ ᠨᠢᠰᠦᠭᠡᠳ ᠣᠳᠬᠣ ᠳ᠋ᠦ ᠭᠡᠷ ᠲᠦᠬᠦᠷᠡᠩ ᠢᠨᠢᠶᠡᠲᠦ ᠬᠦᠷ ᠪᠢᠯᠬᠠᠭᠣᠯᠵᠦ᠂ ᠭᠡᠭᠡ ᠲᠠᠲᠠᠭᠣᠯᠣᠨ ᠲᠡᠷᠪᠡᠵᠦ ᠲᠣᠬᠯᠠᠬᠰᠠᠨ ᠬᠡᠦᠬᠡᠳ ᠪᠠᠭᠠᠴᠣᠳ ᠰᠢᠨ᠎ᠡ ᠰᠣᠷᠣᠯᠭ᠎ᠠ᠎ᠶᠢᠨ ᠬᠣᠭᠣᠴᠠᠭ᠎ᠠ ᠪᠠᠨ ᠣᠬᠲᠣᠯ᠎ᠠ᠃ ᠠᠯᠲᠠᠨ ᠨᠠᠮᠣᠷ ᠠᠮᠣ ᠲᠠᠷᠢᠶ᠎ᠠ ᠪᠣᠯᠪᠠᠰᠣᠷᠠᠵᠦ᠂ ᠠᠮᠵᠢᠯᠲᠠ ᠬᠣᠷᠢᠶᠠᠯᠲᠠ᠎ᠶᠢ ᠪᠡᠯᠭᠡᠳᠡᠬᠦ ᠳ᠋ᠦ ᠠᠷᠠᠳ᠎ᠤᠨ ᠰᠣᠷᠭᠠᠭᠣᠯᠢ ᠴᠦ᠍ ᠬᠡᠦᠬᠡᠳ ᠶ᠋ᠢᠡᠨ ᠣᠬᠲᠣᠵᠦ ᠬᠦᠷᠢᠶ᠎ᠡ ᠲᠦᠬᠦᠷᠡᠩ ᠬᠦᠷ ᠪᠠᠶᠠᠷ ᠶ᠋ᠢᠡᠷ ᠪᠢᠯᠬᠠᠳᠠᠭ᠃ ᠡᠢᠨ᠎ᠬᠦ ᠡᠬᠢᠯᠡᠯᠲᠡ ᠦᠷᠨᠢᠯ᠂ ᠬᠦᠰᠡᠯ ᠡᠷᠡᠮᠡᠯᠵᠡᠯ᠎ᠢ ᠠᠴᠢᠶᠠᠯᠠᠬᠰᠠᠨ ᠰᠢᠨ᠎ᠡ ᠨᠢᠭᠡᠨ ᠬᠣᠭᠣᠴᠠᠭ᠎ᠠ ᠴᠠᠭᠠᠨ᠎ᠠ ᠡᠴᠡ ᠭᠠᠷ ᠲᠠᠯᠠᠯᠣᠨ ᠢᠨᠢᠶᠡᠮᠰᠦᠭᠯᠡᠵᠦ ᠠᠢᠰᠣᠢ᠃

ᠰᠢᠨ᠎ᠡ ᠬᠣᠭᠣᠴᠠᠭ᠎ᠠ ᠪᠣᠯ ᠰᠢᠨ᠎ᠡ ᠡᠬᠢᠯᠡᠯᠲᠡ᠃ ᠰᠢᠨ᠎ᠡ ᠬᠣᠭᠣᠴᠠᠭ᠎ᠠ ᠪᠠᠨ ᠣᠬᠲᠣᠨ᠎ᠠ ᠭᠡᠬᠦ ᠪᠡᠷ ᠰᠣᠷᠣᠬᠴᠢ ᠪᠣᠯᠭᠠᠨ᠎ᠤ ᠰᠡᠳᠬᠢᠯ ᠰᠠᠨᠠᠭ᠎ᠠ ᠴᠦ᠍ ᠣᠪᠣᠯᠵᠠᠭᠠᠳ ᠰᠢᠨᠡᠷᠬᠡᠦ᠃ ᠰᠢᠨ᠎ᠡ ᠨᠣᠮ᠂ ᠰᠢᠨ᠎ᠡ ᠡᠳᠦᠷ᠂ ᠰᠢᠨ᠎ᠡ ᠣᠷᠴᠢᠨ ᠁ ᠴᠢ ᠪᠢᠳᠡᠨ᠎ᠢ ᠣᠬᠲᠣᠨ ᠬᠦᠯᠢᠶᠡᠵᠦ ᠪᠣᠢ᠃ ᠶᠡᠷᠦ ᠨᠢ ᠰᠢᠨ᠎ᠡ ᠡᠬᠢᠯᠡᠯᠳᠡ ᠭᠡᠳᠡᠭ ᠰᠢᠨ᠎ᠡ ᠬᠦᠰᠡᠯ ᠬᠦᠪᠦᠷᠡᠬᠦᠯᠦᠭᠡᠳ ᠲᠠᠩᠳᠠ ᠡᠢᠮᠦ ᠰᠠᠢᠬᠠᠨ᠃ ᠰᠢᠨ᠎ᠡ᠎ᠶᠢ ᠰᠣᠷᠴᠣ ᠡᠵᠡᠮᠰᠢᠬᠦ ᠰᠠᠨ᠂ ᠴᠢᠲᠠᠯ ᠰᠣᠷᠢᠵᠦ ᠦᠷᠢᠰᠬᠦ ᠰᠠᠨ ᠭᠡᠮᠡᠨ ᠴᠠᠬ ᠮᠦᠴᠡ ᠳ᠋ᠦ᠍ ᠬᠠᠮᠠᠷ ᠶ᠋ᠢᠡᠨ ᠲᠦᠷᠦᠯᠡᠬᠦᠯᠵᠦ ᠬᠢᠴᠢᠶᠡᠨ ᠲᠡᠮᠡᠦᠯᠦᠭᠰᠡᠭᠡᠷ ᠪᠢᠳᠡ ᠡᠳᠦᠭᠡ ᠬᠦᠷᠦᠭᠰᠡᠨ ᠪᠦᠭᠡᠳ ᠣᠬᠲᠣᠨ ᠢᠷᠡᠬᠦ ᠰᠢᠨ᠎ᠡ ᠬᠣᠭᠣᠴᠠᠭ᠎ᠠ᠎ᠳᠠᠭᠠᠨ ᠪᠠᠰᠠ ᠰᠢᠨ᠎ᠡ ᠠᠮᠵᠢᠯᠳᠠ ᠳ᠋ᠦ᠍ ᠬᠦᠷᠬᠦ᠂ ᠰᠢᠯᠢᠲᠡᠭ ᠪᠦᠲᠦᠮᠵᠢ ᠡᠬᠦᠳᠬᠦ ᠭᠡᠮᠡᠨ ᠬᠠᠲᠠᠭᠣ ᠵᠣᠷᠢᠬ᠎ᠢ ᠡᠪᠦᠷᠯᠡᠨ ᠬᠠᠨ᠎ᠠ ᠡᠰᠡᠷᠬᠦᠯᠡᠵᠦ ᠰᠢᠮᠲᠠᠬᠣ ᠳ᠋ᠦ ᠴᠠᠬ ᠬᠣᠭᠣᠴᠠᠭ᠎ᠠ ᠰᠠᠶᠢ ᠦᠵᠡᠰᠬᠦᠯᠡᠩ ᠲᠠᠢ᠂ ᠦᠨ᠎ᠡ ᠴᠡᠨ᠎ᠡ ᠲᠠᠢ ᠪᠣᠯᠵᠦ ᠬᠣᠪᠢᠷᠠᠲᠠᠬ ᠣᠴᠢᠷᠲᠠᠢ᠃

ᠮᠣᠩᠭᠣᠯ ᠠᠷᠠᠳ᠎ᠤᠨ ᠦᠭᠡᠨ ᠳ᠋ᠦ 《ᠣᠷᠣᠯᠲᠣᠪᠠᠯ ᠨᠢᠭᠡ᠎ᠶᠢ ᠰᠣᠷᠴᠣ᠂ ᠣᠷᠣᠯᠲᠣᠪᠠᠯ ᠨᠢᠭᠡ᠎ᠶᠢ ᠲᠡᠷᠢᠬᠦᠯᠡᠲᠡᠭ》 ᠭᠡᠲᠡᠭ᠃ ᠰᠢᠨ᠎ᠡ ᠬᠣᠭᠣᠴᠠᠭ᠎ᠠ ᠪᠡᠷ ᠪᠢᠳᠡ ᠪᠦᠬᠦᠨ ᠳ᠋ᠦ ᠣᠷᠣᠯᠲᠣᠬᠣ᠂ ᠲᠠᠪᠠᠬᠣ ᠪᠠ ᠪᠦᠲᠦᠭᠡᠬᠦ᠎ᠶᠢᠨ ᠪᠣᠯᠣᠮᠵᠢ ᠨᠢᠭᠡ ᠯᠡ ᠠᠲᠠᠯᠢ ᠲᠣᠬᠢᠶᠠᠨ᠎ᠠ᠃ ᠢᠩᠬᠢᠵᠦ ᠪᠣᠲᠣᠬᠣ ᠡᠴᠡ ᠦᠩᠭᠡᠷᠡᠭᠰᠡᠨ᠎ᠤ ᠬᠠᠭᠠᠰ ᠲᠣᠲᠠᠭᠣ ᠬᠠᠶᠠᠵᠦ ᠣᠷᠬᠢᠬᠰᠠᠨ ᠬᠢᠴᠢᠶᠡᠯ ᠲᠠᠭᠠᠭᠠᠯᠭᠠᠪᠣᠷᠢ ᠬᠠᠯᠠᠭᠣᠨ ᠲᠣᠲᠣᠨᠣ ᠪᠣᠲᠣᠬᠲᠠᠵᠦ᠂ ᠬᠦᠰᠡᠯ ᠮᠦᠷᠦᠭᠡᠲᠦᠯ ᠮᠠᠨᠢ ᠣᠲᠠᠵᠦ ᠲᠦᠲᠡᠯ ᠦᠭᠡᠢ ᠪᠡᠶᠡᠯᠡᠬᠦ ᠶᠣᠮ ᠰᠢᠬ ᠰᠠᠨᠠᠬᠲᠠᠵᠦ ᠰᠡᠳᠬᠢᠯ ᠳ᠋ᠦ᠍ ᠪᠠᠶᠠᠷ ᠬᠦᠷ ᠪᠢᠯᠬᠠᠨ᠎ᠠ᠃ ᠶᠡᠷᠦ ᠨᠢ ᠠᠮᠢᠲᠣᠷᠠᠯ᠎ᠤᠨ ᠨᠠᠷᠠᠨ ᠭᠠᠬᠴᠠ᠎ᠬᠦ ᠦᠷᠯᠦᠭᠡ ᠮᠠᠨᠲᠣᠲᠠᠬ ᠦᠭᠡᠢ ᠲᠣᠯᠠ ᠣᠲᠣ ᠪᠡᠷ ᠶ᠋ᠢᠡᠨ ᠠᠮᠵᠢᠵᠦ ᠰᠢᠭᠣᠳᠬᠣ ᠶᠣᠮ ᠪᠣᠯ ᠬᠡᠨ ᠴᠦ᠍ ᠭᠡᠳ ᠬᠣᠵᠢᠬᠲᠠᠵᠦ ᠬᠣᠴᠣᠷᠬᠣ ᠣᠴᠢᠷ ᠠᠯᠠᠭ᠎ᠠ᠃

ᠬᠦᠮᠦᠨ ᠪᠣᠯᠭᠠᠨ ᠰᠠᠢᠬᠠᠨ ᠳ᠋ᠦ ᠲᠣᠷᠠᠲᠠᠢ᠂ ᠲᠡᠷᠡᠴᠢᠯᠡᠨ ᠰᠠᠢᠬᠠᠨ ᠪᠣᠯᠭᠠᠨ᠎ᠤ ᠮᠦᠩᠭᠡ᠎ᠶᠢᠨ ᠴᠠᠭᠠᠳᠬᠠᠯ ᠪᠣᠯᠣᠬᠰᠠᠨ ᠰᠢᠨ᠎ᠡ ᠳ᠋ᠦ ᠨᠡᠩ ᠲᠣᠷᠠᠲᠠᠢ ᠪᠠᠢᠵᠦ᠂ ᠰᠢᠨ᠎ᠡ ᠶᠠᠭᠣᠮ᠎ᠠ ᠰᠢᠵᠢᠷ ᠬᠡᠮᠡᠲᠡᠭ᠃ ᠶᠠᠬ ᠡᠢᠮᠦ ᠡᠴᠡ ᠰᠢᠨ᠎ᠡ ᠡᠬᠢᠯᠡᠯ ᠰᠢᠭ ᠰᠠᠢᠬᠠᠨ ᠶᠠᠭᠣᠮ᠎ᠠ ᠠᠯᠠᠭ᠎ᠠ᠃ ᠰᠢᠨ᠎ᠡ ᠭᠡᠰᠡᠨ ᠦᠭᠡ᠎ᠶᠢ ᠲᠠᠭᠣᠲᠠᠵᠦ ᠣᠩᠰᠢᠬᠣ ᠳ᠋ᠦ᠍ ᠴᠦ᠍ ᠲᠣᠲᠣᠷ᠎ᠠ ᠣᠩᠭᠣᠢᠵᠦ᠂ ᠴᠢᠬᠢᠨ ᠳ᠋ᠦ᠍ ᠢᠷᠠᠭᠣ᠂ ᠰᠡᠳᠬᠢᠯ ᠳ᠋ᠦ᠍ ᠲᠣᠩᠭᠠᠯᠠᠬ ᠰᠠᠨᠠᠬᠲᠠᠨ᠎ᠠ᠃ ᠣᠷᠭᠣᠵᠦ ᠪᠠᠢᠭ᠎ᠠ ᠨᠠᠷᠠ ᠪᠣᠯᠣᠨ ᠰᠢᠩᠭᠡᠵᠦ ᠪᠠᠢᠭ᠎ᠠ ᠨᠠᠷᠠ ᠠᠭᠣᠯᠠ᠎ᠶᠢᠨ ᠲᠣᠯᠣᠭᠠᠢ ᠲᠡᠭᠡᠷ᠎ᠡ ᠪᠠᠢᠬᠣ ᠪᠡᠷ ᠶ᠋ᠢᠡᠡ᠂ ᠢᠯᠴᠢ ᠭᠡᠷᠡᠯ᠂ ᠦᠩᠭᠡ ᠵᠢᠰᠦ ᠪᠡᠷ ᠶ᠋ᠢᠡᠨ ᠣᠬᠲᠣ ᠵᠦᠷᠢᠬᠦ ᠦᠭᠡᠢ ᠠᠲᠠᠯᠢᠬᠠᠨ ᠲᠦᠷᠬᠦ ᠲᠠᠢ ᠪᠠᠢᠲᠠᠯ᠎ᠠ ᠬᠦᠮᠦᠰ ᠣᠷᠭᠣᠵᠦ ᠪᠠᠢᠭ᠎ᠠ ᠨᠠᠷᠠ᠎ᠶᠢ ᠰᠠᠢᠬᠠᠨ ᠬᠡᠮᠡᠨ ᠵᠦᠢᠷᠯᠡᠵᠦ ᠮᠠᠬᠲᠠᠬᠣ ᠲᠣᠷ᠎ᠠ ᠲᠠᠢ᠃ ᠰᠢᠨ᠎ᠡ ᠡᠳᠦᠷ᠂ ᠰᠢᠨ᠎ᠡ ᠡᠬᠢᠯᠡᠯᠲᠡ᠎ᠶᠢ ᠲᠣᠩᠬᠠᠬᠯᠠᠬᠰᠠᠨ ᠳ᠋ᠠᠭᠠᠨ ᠲᠡᠷᠡ ᠪᠣᠯᠪᠠᠣ ᠳ᠋ᠠ ⁈

ᠰᠢᠨ᠎ᠡ᠎ᠶᠢ ᠬᠦᠯᠢᠶᠡᠨ ᠠᠪᠬᠣ ᠳ᠋ᠦ ᠪᠠᠰᠠ ᠴᠠᠬ ᠬᠣᠭᠣᠴᠠᠭ᠎ᠠ ᠬᠡᠷᠡᠭᠰᠡᠨ᠎ᠡ᠃ ᠠᠩᠬ᠎ᠠ ᠰᠣᠷᠭᠠᠭᠣᠯᠢ᠎ᠶᠢᠨ ᠪᠣᠱᠣᠭ᠎ᠠ ᠠᠯᠬᠣᠵᠦ᠂ ᠠᠪᠣ ᠡᠵᠢ ᠪᠣᠯᠣᠨ ᠭᠡᠷ ᠡᠴᠡ ᠪᠠᠨ ᠰᠠᠯᠵᠦ ᠶᠠᠲᠠᠨ ᠬᠣᠷᠭᠣᠲᠠᠵᠦ᠂ ᠣᠰᠣᠨ ᠨᠢᠲᠦᠯᠡᠭᠰᠡᠨ ᠬᠡᠦᠬᠡᠳ ᠲᠦ᠍ ᠡᠷᠡᠭᠡᠯᠵᠡᠯ᠎ᠢ ᠨᠢ ᠠᠯᠲᠠᠷᠠᠭᠠᠵᠦ᠂ ᠰᠣᠷᠭᠠᠭᠣᠯᠢ᠎ᠶᠢᠨ ᠰᠢᠨ᠎ᠡ ᠣᠷᠴᠢᠨ ᠳ᠋ᠦ ᠲᠠᠰᠬᠠᠵᠦ ᠰᠢᠨᠡᠭᠡᠨ ᠲᠠᠨᠢᠯᠴᠠᠬᠰᠠᠨ ᠨᠠᠢᠵᠠ ᠨᠦᠬᠦᠳ ᠲᠠᠢ ᠪᠠᠨ ᠦᠶᠡᠷᠬᠡᠬᠦ ᠢᠲᠡᠭᠡᠯ᠎ᠢ ᠨᠢ ᠨᠡᠮᠡᠭᠲᠡᠬᠦᠯᠵᠦ᠂ ᠦᠪᠡᠰᠦᠪᠡᠨ ᠪᠡᠶ᠎ᠡ ᠪᠠᠨ ᠲᠠᠭᠠᠭᠠᠬᠣ ᠴᠢᠲᠠᠪᠣᠷᠢ᠎ᠶᠢ ᠬᠦᠮᠦᠵᠢᠬᠦᠯᠬᠦ ᠴᠠᠬ ᠵᠠᠪ ᠬᠡᠷᠡᠭ ᠲᠠᠢ᠃ ᠠᠮᠠᠷᠠᠯᠲᠠ ᠳ᠋ᠠᠭᠠᠨ ᠨᠠᠭᠠᠲᠣᠨ ᠲᠣᠬᠯᠠᠵᠦ ᠨᠠᠷᠬᠢᠵᠦ ᠲᠡᠷᠪᠡᠭᠰᠡᠨ ᠲᠡᠭᠡᠷ᠎ᠡ ᠤᠨ᠎ᠤ ᠰᠣᠷᠣᠬᠴᠢᠳ ᠲᠦ᠍ ᠪᠣᠯ ᠵᠢᠯᠣᠭᠣ᠎ᠶᠢ ᠨᠢ ᠲᠠᠲᠠᠵᠦ᠂ ᠬᠢᠴᠢᠶᠡᠯ ᠰᠣᠷᠣᠯᠭ᠎ᠠ ᠳ᠋ᠦ ᠣᠢᠷᠠᠲᠣᠭᠣᠯᠵᠦ᠂ ᠰᠢᠨ᠎ᠡ ᠬᠣᠭᠣᠴᠠᠭ᠎ᠠ ᠰᠢᠨ᠎ᠡ ᠪᠡᠷ ᠡᠬᠢᠯᠡᠨ᠎ᠡ ᠭᠡᠲᠡᠭ᠎ᠢ ᠮᠡᠳᠡᠷᠡᠬᠦᠯᠬᠦ ᠪᠣᠯ ᠴᠢᠬᠣᠯᠠ᠃

ᠰᠢᠨ᠎ᠡ ᠬᠣᠭᠣᠴᠠᠭ᠎ᠠ ᠡᠬᠢᠯᠡᠵᠦ ᠪᠠᠢᠨ᠎ᠠ᠃ ᠰᠢᠨ᠎ᠡ ᠠᠶᠠᠨ᠎ᠤ ᠭᠠᠷᠣᠭ᠎ᠠ ᠰᠢᠮᠲᠠᠵᠦ ᠴᠢᠷᠮᠠᠢᠬᠣ᠎ᠶᠢ ᠬᠦᠰᠡᠨ ᠣᠷᠠᠢᠯᠠᠵᠦ ᠪᠣᠢ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面