ᠲᠡᠷᠢᠭᠦᠨ ᠨᠢᠭᠤᠷ>ᠰᠤᠷᠭᠠᠨ ᠬᠦᠮᠦᠵᠢᠯ >ᠲᠤᠷᠰᠢᠯᠭ᠎ᠠ᠎ᠪᠠᠨ ᠰᠣᠯᠢᠯᠴᠠᠶ᠎ᠠ

2024-09-23 14:57:32

ᠵᠣᠬᠢᠶᠠᠭ᠍ᠴᠢ᠄ ᠦᠷᠴᠠᠢᠬᠤ ᠣᠩᠱᠢᠭ᠍ᠰᠠᠨ ᠣᠳᠠᠭ᠎ᠠ᠄ 3

ᠢᠳᠡᠭᠡᠨ ᠤ᠋ ᠰᠤᠩᠭᠤᠯᠳᠠ ᠤᠯᠠᠨ ᠪᠤᠯᠤᠬᠰᠠᠨ ᠴᠦ᠍ ᠪᠤᠯᠪᠠ ᠦᠦ ? ᠳᠤᠳᠠᠵᠤ ᠳᠤᠨᠳᠠᠷᠠᠵᠤ ᠪᠠᠢᠬᠰᠠᠨ ᠦᠭᠡᠢ ᠡᠴᠡ ᠴᠦ᠍ ᠪᠤᠯᠪᠠ ᠦᠦ ? ᠤᠳᠤ ᠵᠢᠨ ᠤᠯᠠᠨ ᠬᠡᠦᠬᠡᠳ ᠪᠠᠭᠠᠴᠤᠳ ᠢᠳᠡᠭᠡᠨ ᠤᠮᠳᠠᠭᠠᠨ ᠵᠢᠠᠨ ᠠᠰᠬᠠᠵᠤ ᠴᠢᠳᠬᠤᠬᠤ᠂ ᠨᠡᠩ ᠴᠢᠨᠠᠬᠰᠢᠯᠠᠨ ᠵᠤᠷᠢᠭᠤᠳᠠ ᠨᠠᠭᠠᠳᠴᠤ ᠪᠦᠷᠢᠯᠭᠡᠬᠦ ᠦᠵᠡᠭᠳᠡᠯ ᠢ᠋ ᠬᠤᠳᠠ ᠬᠦᠳᠡᠭᠡ ᠦᠭᠡᠢ ᠤᠯᠠᠨ ᠬᠠᠷᠠᠯ᠎ᠠ᠃ ᠬᠠᠵᠠᠭᠤ ᠳ᠋ᠤᠨᠢ ᠰᠠᠭᠤᠬᠰᠠᠨ ᠠᠪᠤ ᠡᠵᠢ᠂ ᠬᠠᠳᠠᠭᠤᠬᠠᠨ ᠦᠶ᠎ᠡ ᠵᠢ ᠲᠤᠭᠤᠯᠵᠤ ᠢᠷᠡᠭᠰᠡᠨ ᠡᠪᠦᠭᠡ ᠡᠮᠡᠭᠡ ᠨᠢ ᠴᠦ᠍ ᠭᠡᠰᠡᠨ ᠡᠩᠬᠦᠷᠡᠢᠯᠡᠵᠤ ᠬᠠᠢᠷᠠᠯᠠᠬᠤ ᠵᠢᠨ ᠡᠷᠬᠡᠨ ᠳ᠋ᠦ ᠦᠩᠭᠡ ᠵᠢᠨ ᠳᠡᠳᠦᠢ ᠬᠠᠰᠢᠬᠰᠠᠨ ᠦᠭᠡ ᠶᠠᠷᠢᠭᠠᠳ ᠯᠠ ᠦᠩᠭᠡᠷᠡᠬᠦ ᠨᠢ ᠬᠠᠴᠢᠨ ᠪᠢᠯᠡ᠃

ᠠᠮᠢᠳᠤᠷᠠᠯ ᠰᠠᠢᠵᠢᠷᠠᠵᠤ᠂ ᠨᠡᠢᠭᠡᠮ ᠬᠦᠭᠵᠢᠬᠦ ᠵᠢ ᠳᠠᠭᠠᠯᠳᠤᠨ ᠡᠳ᠋ ᠪᠤᠳᠠᠰ ᠬᠤᠮᠰᠠᠳᠠᠬᠤ ᠵᠢ ᠮᠡᠳᠡᠬᠦ ᠦᠭᠡᠢ ᠪᠤᠯᠤᠬᠰᠠᠨ ᠡᠴᠡ ᠤᠳᠤ ᠵᠢᠨ ᠬᠡᠦᠬᠡᠳ ᠪᠠᠭᠠᠴᠤᠳ ᠠᠷᠪᠢᠯᠠᠨ ᠭᠠᠮᠨᠠᠬᠤ ᠵᠢᠨ ᠲᠤᠬᠠᠢ ᠤᠬᠠᠮᠰᠠᠷ ᠳᠤᠳᠠᠮᠠᠭ ᠪᠠᠢᠨ᠎ᠠ᠃ ᠠᠶᠠᠭᠠᠨ ᠳ᠋ᠠᠭᠠᠨ ᠪᠤᠳᠠᠭ᠎ᠠ ᠦᠯᠡᠳᠡᠭᠡᠬᠦ ᠨᠢ ᠪᠤᠶᠠᠨ ᠵᠢᠠᠨ ᠦᠯᠡᠳᠡᠭᠡᠵᠤ ᠪᠠᠢᠬᠤ ᠶᠠᠪᠤᠳᠠᠯ᠂ ᠰᠦ ᠰᠠᠭᠠᠯᠢ ᠵᠢ ᠠᠰᠬᠠᠵᠤ ᠴᠢᠳᠬᠤᠬᠤ ᠨᠢ ᠮᠠᠭᠤ ᠢᠷᠸ᠎ᠠ ᠭᠡᠳᠡᠭᠴᠢᠯᠡᠨ ᠮᠠᠨᠠᠢᠬᠢᠨ ᠡᠷᠳᠡ ᠳᠡᠭᠡᠳᠦ ᠡᠴᠡ ᠡᠬᠢᠯᠡᠨ ᠠᠷᠪᠢᠯᠠᠨ ᠭᠠᠮᠨᠠᠬᠤ ᠵᠢᠨ ᠴᠢᠬᠤᠯᠠ ᠴᠢᠨᠠᠷ ᠢ᠋ ᠴᠡᠭᠡᠷ ᠶᠤᠰᠤ᠂ ᠭᠡᠷ ᠤ᠋ᠨ ᠰᠤᠷᠭᠠᠯ ᠵᠢᠡᠷ ᠦᠶ᠎ᠡ ᠳᠠᠮᠵᠢᠨ ᠤᠯᠠᠮᠵᠢᠯᠠᠵᠤ ᠢᠷᠡᠭᠰᠡᠨ ᠶᠤᠮ ᠃

ᠠᠷᠪᠢᠯᠠᠨ ᠭᠠᠮᠨᠠᠬᠤ ᠭᠡᠭᠴᠢ ᠪᠠᠶᠠᠨ ᠶᠠᠳᠠᠭᠤ ᠵᠢᠨ ᠢᠯᠭᠠᠭ᠎ᠠ ᠦᠭᠡᠢ᠂ ᠪᠠᠢᠬᠤ ᠪᠠ ᠦᠭᠡᠢ ᠵᠢᠨ ᠪᠠᠢᠳᠠᠯ ᠬᠤᠪᠢᠶᠠᠬᠤ ᠦᠭᠡᠢ ᠪᠦᠬᠦᠳᠡᠭᠡᠷ᠎ᠢᠶᠡᠨ ᠡᠷᠬᠢᠮᠨᠡᠨ ᠳᠡᠭᠡᠳᠦᠯᠡᠪᠡᠯ ᠵᠤᠬᠢᠬᠤ ᠵᠠᠩ ᠳᠠᠳᠬᠠᠯ ᠶᠤᠮ᠃ ᠭᠠᠬᠴᠠ ᠨᠦᠬᠦᠴᠡᠯ ᠲᠠᠢ ᠨᠦᠬᠦᠴᠡᠯ ᠦᠭᠡᠢ ᠵᠢᠨ ᠢᠪᠴᠤᠤ ᠬᠠᠷᠠᠭᠠᠰᠤ ᠡᠴᠡ ᠠᠷᠪᠢᠯᠠᠬᠤ ᠵᠢᠨ ᠴᠢᠬᠤᠯᠠ ᠵᠢ ᠬᠠᠷᠠᠵᠤ ᠪᠤᠯᠬᠤ ᠦᠭᠡᠢ᠂ ᠬᠠᠷᠢᠨ ᠡᠬᠢ ᠪᠠᠶᠠᠯᠢᠭ᠂ ᠡᠷᠬᠢᠮ ᠤᠬᠠᠮᠰᠠᠷ᠂ ᠤᠷᠴᠢᠨ ᠲᠤᠭᠤᠷᠢᠨ᠂ ᠤᠷᠴᠢᠯ ᠠᠰᠢᠬᠯᠠᠯᠳᠠ᠂ ᠦᠷᠭᠦᠯᠵᠢᠯᠡᠬᠦ ᠬᠦᠭᠵᠢᠯᠳᠡ᠂ ᠦᠷᠳᠡᠭ ᠤ᠋ᠨ ᠦᠵᠡᠯᠳᠡ ᠵᠡᠷᠭᠡ ᠡᠴᠡ ᠠᠷᠪᠢᠯᠠᠨ ᠭᠠᠮᠨᠠᠬᠤ ᠵᠢ ᠵᠦᠪ ᠵᠢᠡᠷ ᠳᠠᠨᠢᠵᠤ᠂ ᠴᠢᠬᠤᠯᠠᠴᠢᠯᠠᠨ ᠦᠵᠡᠬᠦ ᠶᠤᠰᠤᠳᠠᠢ ᠃

ᠬᠡᠦᠬᠡᠳ ᠪᠠᠭᠠᠴᠤᠳ ᠤ᠋ᠨ ᠠᠷᠪᠢᠯᠠᠨ ᠭᠠᠮᠨᠠᠬᠤ ᠵᠠᠩ ᠳᠠᠳᠬᠠᠯ ᠢ᠋ ᠬᠦᠮᠦᠵᠢᠬᠦᠯᠬᠦ ᠳ᠋ᠦ᠂ ᠶᠠᠭᠤᠨ ᠤ᠋ ᠡᠮᠦᠨ᠎ᠡ ᠭᠡᠷ ᠤ᠋ᠨ ᠠᠬᠠᠮᠠᠳ ᠪᠤᠯᠤᠬᠰᠠᠳ ᠦᠪᠡᠷ ᠤ᠋ᠨ ᠪᠡᠶ᠎ᠡ ᠪᠡᠷ ᠵᠢᠠᠨ ᠳᠠᠭᠤᠷᠢᠶᠠᠯ ᠪᠤᠯᠬᠤ ᠨᠢ ᠴᠢᠬᠤᠯᠠ᠃ ᠬᠡᠯᠡᠬᠦ ᠡᠴᠡ ᠬᠢᠬᠦ ᠨᠢ ᠦᠨ᠎ᠡ ᠲᠠᠢ ᠭᠡᠵᠤ ᠬᠡᠯᠡᠳᠡᠭ ᠰᠢᠭ ᠵᠢᠡᠷ ᠬᠡᠯᠡᠵᠤ ᠰᠤᠷᠭᠠᠬᠤ ᠵᠢᠨ ᠤᠷᠤᠨ ᠳ᠋ᠦ ᠪᠡᠶ᠎ᠡ ᠪᠡᠷ ᠵᠢᠠᠨ ᠬᠢᠵᠤ ᠦᠵᠡᠭᠦᠯᠬᠦ ᠨᠢ ᠨᠡᠩ ᠢᠯᠡᠭᠦᠦ ᠨᠦᠯᠦᠭᠡᠯᠡᠬᠦ ᠬᠦᠴᠦᠨ ᠲᠠᠢ᠃ ᠭᠡᠷ ᠤ᠋ᠨ ᠠᠬᠠᠮᠠᠳ ᠡᠳᠦᠷ ᠳᠤᠳᠤᠮ ᠤ᠋ᠨ ᠠᠮᠢᠳᠤᠷᠠᠯ ᠳᠤᠮᠳᠠ ᠪᠠᠨ ᠠᠷᠪᠢᠯᠠᠨ ᠭᠠᠮᠨᠠᠬᠤ ᠵᠢ ᠡᠷᠬᠢᠮᠨᠡᠨ ᠳᠡᠭᠡᠳᠦᠯᠡᠵᠤ᠂ ᠢᠳᠡᠵᠤ ᠤᠤᠭᠤᠬᠤ ᠶᠠᠪᠤᠵᠤ ᠰᠠᠭᠤᠬᠤ ᠡᠴᠡ ᠡᠬᠢᠯᠡᠨ ᠪᠦᠷᠢᠯᠭᠡᠵᠤ ᠰᠦᠢᠳᠭᠡᠬᠦ ᠵᠢ ᠴᠡᠭᠡᠷᠯᠡᠨ᠂ ᠡᠭᠦᠨ ᠤ᠋ ᠤᠯᠠᠮ ᠵᠢᠡᠷ ᠪᠠᠰᠠ ᠭᠡᠷ ᠪᠦᠯᠢ ᠵᠢᠨ ᠤᠷᠤᠯᠭ᠎ᠠ ᠵᠠᠷᠤᠯᠭ᠎ᠠ ᠪᠠᠨ ᠲᠦᠯᠦᠪᠯᠡᠨ ᠬᠡᠦᠬᠡᠳ ᠪᠠᠭᠠᠴᠤᠳ ᠲᠦ᠍ ᠤᠷᠤᠯᠭ᠎ᠠ ᠵᠠᠷᠤᠯᠭ᠎ᠠ ᠵᠢᠨ ᠲᠦᠯᠦᠪᠯᠡᠭᠡ ᠵᠢᠨ ᠴᠢᠬᠤᠯᠠ ᠴᠢᠨᠠᠷ ᠢ᠋ ᠳᠠᠨᠢᠭᠤᠯᠤᠨ ᠮᠡᠳᠡᠭᠦᠯᠵᠤ᠂ ᠠᠷᠪᠢᠯᠠᠨ ᠭᠠᠮᠨᠠᠬᠤ ᠡᠷᠬᠢᠮ ᠰᠤᠷᠳᠠᠯ ᠪᠠ ᠵᠦᠪ ᠬᠡᠷᠡᠭᠯᠡᠭᠡᠨ ᠤ᠋ ᠦᠵᠡᠯᠲᠡ ᠵᠢ ᠪᠦᠷᠢᠯᠳᠦᠬᠦᠯᠬᠦ ᠵᠢ ᠠᠭᠢᠭᠤᠯᠵᠤ ᠪᠤᠯᠤᠨ᠎ᠠ ᠃

ᠳᠠᠷᠠᠭ᠎ᠠ ᠨᠢ ᠰᠢᠨᠵᠢᠯᠡᠬᠦ ᠤᠬᠠᠭᠠᠨ ᠤ᠋ ᠤᠷᠳᠤᠨ᠂ ᠮᠦᠽᠸᠢ᠂ ᠴᠢᠨᠠᠭᠰᠢᠯᠠᠨ ᠲᠠᠷᠢᠶᠠᠨ ᠭᠠᠵᠠᠷ᠂ ᠮᠠᠯ᠎ᠤᠨ ᠪᠡᠯᠴᠢᠭᠡᠷ ᠵᠡᠷᠭᠡ ᠪᠡᠷ ᠳᠠᠭᠠᠭᠠᠤᠯᠤᠨ ᠲᠤᠭᠤᠷᠢᠬᠤ ᠪᠤᠶᠤ ᠨᠤᠮ ᠰᠡᠳᠬᠦᠯ᠂ ᠲᠸᠯᠸᠢᠰ ᠰᠦᠯᠵᠢᠶ᠎ᠡ ᠪᠡᠷ ᠳᠠᠮᠵᠢᠨ ᠡᠬᠢ ᠪᠠᠶᠠᠯᠢᠭ ᠢ᠋ ᠠᠷᠪᠢᠯᠠᠬᠤ ᠵᠢᠨ ᠴᠢᠬᠤᠯᠠ ᠴᠢᠨᠠᠷ ᠤ᠋ᠨ ᠲᠤᠬᠠᠢ ᠨᠡᠩ ᠠᠮᠢᠳᠤᠯᠢᠭ ᠤᠢᠯᠠᠭᠠᠭᠤᠯᠵᠤ᠂ ᠡᠬᠢ ᠪᠠᠶᠠᠯᠢᠭ ᠢ᠋ ᠠᠷᠪᠢᠯᠠᠨ ᠭᠠᠮᠨᠠᠵᠤ᠂ ᠤᠷᠴᠢᠨ ᠲᠤᠭᠤᠷᠢᠨ ᠵᠢᠠᠨ ᠬᠠᠮᠠᠭᠠᠯᠠᠬᠤ ᠳ᠋ᠦ ᠦᠪᠡᠷ ᠤ᠋ᠨ ᠪᠡᠶ᠎ᠡ ᠡᠴᠡ ᠭᠠᠷᠳᠠᠨ ᠬᠢᠬᠦ ᠵᠢ ᠳᠠᠨᠢᠭᠤᠯᠵᠤ ᠪᠤᠯᠤᠨ᠎ᠠ᠃ ᠡᠢᠨ ᠬᠦ᠌ ᠦᠨᠳᠦᠰᠦᠨ ᠤᠢᠯᠠᠭᠠᠯᠳᠠ ᠲᠠᠢ ᠪᠤᠯᠤᠬᠰᠠᠨ ᠰᠠᠭᠤᠷᠢᠨ ᠳᠡᠭᠡᠷ᠎ᠡ᠂ ᠭᠡᠷ ᠪᠦᠯᠢ ᠪᠡᠷ ᠵᠢᠠᠨ ᠬᠠᠷᠢᠯᠴᠠᠨ ᠬᠢᠨᠠᠯᠳᠠ ᠳᠠᠯᠪᠢᠵᠤ᠂ ᠬᠦᠬᠢᠬᠦᠯᠦᠨ ᠤᠷᠮᠠᠰᠢᠭᠤᠯᠵᠤ᠂ ᠰᠢᠭᠦᠮᠵᠢᠯᠡᠨ ᠪᠤᠷᠤᠭᠤᠰᠢᠶᠠᠬᠤ ᠵᠢ ᠬᠠᠪᠰᠤᠷᠭᠠᠨ ᠠᠷᠪᠢᠯᠠᠬᠤ ᠠᠵᠢᠯᠯᠠᠭ᠎ᠠ ᠵᠢ ᠡᠳᠦᠷ ᠳᠤᠳᠤᠮ ᠤ᠋ᠨ ᠠᠮᠢᠳᠤᠷᠠᠯ ᠳ᠋ᠠᠭᠠᠨ ᠦᠷᠭᠦᠯᠵᠢᠯᠡᠨ ᠪᠠᠷᠢᠮᠳᠠᠯᠠᠨ ᠬᠢᠵᠤ᠂ ᠭᠡᠷ ᠪᠦᠯᠢ ᠵᠢᠨ ᠬᠦᠮᠦᠵᠢᠯ ᠤ᠋ᠨ ᠴᠢᠬᠤᠯᠠ ᠠᠭᠤᠯᠭ᠎ᠠ ᠪᠤᠯᠭᠠᠨ ᠪᠦᠬᠦᠳᠡᠭᠡᠷ ᠵᠢᠠᠨ ᠤᠷᠤᠯᠴᠠᠵᠤ ᠲᠤᠭᠤᠰᠢᠯᠠᠭᠤᠯᠵᠤ ᠪᠤᠯᠤᠨ᠎ᠠ᠃ ᠢᠩᠬᠢᠪᠡᠯ ᠬᠡᠦᠬᠡᠳ ᠤ᠋ᠨ ᠠᠷᠪᠢᠯᠠᠨ ᠭᠠᠮᠨᠠᠬᠤ ᠵᠠᠩ ᠴᠢᠨᠠᠷ ᠢ᠋ ᠨᠡᠩ ᠬᠢᠯᠪᠡᠷ ᠵᠢᠡᠷ ᠬᠦᠮᠦᠵᠢᠬᠦᠯᠵᠤ ᠴᠢᠳᠠᠨ᠎ᠠ᠃

《ᠬᠦᠮᠦᠨ ᠪᠤᠯᠬᠤ ᠪᠠᠭ᠎ᠠ ᠡᠴᠡ ᠪᠠᠨ᠂ ᠬᠦᠯᠦᠭ ᠪᠤᠯᠬᠤ ᠤᠨᠠᠭᠠᠨ ᠡᠴᠡ ᠪᠠᠨ 》 ᠭᠡᠳᠡᠭ ᠵᠢᠡᠷ ᠬᠡᠦᠬᠡᠳ ᠪᠠᠭ᠎ᠠ ᠤᠬᠠᠭᠠᠨ ᠰᠠᠭᠤᠬᠤ ᠪᠤᠯᠤᠭ᠎ᠠ ᠦᠭᠡᠢ ᠭᠡᠵᠤ ᠤᠬᠤᠷᠢᠵᠤ ᠤᠷᠬᠢᠵᠤ ᠠᠷᠪᠢᠯᠠᠨ ᠭᠠᠮᠨᠠᠬᠤ ᠵᠢᠨ ᠲᠤᠬᠠᠢ ᠭᠡᠷ ᠪᠦᠯᠢ ᠵᠢᠨ ᠬᠦᠮᠦᠵᠢᠯ ᠢ᠋ ᠤᠮᠳᠤᠭᠠᠢᠯᠠᠵᠤ ᠬᠦᠩᠭᠡᠪᠴᠢᠯᠡᠵᠤ ᠶᠠᠭᠠᠬᠢᠬᠰᠠᠨ ᠴᠦ᠍ ᠪᠤᠯᠬᠤ ᠦᠭᠡᠢ᠃ 《ᠰᠤᠷᠤᠬᠰᠠᠨ ᠵᠠᠩ ᠢ᠋ ᠰᠤᠷ ᠵᠢᠡᠷ ᠪᠤᠭᠤᠵᠤ ᠴᠢᠳᠠᠬᠤ ᠦᠭᠡᠢ》 ᠭᠡᠵᠤ ᠭᠡᠷ ᠤ᠋ᠨ ᠠᠬᠠᠮᠠᠳ ᠦᠪᠡᠷ ᠢ᠋ ᠪᠠᠨ ᠠᠩᠬᠠᠷᠬᠤ ᠦᠭᠡᠢ ᠪᠠᠢᠵᠤ ᠨᠡᠩ ᠴᠦ᠍ ᠪᠤᠯᠬᠤ ᠦᠭᠡᠢ ᠶᠤᠮ᠃ ᠠᠷᠪᠢᠯᠠᠬᠤ ᠵᠢ ᠠᠮᠠᠰᠠᠷ ᠡᠴᠡ ᠨᠢ᠂ ᠠᠷᠪᠢᠯᠠᠬᠤ ᠵᠢ ᠤᠳᠤ ᠡᠴᠡ᠂ ᠠᠷᠪᠢᠯᠠᠬᠤ ᠵᠢ ᠪᠡᠶ᠎ᠡ ᠡᠴᠡ ᠪᠠᠨ ᠡᠬᠢᠯᠡᠨ ᠡᠷᠬᠢᠮᠨᠡᠵᠤ᠂ ᠬᠡᠦᠬᠡᠳ ᠪᠠᠭᠠᠴᠤᠳ ᠲᠠᠭᠠᠨ ᠤᠯᠠᠮᠵᠢᠯᠠᠨ ᠵᠢᠭᠠᠵᠤ ᠪᠠᠢᠶ᠎ᠠ !

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠮᠦᠩᠭᠦᠨᠬᠤᠸᠠᠷ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面