2025-01-27 11:18:15
ᠡᠪᠦᠯ ᠦᠨ ᠠᠮᠠᠷᠠᠯᠲᠠ ᠪᠤᠯᠤᠯ᠎ᠠ᠃ ᠨᠢᠬᠡ ᠬᠤᠭᠤᠴᠠᠭ᠎ᠠ ᠶᠠᠭᠠᠷᠠᠯᠳᠠᠢ ᠶᠠᠳᠠᠷᠠᠯᠳᠠᠢ ᠰᠤᠷᠤᠯᠴᠠᠭᠰᠠᠨ ᠬᠡᠤᠬᠡᠳ ᠪᠠᠭᠠᠴᠤᠳ ᠠᠮᠠᠷᠠᠯᠲᠠ ᠲᠠᠯᠪᠢᠮᠠᠭᠴᠠ ᠰᠤᠷᠭᠠᠭᠤᠯᠢ ᠪᠠ ᠪᠠᠭ᠍ᠰᠢᠶᠢᠨ ᠬᠠᠮᠢᠶᠠᠷᠤᠯᠲᠠ ᠡᠴᠡ ᠰᠠᠯᠵᠤ᠂ ᠴᠠᠭᠢᠶᠡᠨ ᠪᠦᠷᠢᠮᠦᠰᠦᠨ ᠥᠪᠡᠷᠢᠶᠡᠨ ᠡᠵᠡᠨ ᠮᠡᠳᠡᠳᠡᠭ ᠡᠴᠡ ᠵᠠᠷᠢᠮ ᠦᠶ᠎ᠠ ᠳ᠋ᠤ ᠬᠡᠪᠦᠨ ᠠᠮᠢᠳᠤᠷᠠᠯᠤᠨ ᠵᠢᠮ᠎ᠡ ᠶᠣᠰᠤᠪᠠᠨ ᠠᠯᠳᠠᠬᠤ ᠦᠵᠡᠭᠳᠡᠯ ᠭᠠᠷᠳᠠᠭ᠃ ᠵᠢᠱ᠌ᠢᠶᠡᠯᠡᠪᠡᠯ ᠤᠷᠤᠢ ᠳᠤᠭᠳᠠᠭᠰᠠᠨ ᠴᠠᠭ ᠲᠠᠭᠠᠨ ᠤᠨᠳᠠᠵᠤ ᠠᠮᠠᠷᠠᠬᠤ ᠦᠬᠡᠢ᠂ ᠦᠷᠯᠦᠬᠡ ᠤᠨᠲᠠᠭᠠᠳ ᠪᠣᠰᠬᠤ ᠳᠤᠷ᠎ᠠ ᠦᠭᠡᠢ᠂ ᠬᠣᠭᠣᠯᠠ ᠤᠮᠳᠠᠪᠠᠨ ᠴᠠᠭ ᠲᠠᠭᠠᠨ ᠢᠳᠡᠬᠦ ᠦᠭᠡᠢ᠂ ᠺᠣᠮᠫᠢᠦᠢ᠍ᠲᠸᠷ ᠤ᠋ᠨ ᠳᠤᠭᠯᠠᠭᠠᠮ ᠳ᠋ᠤ ᠰᠢᠨᠤᠬᠤ ᠬᠡᠬᠦ ᠮᠡᠳᠤ ᠵᠢᠨ ᠤᠯᠠᠨ ᠵᠦᠢᠯᠤᠨ ᠮᠠᠭᠤ ᠳᠠᠳᠬᠠᠯ ᠳᠠᠢ ᠪᠤᠯᠵᠤ ᠮᠡᠳᠡᠨ᠎ᠡ᠃ ᠡᠢᠮᠦ ᠡᠴᠡ ᠭᠡᠷᠤᠨ ᠠᠬᠠᠮᠠᠳ ᠪᠤᠯᠤᠭᠰᠠᠳ ᠬᠡᠦᠬᠡᠳᠤᠨ ᠰᠤᠷᠤᠯᠴᠠᠯᠭ᠎ᠠ ᠡᠴᠡ ᠭᠠᠳᠠᠨ᠎ᠠ ᠠᠮᠠᠷᠠᠯᠳᠠ ᠪᠠᠨ ᠬᠡᠷᠬᠢᠨ ᠤᠳᠬ᠎ᠠ ᠠᠭᠤᠯᠭ᠎ᠠ ᠳᠠᠢ᠂ ᠠᠮᠤᠷ ᠲᠦᠪᠰᠢᠨ ᠦᠩᠬᠡᠷᠡᠬᠦᠯᠬᠦ ᠳᠤᠬᠠᠢ ᠬᠡᠳᠦᠨ ᠳᠠᠯ᠎ᠠ ᠵᠢ ᠠᠩᠬᠠᠷᠪᠠᠯ ᠵᠤᠬᠢᠨ᠎ᠠ᠃
ᠡᠩ ᠳᠡᠷᠢᠬᠦᠨ ᠳ᠋ᠤ᠂ ᠠᠮᠠᠷᠠᠵᠤ ᠰᠤᠷᠤᠯᠴᠠᠬᠤ ᠴᠠᠭᠢ ᠵᠣᠬᠢᠰᠲᠠᠢ ᠲᠣᠬᠢᠷᠠᠭᠤᠯᠬᠤ ᠬᠡᠷᠡᠭᠳᠡᠢ᠃ ᠠᠮᠠᠷᠠᠯᠲᠠ ᠪᠤᠯᠤᠮᠠᠭᠴᠠ ᠰᠤᠷᠤᠭ᠍ᠴᠢᠳᠤᠨ ᠴᠠᠭᠤᠨ ᠳᠤᠬᠠᠢ ᠬᠠᠮᠢᠶᠠᠷᠤᠯᠲᠠ ᠰᠤᠯᠠᠷᠠᠳᠠᠭ᠃ ᠡᠢᠮᠦ ᠡᠴᠡ ᠰᠤᠷᠭᠠᠭᠤᠯᠢ ᠪᠤᠶᠤ ᠠᠩᠬᠢ ᠵᠢᠨ ᠡᠷᠬᠢᠯᠡᠭᠴᠢ ᠡᠴᠡ ᠰᠤᠷᠤᠭ᠍ᠴᠢᠳᠢᠶᠡᠷ ᠠᠮᠠᠷᠠᠯᠲᠠᠶᠢᠨ ᠬᠣᠭᠣᠴᠠᠭᠠᠨᠤ ᠠᠮᠠᠷᠠᠵᠤ ᠰᠤᠷᠤᠯᠴᠠᠬᠤ ᠲᠦᠯᠦᠪᠯᠡᠬᠡ ᠳᠤᠭᠳᠠᠭᠠᠯᠭᠠᠵᠤ᠂ ᠲᠡᠳᠡᠨ ᠤ ᠤᠨᠲᠠᠵᠤ ᠠᠮᠠᠷᠠᠬᠤ᠂ ᠰᠤᠷᠤᠯᠴᠠᠬᠤ᠂ ᠨᠠᠭᠠᠳᠬᠤ᠂ ᠠᠵᠢᠯ ᠬᠦᠳᠡᠯᠮᠦᠷᠢ ᠳ᠋ᠤ ᠤᠷᠤᠯᠴᠠᠬᠤ᠂ ᠡᠯ᠎ᠠ ᠵᠦᠢᠯ ᠤᠨ ᠠᠵᠢᠯᠯᠠᠭ᠎ᠠ ᠳ᠋ᠤ ᠤᠷᠤᠯᠴᠠᠬᠤ ᠴᠠᠭᠢ ᠵᠣᠬᠢᠰᠲᠠᠢᠳᠤᠬᠢᠷᠠᠭᠤᠯᠬᠤ ᠵᠢ ᠬᠦᠳᠦᠯᠦᠨ ᠵᠢᠯᠤᠭᠤᠳᠬᠤ ᠬᠡᠷᠡᠭᠳᠡᠢ ᠃
ᠬᠣᠶᠠᠷᠲᠤ᠂ ᠪᠡᠶ᠎ᠡᠶᠢᠨ ᠲᠠᠮᠢᠷᠤᠨ ᠪᠣᠯᠪᠠᠰᠤᠷᠠᠯᠢ ᠤᠮᠲᠤᠭᠠᠢᠯᠠᠵᠤ ᠪᠣᠯᠬᠤ ᠦᠭᠡᠢ᠃ ᠡᠪᠦᠯᠦᠨ ᠤᠯᠠᠷᠢᠯᠳᠤ ᠠᠭᠤᠷ ᠠᠮᠢᠰᠬᠤᠯ ᠬᠦᠢᠲᠡᠨ ᠪᠣᠯᠬᠤᠷ ᠪᠠᠭᠠᠴᠤᠳ ᠬᠡᠦᠬᠡᠳ ᠭᠠᠳᠠᠨ᠎ᠠ ᠭᠠᠷᠴᠤ ᠨᠠᠭᠠᠳᠬᠤ ᠳᠤᠷ᠎ᠠ ᠦᠭᠡᠢ ᠪᠠᠢᠳᠠᠭ᠃ ᠡᠨᠡ ᠨᠢ ᠪᠠᠭᠠᠴᠤᠳ ᠬᠡᠦᠬᠡᠳᠦᠨ ᠪᠡᠶ᠎ᠡ ᠴᠣᠭᠴᠠᠶᠢᠨ ᠡᠷᠡᠭᠥᠯ ᠮᠡᠨᠳᠦᠳᠦ ᠠᠰᠢᠭ᠋ ᠦᠭᠡᠢ᠃ ᠡᠢᠮᠦᠡᠴᠡ ᠭᠡᠷᠦᠨ ᠠᠬᠠᠮᠠᠳ ᠪᠣᠯᠤᠭᠰᠠᠳ ᠬᠡᠦᠬᠡᠳ ᠵᠢᠡᠨ ᠡᠳᠦᠷ ᠪᠦᠷᠢ ᠭᠠᠳᠠᠨ᠎ᠠ ᠭᠠᠷᠭᠠᠵᠤ ᠲᠠᠮᠢᠷᠤᠨ ᠬᠦᠳᠡᠯᠬᠡᠬᠡᠨ ᠬᠢᠯᠬᠡᠬᠦ ᠨᠢ ᠮᠠᠰᠢ ᠴᠢᠬᠤᠯᠠ᠃ ᠬᠡᠦᠬᠡᠳᠤᠳ ᠳᠡᠭᠡᠰᠦ ᠦᠰᠦᠷᠬᠦ᠂ ᠪᠦᠮᠪᠦᠭᠡ ᠨᠠᠭᠠᠳᠬᠤ᠂ ᠬᠦᠶᠦᠵᠦ ᠪᠤᠯᠪᠠᠰᠤᠷᠠᠬᠤ ᠵᠡᠷᠭᠡ ᠤᠯᠠᠨ ᠲᠦᠷᠦᠯ ᠤᠨ ᠳᠠᠮᠢᠷᠤᠨ ᠬᠦᠳᠡᠯᠭᠡᠭᠡᠨᠳ᠋ᠤ ᠤᠷᠤᠯᠴᠠᠵᠤ ᠪᠤᠯᠤᠨ᠎ᠠ᠃ ᠠᠮᠠᠷᠠᠯᠲᠠᠪᠡᠷ ᠨᠠᠰᠤ ᠬᠤᠷᠠᠭᠴᠤᠤᠯ ᠨᠠᠢᠵᠠ ᠨᠦᠬᠦᠳ ᠳᠠᠢ ᠪᠠᠨ ᠬᠠᠮᠳᠤ ᠳᠤᠭᠯᠠᠵᠤ ᠨᠦᠬᠦᠷᠯᠡᠯ ᠵᠢᠡᠨ ᠪᠠᠳᠤᠳᠬᠠᠵᠤ ᠪᠤᠯᠤᠨ᠎ᠠ᠃ ᠪᠠᠭᠠᠠᠴᠠᠪᠠᠨ ᠪᠡᠶ᠎ᠡ ᠮᠠᠬᠠᠪᠤᠳᠢᠶᠠᠨ ᠳᠠᠪᠲᠠᠨ ᠪᠣᠯᠪᠠᠰᠤᠷᠠᠭᠤᠯᠬᠤ ᠳᠠᠳᠬᠠᠯᠢ ᠬᠥᠮᠥᠵᠢᠭᠦᠯᠬᠦ ᠨᠢ ᠬᠡᠦᠬᠡᠳᠦᠨ ᠡᠭᠡᠯᠢᠯᠡᠭᠡᠶᠢᠨ ᠴᠢᠳᠠᠪᠤᠷᠢ ᠶᠢ ᠳᠡᠭᠡᠭᠰᠢᠯᠡᠭᠦᠯᠬᠦᠪᠡᠷ ᠪᠠᠷᠠᠬᠤ ᠦᠭᠡᠢ᠂ ᠪᠠᠰᠠ ᠲᠡᠰᠪᠦᠷᠢ ᠳᠡᠪᠴᠢᠶᠡᠷᠢ ᠵᠢ ᠨᠢ ᠳᠠᠪᠳᠠᠨ ᠪᠤᠯᠪᠠᠰᠤᠷᠠᠭᠤᠯᠵᠤ᠂ ᠨᠡᠩ ᠰᠠᠢᠨ ᠴᠣᠭ ᠰᠦᠯᠳᠡᠲᠠᠢ ᠪᠤᠯᠭᠠᠵᠤ ᠴᠢᠳᠠᠨ᠎ᠠ᠃
ᠭᠤᠷᠪᠠᠳᠤ᠂ ᠪᠣᠯᠪᠠᠰᠤᠨ ᠶᠣᠰᠤᠷᠬᠠᠭ ᠰᠤᠷᠳᠠᠯ ᠢ᠋ ᠤᠯᠠᠮᠵᠢᠯᠠᠵᠤ ᠰᠤᠷᠭᠠᠬᠤ ᠰᠠᠢᠬᠠᠨ ᠵᠠᠪᠰᠢᠶᠠᠨ ᠪᠤᠯᠤᠨ᠎ᠠ᠃ ᠡᠪᠦᠯ ᠤᠨ ᠠᠮᠠᠷᠠᠯᠳᠠ ᠳ᠋ᠤ ᠰᠢᠨ᠎ᠡ ᠵᠢᠯ ᠴᠠᠭᠠᠨ ᠰᠠᠷᠠᠳᠤᠬᠢᠶᠠᠵᠤ᠂ ᠰᠠᠷ᠎ᠠ ᠰᠢᠨ᠎ᠡ ᠪᠡᠷ ᠰᠠᠲᠤᠨ ᠲᠦᠷᠦᠯ᠂ ᠨᠠᠢᠵᠠ ᠨᠦᠬᠦᠳᠦᠨ ᠬᠢᠨᠢᠶᠡᠷᠢᠶᠡᠨ ᠠᠢᠯᠴᠢᠯᠠᠨ ᠵᠤᠯᠭᠠᠬᠤ ᠪᠤᠯ ᠮᠠᠨᠠᠢᠬᠢᠨ ᠤ᠋ ᠤᠯᠠᠮᠵᠢᠯᠠᠯᠲᠤ ᠰᠠᠢᠬᠠᠨ ᠵᠠᠩ ᠳᠠᠳᠬᠠᠯ ᠶᠤᠮ᠃ ᠢᠩᠬᠢᠵᠦ ᠠᠬᠠᠮᠠᠳ ᠳᠤᠮᠤᠭᠠᠳᠠᠨ ᠤᠯᠠᠨ ᠬᠦᠮᠦᠨ ᠳᠠᠢ ᠠᠭᠤᠯᠵᠠᠵᠤ ᠤᠴᠠᠷᠠᠬᠤ ᠳᠤᠮᠳᠠ ᠬᠡᠦᠬᠡᠳ ᠳᠡᠬᠡᠨ ᠬᠦᠮᠦᠰ ᠳᠠᠢ ᠬᠡᠷᠬᠢᠨ ᠪᠤᠯᠪᠠᠰᠤᠨ ᠶᠤᠰᠤᠷᠬᠠᠭ ᠵᠢᠡᠷ ᠬᠠᠷᠢᠯᠴᠠᠬᠤ ᠵᠢᠴᠢ ᠰᠢᠨ᠎ᠠ ᠵᠢᠯ ᠴᠠᠭᠠᠨ ᠰᠠᠷ᠎ᠠ ᠳ᠋ᠤ ᠬᠤᠯᠪᠤᠭᠳᠠᠭᠰᠠᠨ ᠤᠯᠠᠨ ᠰᠠᠢᠬᠠᠨ ᠰᠢᠯᠢᠳᠡᠭ ᠤᠯᠠᠮᠵᠢᠯᠠᠯᠳᠤ ᠰᠤᠶᠤᠯ ᠪᠠ ᠵᠠᠩ ᠳᠠᠳᠬᠠᠯ ᠢ᠋ ᠬᠡᠦᠬᠡᠳ ᠳᠡᠬᠡᠨ ᠵᠢᠭᠠᠵᠤ ᠰᠤᠷᠭᠠᠵᠤ ᠪᠤᠯᠤᠨ᠎ᠠ᠃
ᠳᠥᠷᠪᠡᠳᠦ᠂ ᠳᠤᠷ᠎ᠠ ᠰᠤᠨᠢᠷᠬᠠᠯ ᠳᠠᠢ ᠵᠦᠢᠯ ᠵᠢᠡᠨ ᠤᠷᠤᠯᠳᠤᠬᠤ ᠵᠢ ᠵᠤᠷᠢᠭᠵᠢᠭᠤᠯᠵᠤ ᠪᠤᠯᠤᠨ᠎ᠠ᠃ ᠶᠡᠷᠦ ᠵᠢᠨ ᠦᠶ᠎ᠠ ᠳ᠋ᠤ ᠰᠤᠷᠤᠭᠴᠢᠳᠤᠨ ᠬᠢᠴᠢᠶᠡᠯ ᠰᠤᠷᠤᠯᠭ᠎ᠠ ᠮᠠᠰᠢ ᠶᠠᠭᠠᠷᠠᠤ ᠲᠤᠯᠠ ᠵᠠᠷᠢᠮ ᠵᠦᠢᠯᠡᠰᠢ ᠬᠢᠵᠦ ᠤᠷᠤᠯᠳᠤᠬᠤ ᠬᠦᠰᠡᠯ ᠪᠠᠢᠭᠰᠠᠨ ᠴᠤ᠌ ᠵᠠᠪ ᠴᠢᠯᠦᠬᠡ ᠤᠯᠳᠠᠬᠤ ᠦᠬᠡᠢ ᠪᠠᠢᠳᠠᠭ᠃ ᠲᠡᠬᠡᠬᠦ ᠪᠡᠷ ᠠᠮᠠᠷᠠᠯᠳᠠ ᠵᠢᠨ ᠰᠡᠯᠡᠬᠦᠤ ᠴᠠᠭ ᠵᠢᠡᠷ ᠦᠢᠯᠡᠳᠦᠯᠬᠡ ᠵᠢᠨ ᠠᠵᠢᠯᠯᠠᠭ᠎ᠠ ᠪᠠ ᠬᠡᠷᠤᠨ ᠬᠦᠳᠡᠯᠮᠦᠷᠢ ᠳ᠋ᠤ ᠢᠯᠡᠬᠦᠬᠡᠨ ᠤᠷᠤᠯᠴᠠᠭᠤᠯᠤᠨ ᠪᠡᠶ᠎ᠠ ᠪᠠᠨ ᠳᠠᠭᠠᠭᠠᠬᠤ ᠪᠤᠶᠤ ᠬᠠᠷᠢᠭᠤᠴᠠᠯᠭᠠᠳᠤ ᠰᠡᠳᠬᠢᠯᠬᠡ ᠵᠢ ᠨᠢ ᠬᠦᠮᠦᠵᠢᠬᠦᠯᠬᠦ ᠵᠢᠨ ᠳᠠᠭᠠᠤ ᠦᠪᠡᠷᠤᠨ ᠳᠤᠷ᠎ᠠ ᠰᠤᠨᠢᠷᠬᠠᠯ ᠳᠠᠢ ᠨᠤᠮ ᠪᠢᠴᠢᠭ ᠢ᠋ ᠨᠢ ᠢᠯᠡᠬᠦᠬᠡᠨ ᠤᠩᠰᠢᠭᠤᠯᠵᠤ᠂ ᠮᠡᠳᠡᠯᠬᠡ ᠬᠤᠷᠠᠮᠳᠤᠭᠤᠯᠤᠨ᠂ ᠤᠶᠤᠨ ᠵᠢᠡᠨ ᠨᠡᠬᠡᠬᠡᠭᠳᠡᠬᠦᠯᠵᠦ᠂ ᠦᠪᠡᠷ ᠤᠨ ᠭᠡᠬᠦ ᠦᠵᠡᠯᠳᠡ ᠲᠠᠨᠢᠯᠳᠠ ᠲᠠᠢ ᠪᠤᠯᠬᠤ ᠵᠢ ᠪᠤᠯᠪᠠᠰᠤᠷᠠᠭᠤᠯᠵᠤ ᠪᠤᠯᠤᠨ᠎ᠠ᠃ ᠡᠭᠦᠨ ᠳ᠋ᠤ ᠡᠳᠦᠷ ᠪᠦᠷᠢ ᠠᠳᠠᠭ ᠲᠠᠭᠠᠨ ᠭᠤᠴᠢᠨ ᠮᠢᠨᠦᠢ᠍ᠲ ᠨᠤᠮ ᠤᠩᠰᠢᠬᠤ ᠵᠢ ᠪᠠᠷᠢᠮᠳᠠᠯᠠᠪᠠᠯ ᠰᠠᠢᠨ᠃ ᠢᠩᠬᠢᠪᠡᠯ ᠬᠡᠤᠬᠡᠳ ᠢ᠋ ᠡᠯᠧᠺᠲ᠋ᠷᠤᠨ ᠲᠣᠭᠯᠠᠭᠠᠮᠪᠤᠶᠤ ᠭᠠᠷ ᠤᠳᠠᠰᠤᠨ ᠤ ᠰᠢᠨᠤᠬᠠᠢᠷᠠᠯ ᠡᠴᠡ ᠵᠠᠢᠳᠠᠭᠤᠯᠵᠤ᠂ ᠠᠮᠢᠳᠤᠷᠠᠯᠢ ᠨᠢ ᠨᠡᠩ ᠤᠳᠬ᠎ᠠ ᠠᠭᠤᠯᠭ᠎ᠠ ᠳᠠᠢ ᠪᠤᠯᠭᠠᠵᠤ ᠴᠢᠳᠠᠨ᠎ᠠ᠃
ᠬᠠᠮᠤᠭ ᠤᠨ ᠡᠴᠦᠰ ᠲᠤ᠌᠂ ᠠᠮᠠᠷᠠᠯᠲᠠᠶᠢᠨ ᠬᠣᠭᠣᠴᠠᠭᠠᠨᠳ᠋ᠤ ᠰᠤᠷᠤᠭᠴᠢᠳᠤᠨ ᠠᠮᠤᠷ ᠲᠦᠪᠰᠢᠨ ᠪᠤᠯᠲᠡᠷᠢᠬᠦᠨ ᠴᠢᠬᠤᠯᠠ ᠪᠠᠢᠳᠠᠭ᠃ ᠠᠮᠠᠷᠠᠯᠲᠠ ᠲᠠᠯᠪᠢᠪᠠᠯ ᠮᠠᠰᠢ ᠣᠯᠠᠨ ᠰᠤᠷᠤᠭ᠍ᠴᠢᠳ ᠭᠠᠳᠠᠨ᠎ᠠ ᠭᠠᠵᠠᠷᠢᠶᠡᠷ ᠵᠢᠭᠤᠯᠴᠢᠯᠠᠬᠤ ᠪᠣᠶᠤ ᠤᠯᠠᠨ ᠵᠦᠢᠯᠤᠨ ᠠᠵᠢᠯᠯᠠᠭ᠎ᠠ ᠳ᠋ᠤ ᠤᠷᠤᠯᠴᠠᠳᠠᠭ᠃ ᠡᠨᠡ ᠦᠶ᠎ᠡ ᠳ᠋ᠤ ᠬᠤᠪᠢ ᠪᠡᠶ᠎ᠡᠶᠢᠨ ᠠᠮᠤᠷ ᠲᠦᠪᠰᠢᠨ ᠬᠠᠮᠤᠭᠤᠨ ᠴᠢᠬᠤᠯᠠ ᠪᠠᠢᠳᠠᠭ᠃ ᠰᠢᠨ᠎ᠡ ᠵᠢᠯ ᠴᠠᠭᠠᠨ ᠰᠠᠷ᠎ᠠ ᠪᠡᠷ ᠫᠣᠣᠵᠢᠩ ᠲᠠᠯᠪᠢᠬᠤ ᠨᠢ ᠬᠡᠦᠬᠡᠳᠤᠨ ᠬᠠᠮᠤᠭᠤᠨ ᠳᠤᠷ᠎ᠠ ᠲᠠᠢ ᠨᠢᠭᠡ ᠵᠦᠢᠯᠦᠨ ᠳᠤᠭᠯᠠᠭᠠᠮ ᠪᠤᠯᠤᠨ᠎ᠠ᠃ ᠨᠠᠰᠤ ᠪᠠᠭ᠎ᠠ ᠬᠡᠦᠬᠡᠳ ᠫᠤᠤᠵᠢᠩ ᠳᠠᠯᠪᠢᠬᠤ ᠳ᠋ᠤ ᠲᠤᠮᠤᠴᠤᠤᠯ ᠪᠡᠷ᠎ᠠ ᠪᠤᠯᠬᠤ ᠬᠡᠷᠡᠭᠳᠡᠢ᠃ ᠡᠨᠡ ᠮᠡᠳᠦ ᠪᠡᠷ ᠭᠡᠷ ᠦᠨ ᠠᠬᠠᠮᠠᠳ ᠪᠣᠯᠤᠭᠰᠠᠳ ᠬᠡᠦᠬᠡᠳᠦᠨ ᠴᠠᠭᠠᠨ ᠰᠠᠷᠠᠶᠢᠨ ᠬᠣᠭᠣᠴᠠᠭᠠᠨᠳᠠᠬᠢ ᠠᠮᠤᠷ ᠲᠦᠪᠰᠢᠨᠳᠦ ᠦᠷᠬᠦᠯᠵᠢ ᠰᠠᠨᠠᠭ᠎ᠠ ᠲᠠᠯᠪᠢᠵᠤ᠂ ᠴᠢᠩᠭ᠎ᠠ ᠬᠢᠮᠠᠭᠠᠳᠠᠵᠤ ᠰᠡᠷᠡᠮᠵᠢᠯᠡᠭᠦᠯᠵᠦ ᠪᠠᠢᠪᠠᠯ ᠵᠣᠬᠢᠨ᠎ᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠰᠠᠢᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃