2025-02-24 16:50:52
ᠴᠠᠭᠠᠨ ᠰᠠᠷᠠ ᠦᠩᠭᠡᠷᠡᠵᠦ ᠬᠠᠪᠣᠷᠤᠨ ᠣᠷᠢᠨ ᠨᠠᠭᠠᠰᠢᠯᠠᠬᠣ ᠪᠡᠷ ᠰᠢᠨᠡ ᠰᠣᠷᠣᠯᠭᠠᠶᠢᠨ ᠬᠣᠭᠣᠴᠠᠭᠠ ᠴᠦ᠍ ᠡᠬᠢᠯᠡᠯᠡ᠃ ᠢᠯᠦᠮ ᠵᠢᠯᠣᠮ ᠪᠠᠢᠬᠰᠠᠨ ᠰᠣᠷᠭᠠᠭᠣᠯᠢᠶᠢᠨ ᠬᠦᠷᠢᠶᠡ ᠲᠦᠲᠡᠬᠡᠨ ᠵᠠᠭᠣᠷᠠ ᠨᠣᠮ ᠣᠩᠰᠢᠯᠭᠠᠶᠢᠨ ᠲᠠᠭᠣᠨ ᠪᠣᠯᠣᠨ ᠨᠠᠷᠬᠢᠯᠲᠣᠨ ᠬᠦᠭᠡᠷᠡᠯᠲᠦᠬᠦ ᠬᠦᠷ ᠪᠠᠶᠠᠷ ᠶ᠋ᠢᠡᠷ ᠴᠠᠯᠬᠢᠯᠠᠬᠣ ᠨᠢ ᠲᠡᠷᠡ᠃
ᠠᠮᠠᠷᠠᠯᠲᠠᠶᠢᠨ ᠴᠢᠯᠦᠭᠡᠨ ᠳ᠋ᠦ ᠠᠯᠢᠶᠠᠯᠠᠵᠦ ᠲᠣᠬᠯᠠᠨ᠂ ᠠᠢᠯᠰᠠᠵᠦ ᠲᠣᠭᠣᠷᠢᠨ ᠲᠠᠪᠠᠲᠠᠢ ᠲᠣᠬᠠᠲᠠᠢ ᠦᠩᠭᠡᠷᠡᠬᠦᠯᠦᠭᠰᠡᠨ ᠠᠢᠯᠤᠨ ᠡᠷᠬᠡ ᠵᠢᠭᠠᠯᠤ᠋ᠤᠨ ᠠᠩᠬᠢᠶᠢᠨ ᠭᠡᠷ ᠲᠡᠭᠡᠨ ᠪᠣᠴᠠᠵᠦ᠂ ᠰᠣᠷᠣᠨᠠ ᠮᠡᠳᠡᠨᠡ ᠭᠡᠵᠦ ᠶᠠᠭᠠᠷᠠᠵᠦ ᠮᠣᠩᠭᠠᠨᠢᠬᠣ ᠨᠢ ᠶᠠᠭᠣᠲᠠᠢ ᠪᠠᠶᠠᠷ᠂ ᠶᠠᠮᠠᠷ ᠶᠡᠬᠡ ᠵᠢᠷᠭᠠᠯᠲᠠᠢ ! ᠭᠡᠬᠦ ᠳ᠋ᠡᠭᠡᠨ ᠬᠡᠦᠬᠡᠳᠤᠨ ᠪᠡᠶᠡ ᠰᠡᠳᠬᠢᠯᠢ ᠠᠮᠠᠷᠠᠯᠲᠠ ᠴᠢᠯᠦᠭᠡ ᠡᠴᠡ ᠬᠢᠴᠢᠶᠡᠯ ᠰᠣᠷᠣᠯᠭᠠ ᠲᠠᠢᠰᠢ ᠵᠢᠯᠣᠭᠣᠶᠢ ᠨᠢ ᠲᠠᠲᠠᠵᠦ ᠣᠢᠷᠠᠲᠣᠭᠣᠯᠬᠣ ᠭᠡᠵᠦ ᠴᠣᠬᠣᠮ ᠠᠲᠠᠷ ᠬᠡᠭᠡᠷᠡ ᠪᠡᠷ ᠴᠢᠯᠦᠭᠡᠲᠡᠢ ᠲᠠᠪᠬᠢᠵᠦ ᠪᠠᠢᠬᠰᠠᠨ ᠵᠡᠭᠡᠷᠡ ᠬᠦᠷᠦᠭᠡᠰᠦᠶᠢ ᠠᠢᠯᠤᠨ ᠬᠠᠰᠢᠶᠠᠨ ᠳ᠋ᠦ ᠬᠣᠷᠢᠬᠣ ᠭᠡᠲᠡᠭ ᠲᠠᠢ ᠦᠭᠡᠷᠡ ᠶᠠᠭᠣᠨ ? ᠠᠮᠠᠷᠠᠯᠲᠠ ᠡᠴᠡ ᠪᠠᠨ ᠰᠣᠷᠣᠯᠭᠠ ᠲᠡᠢᠰᠢ ᠰᠢᠯᠵᠢᠬᠦ ᠳ᠋ᠦ ᠨᠠᠭᠠᠲᠣ ᠵᠠᠬᠠ ᠳ᠋ᠠᠭᠠᠨ ᠣᠨᠲᠠᠵᠦ ᠠᠮᠠᠷᠠᠬᠣ ᠴᠠᠬ᠂ ᠡᠳᠦᠷ ᠲᠣᠲᠣᠮᠤᠨ ᠠᠮᠢᠲᠣᠷᠠᠯᠤᠨ ᠲᠠᠳᠬᠠᠯ᠂ ᠣᠪᠣᠷ ᠰᠡᠳᠬᠢᠴᠡ ᠵᠡᠷᠭᠡ ᠣᠯᠠᠨ ᠲᠠᠯᠠ ᠪᠡᠷ ᠦᠪᠡᠷᠢ ᠪᠠᠨ ᠲᠣᠬᠢᠷᠠᠭᠣᠯᠬᠣ ᠱᠠᠭᠠᠷᠲᠠᠯᠭᠠ ᠭᠠᠷᠣᠨᠠ᠃ ᠡᠢᠨᠬᠦ ᠬᠡᠦᠬᠡᠳ ᠬᠡᠰᠡᠭ ᠬᠣᠭᠣᠴᠠᠭᠠ ᠰᠣᠷᠭᠠᠭᠣᠯᠢᠶᠢᠨ ᠠᠮᠢᠲᠣᠷᠠᠯ ᠳ᠋ᠦ ᠲᠠᠳᠬᠣ ᠦᠭᠡᠢ᠂ ᠡᠷᠡᠭᠡᠯᠵᠡᠵᠦ ᠲᠦᠲᠡᠭᠡᠯᠵᠡᠬᠦ᠂ ᠠᠩᠬᠠᠷᠣᠯ ᠲᠦᠪᠯᠡᠷᠡᠬᠦ ᠦᠭᠡᠢ ᠪᠠᠢᠲᠠᠯ ᠭᠠᠷᠬᠣ ᠨᠢ ᠮᠡᠳᠡᠭᠡᠵᠢ ᠬᠡᠷᠡᠭ ᠪᠢᠯᠡ᠃ ᠲᠡᠷᠡᠴᠢᠯᠡᠨ ᠬᠡᠦᠬᠡᠳᠢ ᠪᠣᠣ ᠬᠡᠯᠡ᠂ ᠲᠣᠮᠣᠴᠣᠣᠯ ᠴᠦ᠍ ᠨᠢᠭᠡ ᠵᠦᠢᠯᠤᠨ ᠠᠮᠢᠲᠣᠷᠠᠯᠤᠨ ᠬᠡᠪᠰᠢᠯ ᠡᠴᠡ ᠦᠭᠡᠷᠡ ᠨᠢᠭᠡ ᠪᠠᠢᠳᠠᠯ ᠳ᠋ᠦ ᠰᠢᠯᠵᠢᠬᠦ ᠦᠶᠡᠰ ᠲᠠᠳᠣᠯ ᠵᠣᠷᠰᠢᠯ ᠪᠣᠶᠣ ᠰᠡᠳᠬᠢᠴᠡᠶᠢᠨ ᠲᠠᠯᠠ ᠪᠡᠷ ᠦᠯᠦ ᠮᠡᠳᠡᠭᠲᠡᠮᠡ ᠬᠡᠯᠪᠡᠯᠵᠡᠯ ᠡᠬᠦᠰᠲᠡᠭ ᠶᠣᠮ᠃ ᠢᠩᠬᠢᠬᠦ ᠳ᠋ᠡᠭᠡᠨ ᠰᠢᠨᠡ ᠰᠣᠷᠣᠯᠭᠠᠶᠢᠨ ᠬᠣᠭᠣᠴᠠᠭᠠ ᠡᠬᠢᠯᠡᠬᠦ ᠪᠡᠷ ᠬᠡᠦᠬᠡᠳᠤᠨ ᠠᠮᠢᠲᠣᠷᠠᠯᠤᠨ ᠵᠣᠷᠰᠢᠯᠢ ᠬᠢᠴᠢᠶᠡᠯ ᠰᠣᠷᠣᠯᠭᠠ ᠳ᠋ᠦ ᠲᠠᠲᠠᠵᠦ᠂ ᠰᠣᠷᠣᠯᠭᠠ ᠠᠮᠢᠲᠣᠷᠠᠯᠢ ᠡᠪᠲᠡᠢ ᠲᠣᠬᠢᠷᠠᠭᠣᠯᠬᠣ ᠪᠣᠯ ᠭᠡᠷᠤᠨ ᠠᠬᠠᠮᠠᠳ ᠬᠢᠭᠡᠳ ᠪᠠᠬᠰᠢ ᠨᠠᠷᠤᠨ ᠡᠩ ᠲᠡᠷᠢᠬᠦᠨᠤ ᠴᠢᠬᠣᠯᠠ ᠡᠬᠦᠷᠭᠡ ᠪᠣᠯᠬᠣ ᠶᠣᠮ᠃
ᠰᠣᠷᠭᠠᠨ ᠬᠦᠮᠦᠵᠢᠯ ᠳ᠋ᠦ ᠶᠡᠷᠦ ᠡᠴᠡ ᠵᠢᠵᠢᠭ ᠶᠠᠪᠣᠲᠠᠯ ᠭᠡᠵᠦ ᠪᠠᠢᠲᠠᠬ ᠦᠭᠡᠢ᠂ ᠰᠣᠷᠭᠠᠨ ᠬᠦᠮᠦᠵᠢᠯᠤᠨ ᠪᠦᠬᠦ ᠶᠠᠪᠣᠴᠠ ᠨᠢ ᠪᠦᠷ ᠯᠡ ᠲᠣᠮᠣ ᠶᠠᠪᠣᠲᠠᠯ ᠪᠠᠢᠵᠦ ᠲᠠᠭᠠᠷᠠᠨᠠ ᠭᠡᠵᠦ ᠠᠯᠢ ᠨᠢᠭᠡ ᠡᠷᠳᠡᠮᠲᠡᠨ ᠬᠡᠯᠡᠭᠰᠡᠨ ᠶᠣᠮ᠃ ᠰᠢᠨᠡ ᠰᠣᠷᠣᠯᠭᠠᠶᠢᠨ ᠬᠣᠭᠣᠴᠠᠭᠠ ᠳ᠋ᠦ ᠬᠡᠦᠬᠡᠳᠤᠨ ᠪᠡᠶᠡ ᠪᠠᠨ ᠲᠠᠭᠠᠭᠠᠵᠦ ᠰᠣᠷᠣᠯᠭᠠᠶᠢᠨ ᠠᠰᠠᠭᠣᠲᠠᠯ ᠶ᠋ᠢᠡᠨ ᠦᠪᠡᠰᠦᠪᠡᠨ ᠰᠢᠢᠳᠪᠦᠷᠢᠯᠡᠬᠦ ᠵᠢ ᠰᠣᠷᠭᠠᠬᠣ ᠳ᠋ᠦ ᠭᠣᠣᠯ ᠨᠢ 《ᠡᠨᠡ ᠪᠣᠯ ᠮᠢᠨᠦ ᠬᠢᠬᠦ ᠴᠢᠬᠣᠯᠠᠲᠠᠢ ᠶᠠᠪᠣᠲᠠᠯ》 ᠭᠡᠲᠡᠭ ᠲᠠᠨᠢᠯᠲᠠ ᠲᠠᠢ ᠪᠣᠯᠭᠠᠬᠣ ᠨᠢ ᠴᠢᠬᠣᠯᠠ᠃ ᠠᠮᠠᠷᠠᠯᠲᠠ ᠳ᠋ᠦ ᠭᠡᠷᠤᠨ ᠬᠦᠮᠦᠵᠢᠯᠢ ᠭᠣᠣᠯᠴᠠᠭᠣ ᠲᠦᠰᠢᠭᠯᠡᠵᠦ ᠪᠠᠢᠬᠰᠠᠨ ᠪᠣᠯ ᠣᠲᠣ ᠰᠣᠷᠭᠠᠭᠣᠯᠢᠶᠢᠨ ᠬᠦᠷᠢᠶᠡᠨ ᠳ᠋ᠡᠭᠡᠨ ᠪᠣᠴᠠᠵᠦ᠂ ᠪᠠᠬᠰᠢᠶᠢᠨ ᠬᠦᠮᠦᠵᠢᠯ ᠬᠢᠭᠡᠳ ᠪᠡᠶᠡ ᠪᠠᠨ ᠲᠠᠭᠠᠭᠠᠬᠣ ᠴᠢᠲᠠᠪᠣᠷᠢᠶᠢ ᠰᠢᠯᠭᠠᠬᠣ ᠪᠣᠯᠣᠬᠰᠠᠨ ᠭᠡᠲᠡᠭᠢ ᠬᠡᠦᠬᠡᠳ ᠲᠦ᠍ ᠬᠡᠯᠡᠵᠦ ᠮᠡᠳᠡᠷᠡᠬᠦᠯᠪᠡᠯ ᠲᠠᠭᠠᠷᠠᠨᠠ᠃
ᠰᠢᠨᠡ ᠰᠣᠷᠣᠯᠭᠠᠶᠢᠨ ᠬᠣᠭᠣᠴᠠᠭᠠ ᠰᠢᠨᠡ ᠪᠡᠷ ᠡᠬᠢᠯᠡᠨᠡ᠃ ᠡᠨᠲᠡ ᠬᠡᠯᠡᠵᠦ ᠪᠣᠢ ᠰᠢᠨᠡ ᠭᠡᠲᠡᠭ ᠲᠦ᠍ ᠣᠯᠠᠨ ᠬᠣᠪᠢᠷᠠᠯᠲᠠᠶᠢ ᠠᠭᠣᠯᠵᠦ ᠪᠠᠬᠲᠠᠭᠠᠵᠦ ᠪᠠᠢᠭᠠᠶᠢ ᠣᠢᠯᠠᠭᠠᠭᠣᠰᠢᠲᠠᠢ᠃ ᠦᠰᠪᠦᠷᠢᠶᠢᠨ ᠬᠡᠦᠬᠡᠳᠤᠨ ᠨᠠᠰᠣ ᠨᠡᠮᠡᠭᠲᠡᠬᠦᠶᠢ ᠲᠠᠭᠠᠯᠲᠣᠨ ᠦᠵᠡᠵᠦ ᠲᠣᠭᠣᠯᠣᠬᠰᠠᠨ ᠵᠦᠢᠯ ᠣᠯᠠᠰᠢᠷᠠᠵᠦ ᠬᠠᠷᠠᠭᠠ ᠨᠢ ᠦᠷᠭᠡᠵᠢᠯᠡ᠂ ᠣᠬᠠᠭᠠᠵᠢᠨ ᠲᠣᠮᠣᠭᠠᠵᠢᠵᠦ ᠦᠵᠡᠯᠲᠡ ᠲᠠᠨᠢᠯᠲᠠ ᠨᠢ ᠴᠦ᠍ ᠰᠢᠨᠡᠲᠦᠯᠡ᠃ ᠦᠪᠡᠷᠢ ᠪᠠᠨ ᠢᠩᠬᠢᠵᠦ ᠰᠢᠨᠡ ᠪᠡᠷ ᠲᠠᠨᠢᠬᠣᠶᠢᠨ ᠣᠯᠠᠮ ᠶ᠋ᠢᠡᠷ ᠰᠢᠨᠡ ᠨᠣᠮ᠂ ᠰᠢᠨᠡ ᠡᠳᠦᠷ᠂ ᠰᠢᠨᠡ ᠰᠣᠷᠣᠯᠭᠠᠶᠢᠨ ᠬᠣᠭᠣᠴᠠᠭᠠ ᠁ ᠭᠡᠬᠦᠴᠢᠯᠡᠨ ᠣᠯᠠᠨ ᠰᠢᠨᠡ ᠵᠦᠢᠯ ᠲᠨᠳᠡᠨᠢ ᠣᠬᠲᠣᠨ ᠬᠦᠯᠢᠶᠡᠵᠦ ᠪᠠᠢᠬᠤ ᠵᠢ ᠮᠡᠳᠡᠨ᠂ ᠣᠷᠣᠯᠲᠣᠨ ᠦᠷᠢᠰᠬᠦ ᠪᠡᠷ ᠪᠡᠯᠡᠳᠭᠡᠬᠦ ᠬᠡᠷᠡᠭᠲᠡᠢ᠃ ᠲᠡᠭᠡᠬᠦ ᠳ᠋ᠡᠭᠡᠨ ᠭᠡᠷᠤᠨ ᠠᠬᠠᠮᠠᠳ ᠪᠣᠯᠣᠬᠰᠠᠳ ᠬᠡᠦᠬᠡᠳ ᠦᠰᠴᠦ ᠲᠣᠮᠣᠭᠠᠵᠢᠬᠰᠠᠨ ᠶᠣᠮ ᠭᠡᠳ ᠭᠠᠷ ᠰᠠᠵᠢᠨ ᠬᠣᠢᠰᠢ ᠰᠠᠭᠣᠵᠦ ᠬᠡᠷᠡᠭ ᠡᠴᠡ ᠭᠠᠷᠣᠬᠰᠠᠨ ᠲᠦᠷᠢᠯᠡᠵᠦ ᠪᠣᠯᠬᠣ ᠦᠭᠡᠢ᠂ ᠬᠠᠷᠢᠨ ᠬᠡᠦᠬᠡᠳᠤᠨ ᠪᠡᠶᠡ ᠪᠠᠨ ᠲᠠᠭᠠᠭᠠᠬᠣ ᠴᠢᠲᠠᠪᠣᠷᠢᠶᠢ ᠬᠦᠮᠦᠵᠢᠬᠦᠯᠬᠦᠶᠢᠨ ᠬᠠᠮᠲᠣ ᠪᠡᠶᠡ ᠰᠡᠳᠬᠢᠴᠡᠶᠢᠨ ᠬᠣᠪᠢᠷᠠᠯᠲᠠᠶᠢ ᠨᠢ ᠠᠵᠢᠬᠯᠠᠵᠦ᠂ ᠴᠠᠬ ᠲᠣᠬᠠᠢ ᠳ᠋ᠣᠨᠢ ᠵᠢᠭᠠᠨ ᠵᠢᠯᠣᠭᠣᠳᠬᠣᠶᠢ ᠠᠩᠬᠠᠷᠪᠠᠯ ᠵᠦᠢᠲᠡᠢ᠃
ᠰᠣᠷᠴᠣ ᠮᠡᠳᠡᠬᠦᠶᠢ ᠵᠣᠷᠢᠬᠰᠠᠨ ᠰᠢᠨᠡ ᠬᠣᠭᠣᠴᠠᠭᠠ ᠰᠣᠷᠣᠬᠴᠢ ᠪᠣᠯᠭᠠᠨ ᠳ᠋ᠦ ᠠᠲᠠᠯᠢᠬᠠᠨ ᠰᠢᠨᠡ ᠰᠡᠪᠡᠬᠦᠨ ᠰᠠᠨᠠᠬᠲᠠᠬᠣ ᠨᠢ ᠮᠡᠳᠡᠭᠡᠵᠢ᠃ ᠠᠮᠢᠲᠣᠷᠠᠯᠤᠨ ᠨᠠᠷᠠᠨ ᠭᠠᠬᠴᠠᠬᠦ ᠦᠷᠯᠦᠭᠡ ᠮᠠᠨᠲᠣᠲᠠᠬ ᠦᠭᠡᠢ ᠬᠣᠢᠨᠠ ᠬᠡᠵᠢᠶᠡ ᠡᠬᠢᠯᠡᠭᠰᠡᠨ ᠴᠦ᠍ ᠬᠣᠵᠢᠬᠲᠠᠬᠣ ᠣᠴᠢᠷ ᠠᠯᠠᠭᠠ ᠭᠡᠰᠡᠨᠢ ᠬᠡᠦᠬᠡᠳ ᠲᠡᠬᠦᠦ ᠨᠠᠷ ᠲᠡᠬᠡᠨ ᠰᠠᠨᠠᠭᠣᠯᠣᠶᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃