ᠲᠡᠷᠢᠭᠦᠨ ᠨᠢᠭᠤᠷ>ᠰᠤᠷᠭᠠᠨ ᠬᠦᠮᠦᠵᠢᠯ >ᠲᠤᠷᠰᠢᠯᠭ᠎ᠠ᠎ᠪᠠᠨ ᠰᠣᠯᠢᠯᠴᠠᠶ᠎ᠠ

2025-06-23 10:54:47

ᠵᠣᠬᠢᠶᠠᠭ᠍ᠴᠢ᠄ ᠵᠠ᠊·ᠷᠢᠨᠴᠢᠨ ᠣᠩᠱᠢᠭ᠍ᠰᠠᠨ ᠣᠳᠠᠭ᠎ᠠ᠄ 3

ᠳᠣᠮᠳᠠᠳᠣ ᠰᠣᠷᠭᠠᠭᠣᠯᠢ ᠵᠢᠨ ᠬᠡᠯᠡ ᠪᠢᠴᠢᠭ᠎ᠤᠨ ᠬᠢᠴᠢᠶᠡᠯ᠎ᠤᠨ ᠪᠠᠷᠢᠮᠵᠢᠶ᠎ᠠ᠎ᠳᠤ᠄ 《ᠤᠷᠴᠢᠨ ᠲᠤᠭᠤᠷᠢᠨ᠎ᠤ᠎ᠪᠠᠨ ᠬᠡᠷᠡᠭ ᠪᠤᠳᠠᠰ᠎ᠢ ᠰᠡᠳᠭᠢᠯ ᠲᠠᠯᠪᠢᠨ ᠠᠵᠢᠭ᠍ᠯᠠᠬᠤ ᠲᠠᠳᠭᠠᠯ᠎ᠲᠠᠢ ᠪᠤᠯᠵᠤ᠂ ᠰᠠᠨᠠᠭᠠᠴᠢᠯᠠᠭ᠎ᠠ᠎ᠲᠠᠢ᠎ᠪᠠᠷ ᠤᠯᠠᠨ ᠶᠠᠭᠤᠮ᠎ᠠ ᠦᠵᠡᠵᠦ᠍ ᠰᠤᠨᠤᠰᠭᠤ ᠪᠦᠭᠡᠳ ᠤᠨᠴᠠᠭᠠᠢ ᠰᠡᠷᠡᠭ᠌ᠳᠡᠯ᠎ᠢᠶᠠᠨ ᠨᠠᠨᠳᠢᠩᠨᠠᠨ ᠲᠡᠮᠳᠡᠭ᠌ᠯᠡᠪᠡᠯ᠂ ᠵᠤᠬᠢᠶᠠᠨ ᠪᠢᠴᠢᠬᠦ᠌᠎ᠳ᠋ᠡᠭᠡᠨ ᠪᠤᠷᠤ ᠮᠠᠲ᠋ᠧᠷᠢᠶᠠᠯ ᠴᠤᠭ᠍ᠯᠠᠭᠤᠯᠵᠤ ᠴᠢᠳᠠᠨ᠎ᠠ》 ᠭᠡᠵᠦ ᠳᠣᠷᠠᠳᠴᠠᠢ᠃ ᠵᠤᠬᠢᠶᠠᠨ ᠪᠢᠴᠢᠯᠭᠡ᠎ᠶ᠋ᠢᠨ ᠴᠢᠳᠠᠪᠤᠷᠢ᠎ᠨᠢ ᠬᠡᠯᠡ ᠪᠢᠴᠢᠭ᠎ᠤᠨ ᠴᠢᠳᠠᠪᠤᠷᠢ᠎ᠶ᠋ᠢᠨ ᠴᠢᠬᠤᠯᠠ ᠪᠦᠷᠢᠯᠳᠦᠬᠦᠨ ᠬᠡᠰᠡᠭ᠂ ᠵᠤᠬᠢᠶᠠᠨ ᠪᠢᠴᠢᠯᠭᠡ᠎ᠶ᠋ᠢᠨ ᠬᠢᠷᠢ ᠭᠡᠮᠵᠢᠶ᠎ᠡ᠎ᠨᠢ ᠰᠤᠷᠤᠭ᠍ᠴᠢᠳ᠎ᠤᠨ ᠬᠡᠯᠡ ᠪᠢᠴᠢᠭ᠎ᠤᠨ ᠬᠢᠴᠢᠶᠡᠯ᠎ᠤᠨ ᠶᠡᠷᠦᠩᠭᠡᠢ ᠬᠢᠷᠢ ᠬᠡᠮᠵᠢᠶ᠎ᠡ᠎ᠶ᠋ᠢᠨ ᠦᠨᠡᠯᠡᠯᠲᠡ ᠪᠤᠯᠬᠤ ᠶᠤᠮ᠃ ᠰᠤᠷᠤᠭ᠍ᠴᠢᠳ᠎ᠤᠨ ᠵᠤᠬᠢᠶᠠᠨ ᠪᠢᠴᠢᠯᠭᠡ᠎ᠶ᠋ᠢᠨ ᠴᠢᠳᠠᠪᠤᠷᠢ᠎ᠶ᠋ᠢ ᠬᠦᠮᠦᠵᠢᠬᠦᠯᠬᠦ᠌᠎ᠳᠤ ᠠᠵᠢᠭ᠍ᠯᠠᠬᠤ ᠴᠢᠳᠠᠪᠤᠷᠢ᠎ᠶ᠋ᠢ ᠬᠦᠮᠦᠵᠢᠬᠦᠯᠬᠦ᠌᠎ᠠᠴᠠ ᠭᠠᠷᠳᠠᠪᠠᠯ ᠵᠦᠢᠳᠡᠢ᠃ ᠰᠤᠷᠤᠭ᠍ᠴᠢᠳ ᠨᠠᠷᠢᠨ ᠬᠢᠨᠠᠭᠤᠷ ᠠᠵᠢᠭ᠍ᠯᠠᠬᠤ ᠴᠢᠳᠠᠪᠤᠷᠢ᠎ᠲᠠᠢ ᠪᠤᠯᠤᠮᠠᠨᠵᠢᠨ ᠰᠠᠶᠢ ᠬᠦᠮᠦᠨ᠎ᠢ ᠪᠢᠴᠢᠵᠦ᠍ ᠬᠡᠷᠡᠭ ᠣᠴᠢᠷ᠎ᠢ ᠲᠡᠮᠳᠡᠭ᠌ᠯᠡᠬᠦ᠌᠎ᠳ᠋ᠠᠭᠡᠨ ᠶᠠᠭᠤ ᠪᠢᠴᠢᠬᠦ᠌᠎ᠪᠠᠨ ᠤᠯᠬᠤ ᠦᠬᠡᠢ ᠰᠠᠮᠭᠠᠷᠳᠠᠬᠤ᠂ ᠭᠠᠷ ᠮᠡᠬᠦᠰᠳᠡᠬᠦ᠌ ᠦᠭᠡᠢ ᠪᠠᠢᠵᠤ ᠴᠢᠳᠠᠨ᠎ᠠ᠃ ᠶᠠᠭᠤ ᠪᠢᠴᠢᠬᠦ᠌᠎ᠪᠠᠨ ᠤᠯᠬᠤ ᠦᠭᠡᠢ ᠭᠡᠳᠡᠭ᠎ᠨᠢ ᠰᠤᠷᠤᠭ᠍ᠴᠢᠳ᠎ᠤᠨ ᠲᠠᠷᠢᠬᠢᠨ᠎ᠳᠤ ᠰᠠᠭᠤᠭ᠍ᠳᠠᠭ᠍ᠰᠠᠨ ᠵᠦᠢᠯ ᠦᠭᠡᠢ ᠪᠤᠶᠤ ᠴᠦᠭᠡᠨ ᠪᠠᠢᠬᠤ ᠪᠠᠢᠳᠠᠯ᠎ᠢ ᠬᠠᠷᠠᠭᠤᠯᠵᠤ ᠪᠠᠢᠳᠠᠭ᠃ ᠲᠡᠭᠡᠪᠡᠯ᠂ ᠡᠢᠮᠦᠷᠬᠦᠦ ᠪᠠᠢᠳᠠᠯ ᠳ᠋ᠤ ᠰᠤᠷᠤᠭ᠍ᠴᠢᠳ᠎ᠤᠨ ᠠᠵᠢᠭ᠍ᠯᠠᠬᠤ ᠴᠢᠳᠠᠪᠤᠷᠢ᠎ᠶ᠋ᠢ ᠬᠦᠮᠦᠵᠢᠬᠦᠯᠪᠡᠯ ᠠᠰᠠᠭᠤᠳᠠᠯ ᠠᠶᠠᠨᠳᠠᠭᠠᠨ ᠱᠢᠢᠳᠪᠦᠷᠢᠯᠡᠭ᠌ᠳᠡᠬᠦ᠌ ᠪᠤᠯᠤᠨ᠎ᠠ᠃

ᠨᠢᠭᠡ᠂ ᠵᠤᠬᠢᠶᠠᠨ ᠪᠢᠴᠢᠯᠬᠡ ᠳ᠋ᠤ ᠠᠵᠢᠭᠯᠠᠬᠤ ᠴᠢᠳᠠᠪᠤᠷᠢ ᠴᠢᠬᠤᠯᠠ᠃ ᠠᠵᠢᠭ᠍ᠯᠠᠬᠤ ᠴᠢᠳᠠᠪᠤᠷᠢ᠎ᠨᠢ ᠠᠮᠢᠳᠤᠷᠠᠯ᠎ᠤᠨ ᠦᠨᠴᠦᠭ ᠪᠤᠯᠤᠩ ᠪᠦᠬᠦᠨ᠎ᠳᠤ ᠦᠪᠡᠷ᠎ᠤᠨ ᠡᠬᠦᠷᠭᠡ ᠦᠢᠯᠡᠳᠦᠯ᠎ᠢᠶᠠᠨ ᠬᠦᠢᠴᠡᠳᠭᠡᠵᠦ᠍ ᠪᠠᠢᠳᠠᠭ᠃ ᠶᠠᠮᠠᠷᠪᠠ ᠠᠵᠢᠯ ᠲᠦᠷᠦᠯ᠎ᠤᠨ᠎ᠬᠢᠨ ᠭᠡᠳ ᠠᠵᠢᠯ ᠡᠬᠦᠷᠭᠡ᠎ᠪᠠᠨ ᠠᠮᠵᠢᠯᠳᠠ ᠳᠠᠢ ᠪᠡᠶᠡᠯᠡᠬᠦᠯᠬᠦ᠌᠎ᠳᠤ ᠠᠵᠢᠭ᠍ᠯᠠᠬᠤ ᠴᠢᠳᠠᠪᠤᠷᠢ᠎ᠠᠴᠠ ᠰᠠᠯᠵᠤ ᠴᠢᠳᠠᠬᠤ ᠦᠭᠡᠢ᠂ ᠲᠡᠷᠡ ᠪᠤᠯ ᠨᠢᠭᠡ ᠵᠦᠢᠯ᠎ᠤᠨ ᠲᠤᠷᠱᠢᠯᠭᠠᠳᠤ ᠴᠢᠨᠠᠷ᠎ᠢᠶᠠᠷ ᠴᠢᠩᠭ᠎ᠠ᠂ ᠬᠡᠷᠡᠭ ᠪᠤᠳᠠᠰ᠎ᠢ ᠲᠠᠨᠢᠬᠤ᠂ ᠦᠭᠡᠷᠡᠴᠢᠯᠡᠬᠦ᠌ ᠶᠠᠪᠤᠴᠠ᠎ᠳᠤ ᠲᠤᠭᠤᠰᠢᠯᠠᠭᠳᠠᠭᠰᠠᠨ᠂ ᠨᠠᠷᠢᠨ ᠱᠢᠷᠭᠡᠭ᠌ᠴᠢᠯᠡᠭ᠌ᠰᠡᠨ ᠰᠡᠳᠭᠢᠬᠦᠢ᠎ᠶ᠋ᠢᠨ ᠠᠵᠢᠯᠯᠠᠭ᠎ᠠ ᠪᠤᠯᠤᠨ᠎ᠠ᠃ ᠡᠨᠡ ᠬᠦ᠌ ᠰᠡᠳᠭᠢᠬᠦᠢ᠎ᠶ᠋ᠢᠨ ᠠᠵᠢᠯᠯᠠᠭ᠎ᠠ᠎ᠨᠢ ᠶᠡᠷᠦ᠍᠎ᠶ᠋ᠢᠨ ᠪᠠᠢᠳᠠᠯ᠎ᠳᠤ ᠤᠬᠠᠮᠰᠠᠷ᠎ᠲᠠᠢ᠂ ᠤᠬᠠᠮᠰᠠᠷ ᠦᠭᠡᠢ ᠬᠤᠶᠠᠷ ᠵᠦᠢᠯ᠎ᠤᠨ ᠪᠠᠢᠳᠠᠯ᠎ᠳᠤ ᠤᠷᠤᠱᠢᠳᠠᠭ᠃ ᠤᠬᠠᠮᠰᠠᠷ᠎ᠲᠠᠢ ᠠᠵᠢᠭ᠍ᠯᠠᠬᠤ ᠴᠢᠳᠠᠪᠤᠷᠢ᠎ᠨᠢ ᠵᠤᠷᠢᠯᠭ᠎ᠠ᠎ᠲᠠᠢ᠂ ᠰᠠᠨᠠᠭᠠᠴᠢᠯᠠᠭᠠᠳᠣ ᠪᠠᠢᠳᠠᠯ᠎ᠳᠤ ᠤᠷᠤᠱᠢᠵᠤ ᠤᠷᠴᠢᠨ ᠲᠤᠭᠤᠷᠢᠨ᠎ᠤ ᠬᠡᠷᠡᠭ ᠪᠤᠳᠠᠰ᠎ᠢᠶᠠᠨ ᠲᠠᠨᠢᠵᠤ ᠦᠬᠡᠷᠡᠴᠢᠯᠡᠬᠦ᠌᠎ᠳᠤ ᠴᠠᠭ ᠢᠮᠠᠭ᠍ᠳᠠ ᠪᠡᠯᠡᠭᠡᠨ ᠪᠠᠢᠬᠤ᠎ᠳᠤ᠂ ᠤᠬᠠᠮᠰᠠᠷ ᠦᠭᠡᠢ ᠠᠵᠢᠭ᠍ᠯᠠᠬᠤ ᠴᠢᠳᠠᠪᠤᠷᠢ᠎ᠨᠢ ᠤᠷᠴᠢᠨ ᠲᠤᠭᠤᠷᠢᠨ᠎ᠤ ᠬᠡᠷᠡᠭ ᠪᠤᠳᠠᠰ᠎ᠲᠤ ᠦᠯᠦ᠍ ᠬᠠᠢᠬᠤᠷᠬᠤ ᠤᠪᠤᠷ᠎ᠲᠠᠢ᠂ ᠠᠩᠬᠠᠷᠤᠯ ᠲᠦᠪᠯᠡᠷᠡᠬᠦ᠌ ᠦᠭᠡᠢ ᠪᠠᠢᠳᠠᠭ᠃ ᠬᠡᠯᠡ ᠪᠢᠴᠢᠭ᠎ᠤᠨ ᠪᠠᠭ᠍ᠰᠢ᠎ᠡᠴᠡ ᠰᠤᠷᠤᠭ᠍ᠴᠢᠳ᠎ᠤᠨ ᠪᠤᠳᠠᠳᠣ ᠪᠠᠢᠳᠠᠯ᠎ᠠᠴᠠ ᠡᠬᠦᠰᠦᠨ᠂ ᠵᠤᠷᠢᠯᠭ᠎ᠠ᠎ᠲᠠᠢ᠂ ᠰᠠᠨᠠᠭᠠᠴᠢᠯᠠᠭ᠎ᠠ᠎ᠲᠠᠢ᠎ᠪᠠᠷ ᠠᠵᠢᠭ᠍ᠯᠠᠭᠤᠯᠵᠤ᠂ ᠠᠵᠢᠭ᠍ᠯᠠᠬᠤ ᠲᠠᠳᠭᠠᠯ᠎ᠲᠠᠢ ᠪᠤᠯᠭᠠᠨ ᠬᠦᠮᠦᠵᠢᠬᠦᠯᠵᠦ᠍᠂ ᠠᠵᠢᠭ᠍ᠯᠠᠭ᠍ᠰᠠᠨ ᠬᠡᠷᠡᠭ ᠪᠤᠳᠠᠰ᠎ᠢᠶᠠᠨ ᠲᠡᠮᠳᠡᠭ᠌ᠯᠡᠨ ᠲᠤᠭᠠᠴᠢᠬᠤ᠎ᠵᠦᠭ ᠬᠦᠲᠦᠯᠬᠦ ᠬᠡᠷᠡᠭᠳᠡᠢ᠃

ᠬᠤᠶᠠᠷ᠂ ᠠᠵᠢᠭ᠍ᠯᠠᠬᠤ ᠴᠢᠳᠠᠪᠤᠷᠢ᠎ᠶ᠋ᠢ ᠬᠦᠮᠦᠵᠢᠬᠦᠯᠬᠦ᠌ ᠳ᠋ᠤ ᠠᠷᠭ᠎ᠠ ᠠᠪᠴᠠᠯ᠎ᠢᠶᠡᠨ ᠠᠩᠬᠠᠷᠬᠤ ᠬᠡᠷᠡᠭᠳᠡᠢ᠃ ᠦᠩᠭᠡᠷᠡᠭᠰᠡᠨ ᠳ᠋ᠤ ᠵᠦᠪᠯᠡᠯᠲᠦ᠍᠎ᠶ᠋ᠢᠨ ᠰᠤᠷᠭᠠᠨ ᠬᠦᠮᠦᠵᠢᠯ᠎ᠤᠨ ᠤᠬᠠᠭᠠᠨᠳᠠᠨ ᠸ᠊·ᠠ᠊·ᠰᠦᠬᠤᠮᠯᠢᠨ᠋ᠰᠺᠢ 《ᠬᠡᠦᠭᠡᠳ᠎ᠢᠶᠠᠷ ᠠᠵᠢᠭ᠍ᠯᠠᠯᠳᠠ ᠬᠢᠯᠭᠡᠬᠦ᠌᠎ᠨᠢ ᠭᠡᠦᠭᠡᠳ᠎ᠢ ᠢᠳᠡᠪᠬᠢᠲᠠᠢ ᠠᠵᠢᠯᠯᠠᠭᠤᠯᠳᠠᠭ ᠲᠡᠳᠦᠢ ᠦᠭᠡᠢ᠂ ᠰᠡᠳᠭᠢᠬᠦᠢ᠎ᠶ᠋ᠢ᠎ᠨᠢ ᠬᠦᠭ᠌ᠵᠢᠬᠦᠯᠬᠦ᠌᠎ᠳᠤ ᠴᠦ᠍ ᠴᠢᠬᠤᠯᠠ ᠦᠢᠯᠡᠳᠦᠯ᠎ᠲᠠᠢ ᠪᠠᠢᠳᠠᠭ᠂ ᠲᠡᠬᠦᠨ᠎ᠢ ᠬᠢᠴᠢᠶᠡᠯ᠎ᠤᠨ ᠲᠠᠩᠬᠢᠮ᠎ᠳᠤ ᠯᠡ ᠬᠡᠷᠡᠭ᠌ᠯᠡᠬᠦ᠌᠎ᠨᠢ ᠵᠤᠬᠢᠰ ᠦᠭᠡᠢ᠃ ᠠᠵᠢᠭ᠍ᠯᠠᠬᠤ᠎ᠨᠢ ᠬᠡᠦᠭᠡᠳ᠎ᠤᠨ ᠰᠡᠳᠭᠢᠬᠦᠢ᠎ᠶ᠋ᠢᠨ ᠬᠦᠭ᠌ᠵᠢᠯᠳᠡ᠎ᠳᠤ ᠶᠠᠮᠠᠷᠬᠠᠨ ᠦᠢᠯᠡᠳᠦᠯ ᠦᠵᠡᠬᠦᠯᠳᠡᠭ ᠪᠤᠢ ᠭᠡᠳᠡᠭ ᠠᠰᠠᠭᠤᠳᠠᠯ᠎ᠢ ᠱᠢᠢᠳᠬᠦ᠌᠎ᠳᠤ ᠪᠠᠭ᠍ᠰᠢ᠎ᠶ᠋ᠢᠨ ᠪᠤᠯᠪᠠᠰᠤᠷᠠᠯ ᠴᠦ᠍ ᠨᠢᠭᠡᠨ ᠬᠡᠮᠵᠢᠶ᠎ᠡ᠎ᠪᠠᠷ ᠱᠠᠭᠠᠷᠳᠠᠭ᠍ᠳᠠᠳᠠᠭ᠃ ᠠᠵᠢᠭ᠍ᠯᠠᠬᠤ ᠲᠤᠮᠳᠠ᠎ᠠᠴᠠ ᠮᠡᠳᠡᠯᠭᠡ ᠡᠵᠡᠮᠱᠢᠵᠦ᠍᠂ ᠡᠵᠡᠮᠱᠢᠭ᠌ᠰᠡᠨ ᠮᠡᠳᠡᠯᠭᠡ᠎ᠪᠠᠨ ᠠᠵᠢᠭ᠍ᠯᠠᠯᠳᠠ᠎ᠪᠠᠷ ᠳᠠᠮᠵᠢᠭᠤᠯᠤᠨ ᠠᠮᠢᠳᠤᠯᠢᠭ ᠬᠦᠳᠡᠯᠭᠡᠭᠡᠨ᠎ᠲᠠᠢ ᠪᠤᠯᠭᠠᠵᠤ᠂〈ᠡᠷᠭᠢᠯᠲᠡ〉 ᠳ᠋ᠤ ᠤᠷᠤᠭᠤᠯᠬᠤ᠎ᠨᠢ ᠪᠠᠭᠠᠵᠢ ᠵᠡᠪᠰᠡᠭ᠎ᠢ ᠠᠵᠢᠯ ᠬᠦᠳᠡᠯᠮᠦᠷᠢ᠎ᠳᠤ ᠠᠱᠢᠭ᠍ᠯᠠᠬᠤ᠎ᠲᠠᠢ ᠠᠳᠠᠯᠢᠬᠠᠨ ᠶᠤᠮ᠃ ᠰᠠᠢᠨ ᠠᠵᠢᠭ᠍ᠯᠠᠬᠤ ᠴᠢᠳᠠᠪᠤᠷᠢ᠎ᠲᠠᠢ ᠬᠡᠦᠭᠡᠳ ᠬᠢᠴᠢᠶᠡᠯ ᠰᠤᠷᠤᠯᠭ᠎ᠠ᠎ᠳ᠋ᠠᠭᠠᠨ ᠶᠡᠷᠦ᠍᠎ᠨᠢ ᠬᠦᠴᠢᠷᠳᠡᠳᠡᠭ ᠦᠭᠡᠢ᠂ ᠲᠡᠭᠡᠭᠡᠳ ᠪᠠᠭ᠍ᠰᠢ᠎ᠨᠢ ᠬᠠᠮᠵᠢᠵᠦ᠍ ᠰᠤᠷᠤᠭ᠍ᠰᠠᠨ ᠮᠡᠳᠡᠯᠭᠡ᠎ᠶ᠋ᠢ᠎ᠨᠢ ᠢᠮᠠᠭ᠍ᠳᠠ ᠠᠱᠢᠭ᠍ᠯᠠᠭᠤᠯᠪᠠᠯ ᠦᠪᠡᠷ᠎ᠤᠨ ᠬᠢᠨᠢ ᠪᠤᠯᠵᠣ ᠰᠠᠭᠤᠭ᠍ᠳᠠᠬᠤ᠎ᠳᠤ ᠤᠨᠴᠠ ᠲᠤᠰᠠ᠎ᠲᠠᠢ ᠪᠠᠢᠳᠠᠭ》ᠭᠡᠵᠦ ᠬᠡᠯᠡᠵᠦ ᠦᠩᠭᠡᠷᠡᠵᠡᠢ᠃ ᠰᠤᠷᠤᠭ᠍ᠴᠢᠳ᠎ᠤᠨ ᠠᠵᠢᠭ᠍ᠯᠠᠬᠤ ᠴᠢᠳᠠᠪᠤᠷᠢ᠎ᠶ᠋ᠢ ᠬᠦᠮᠦᠵᠢᠬᠦᠯᠬᠦ᠌ ᠭᠡᠳᠡᠭ᠎ᠨᠢ ᠤᠬᠠᠮᠰᠠᠷ ᠦᠭᠡᠢ ᠠᠵᠢᠭ᠍ᠯᠠᠬᠤ ᠴᠢᠳᠠᠪᠤᠷᠢ᠎ᠶ᠋ᠢ᠎ᠨᠢ ᠤᠬᠠᠮᠰᠠᠷ᠎ᠲᠠᠢ ᠠᠵᠢᠭ᠍ᠯᠠᠬᠤ ᠴᠢᠳᠠᠪᠤᠷᠢ ᠪᠤᠯᠭᠠᠨ ᠬᠤᠪᠢᠷᠠᠭᠤᠯᠬᠤ ᠶᠠᠪᠤᠳᠠᠯ ᠪᠤᠯᠤᠨ᠎ᠠ᠃ ᠡᠬᠦᠨ᠎ᠳᠤ ᠪᠠᠭ᠍ᠰᠢ᠎ᠶ᠋ᠢᠨ ᠬᠦᠳᠡᠯᠮᠦᠷᠢ ᠱᠠᠭᠠᠷᠳᠠᠭ᠍ᠳᠠᠨ᠎ᠠ᠃ ᠬᠡᠯᠡ ᠪᠢᠴᠢᠭ᠎ᠤᠨ ᠪᠠᠭ᠍ᠰᠢ ᠲᠡᠳᠡᠭᠡᠷ ᠠᠵᠢᠭ᠍ᠯᠠᠬᠤ ᠲᠠᠳᠭᠠᠯ ᠦᠭᠡᠢ ᠰᠤᠷᠤᠭ᠍ᠴᠢᠳ᠎ᠤᠨ ᠪᠠᠢᠳᠠᠯ᠎ᠢ ᠵᠠᠳᠠᠯᠤᠨ ᠱᠢᠨᠵᠢᠯᠡᠵᠦ᠍᠂ ᠪᠠᠢᠳᠠᠯ᠎ᠳᠤᠨᠢ ᠲᠤᠬᠢᠷᠠᠭᠤᠯᠤᠨ ᠵᠢᠭᠠᠨ ᠵᠢᠯᠤᠭᠤᠳᠬᠣ ᠬᠡᠷᠡᠭᠳᠡᠢ᠃

ᠡᠳᠦᠷ ᠲᠤᠳᠤᠮ᠎ᠤᠨ ᠵᠢᠵᠢᠭ ᠰᠠᠵᠢᠭ ᠠᠷᠰᠠᠷ ᠬᠡᠷᠡᠭ ᠪᠤᠳᠠᠰ᠎ᠢ ᠠᠵᠢᠭ᠍ᠯᠠᠭᠤᠯᠬᠤ᠃ ᠰᠤᠷᠭᠠᠭᠤᠯᠢ᠎ᠶ᠋ᠢᠨ ᠬᠦᠷᠢᠶᠡᠨ᠎ᠤ ᠴᠡᠴᠡᠭ ᠬᠤᠸᠠᠷ᠂ ᠡᠪᠡᠰᠦ ᠮᠤᠳᠤ᠂ ᠬᠡᠷᠡᠮ ᠬᠠᠨ᠎ᠠ᠂ ᠭᠡᠷ ᠪᠠᠷᠢᠯᠭ᠎ᠠ᠂ ᠡᠬᠦᠳᠡ ᠴᠤᠩᠬᠤ᠂ ᠬᠢᠴᠢᠶᠡᠯ᠎ᠤᠨ ᠭᠡᠷ᠂ ᠪᠠᠭ᠍ᠰᠢ ᠰᠤᠷᠤᠭ᠍ᠴᠢ᠂ ᠠᠯᠪᠠᠨ ᠭᠡᠷ᠂ ᠲᠠᠮᠢᠷ᠎ᠤᠨ ᠲᠠᠯᠠᠪᠠᠢ᠂ ᠴᠡᠴᠡᠭ᠎ᠤᠨ ᠲᠠᠲᠠᠭᠠᠯ᠂ ᠬᠢᠴᠢᠶᠡᠯ᠎ᠤᠨ ᠵᠠᠪᠰᠠᠷᠯᠠᠭ᠎ᠠ᠎ᠶ᠋ᠢᠨ ᠲᠠᠮᠢᠷ᠂ ᠬᠠᠮᠳᠤ ᠰᠤᠷᠤᠭ᠍ᠴᠢᠳ᠎ᠤᠨ ᠨᠠᠷᠬᠢᠶᠠᠨ ᠬᠦᠭ᠌ᠵᠢᠶᠡᠨ᠂ ᠤᠷᠠᠨ ᠲᠤᠳᠤ ᠤᠩᠱᠢᠯᠭ᠎ᠠ᠂ ᠲᠠᠭᠤᠤ ᠪᠦᠵᠢᠭ᠎ᠤᠨ ᠬᠦᠳᠡᠯᠭᠡᠭᠡᠨ᠂ ᠬᠤᠱᠢᠭᠤᠴᠢ ᠠᠩᠬᠢ᠎ᠶ᠋ᠢᠨ ᠠᠵᠢᠯᠯᠠᠭ᠎ᠠ ᠵᠡᠷᠭᠡ᠎ᠶ᠋ᠢ ᠰᠠᠨᠠᠭᠠᠴᠢᠯᠠᠭ᠎ᠠ᠎ᠲᠠᠢ᠎ᠪᠠᠷ ᠠᠵᠢᠭ᠍ᠯᠠᠭᠤᠯᠤᠨ᠎ᠠ᠃ ᠠᠷᠤ ᠭᠡᠷ᠎ᠤᠨ ᠤᠷᠤᠱᠢᠬᠤ ᠪᠠᠢᠷᠢᠱᠢᠯ᠂ ᠵᠠᠮ ᠨᠡᠪᠳᠡᠷᠡᠯᠭᠡ᠂ ᠲᠡᠷᠭᠡ ᠤᠨᠤᠭ᠎ᠠ᠂ ᠰᠠᠭᠤᠭᠠᠯᠢ ᠲᠤᠭᠤᠷᠢᠭ᠂ ᠬᠤᠳᠠᠯᠳᠤᠭ᠎ᠠ ᠲᠡᠯᠭᠡᠬᠦᠷ᠂ ᠦᠢᠯᠡᠴᠢᠯᠡᠭ᠌ᠴᠢ᠂ ᠨᠡᠢᠭᠡᠮ ᠲᠤᠭᠤᠷᠢᠭ᠂ ᠨᠤᠭᠤᠭᠠᠷᠠᠭᠤᠯᠤᠯᠳᠠ ᠤᠢᠵᠢᠭᠤᠯᠤᠯᠳᠠ ᠵᠡᠷᠭᠡ ᠪᠠᠢᠳᠠᠯ᠎ᠢ ᠠᠵᠢᠭ᠍ᠯᠠᠭᠤᠯᠤᠨ᠎ᠠ᠃ ᠡᠳᠡᠭᠡᠷ᠎ᠠᠴᠠ ᠦᠵᠡᠬᠦ᠌᠎ᠳᠤ ᠡᠳᠦᠷ ᠲᠤᠳᠤᠮ᠎ᠤᠨ ᠦᠵᠡᠭ᠌ᠳᠡᠯ᠎ᠨᠢ ᠬᠡᠳᠦᠢᠪᠡᠷ ᠳᠦᠭᠦᠮ ᠬᠢᠯᠪᠠᠷ ᠱᠢᠭ᠋ ᠪᠤᠯᠪᠠᠴᠤ᠌ ᠰᠤᠷᠤᠭ᠍ᠴᠢᠳ᠎ᠤᠨ ᠡᠳᠦᠷ ᠲᠤᠳᠤᠮ᠎ᠤᠨ ᠠᠮᠢᠳᠤᠷᠠᠯ᠎ᠲᠠᠢ ᠨᠢᠭᠳᠠ ᠬᠤᠯᠪᠤᠭ᠍ᠳᠠᠬᠤ᠎ᠪᠠᠷ ᠪᠠᠷᠠᠬᠤ ᠦᠭᠡᠢ ᠰᠤᠷᠤᠭ᠍ᠴᠢᠳ᠎ᠤᠨ ᠵᠠᠩ ᠠᠷᠠᠨᠱᠢᠨ᠎ᠤ ᠪᠦᠷᠢᠯᠳᠦᠯ᠂ ᠤᠬᠠᠭᠠᠨ ᠰᠠᠨᠠᠭᠠᠨ᠎ᠤ ᠲᠤᠮᠤᠭᠠᠵᠢᠯ᠎ᠳᠤ ᠴᠢᠬᠤᠯᠠ ᠨᠦᠯᠦᠭᠡ ᠦᠵᠡᠬᠦᠯᠬᠦ᠌᠎ᠨᠢ ᠳᠠᠮᠵᠢᠭ ᠦᠭᠡᠢ᠃ ᠪᠠᠭ᠍ᠰᠢ᠎ᠠᠴᠠ ᠰᠤᠷᠤᠭ᠍ᠴᠢᠳ᠎ᠤᠨ ᠠᠵᠢᠭ᠍ᠯᠠᠭ᠍ᠰᠠᠨ ᠪᠠᠢᠳᠠᠯ᠎ᠤᠨ ᠪᠠᠢᠴᠠᠭᠠᠯᠳᠠ ᠬᠢᠵᠦ᠍ ᠰᠤᠷᠤᠭ᠍ᠴᠢᠳ᠎ᠤᠨ ᠠᠵᠢᠭ᠍ᠯᠠᠭᠰᠠᠨ ᠦᠷ᠎ᠡ ᠪᠦᠳᠦᠮᠵᠢ᠎ᠶ᠋ᠢ ᠬᠢᠨᠠᠨ ᠪᠠᠢᠴᠠᠭᠠᠵᠤ ᠮᠡᠳᠡᠵᠦ ᠠᠪᠤᠪᠠᠯ ᠵᠤᠬᠢᠨ᠎ᠠ᠂ ᠢᠩᠬᠢᠪᠡᠯ ᠰᠠᠶᠢ ᠰᠤᠷᠤᠭ᠍ᠴᠢᠳ᠎ᠤᠨ ᠠᠵᠢᠭ᠍ᠯᠠᠬᠤ ᠴᠢᠳᠠᠪᠤᠷᠢ᠎ᠶ᠋ᠢᠨ ᠬᠢᠷᠢ ᠬᠡᠮᠵᠢᠶᠡᠨ᠎ᠤ ᠲᠡᠭᠡᠭ᠌ᠰᠢᠯᠡᠯᠳᠡ᠎ᠶ᠋ᠢ ᠮᠦᠷᠳᠡᠨ ᠤᠢᠯᠠᠭᠠᠵᠤ ᠴᠢᠳᠠᠨ᠎ᠠ᠃ ᠠᠵᠢᠭ᠍ᠯᠠᠭᠰᠠᠨ ᠦᠷ᠎ᠡ ᠪᠦᠳᠦᠮᠵᠢ᠎ᠶ᠋ᠢ ᠬᠢᠨᠠᠨ ᠪᠠᠢᠴᠠᠭᠠᠬᠤ᠎ᠳ᠋ᠠᠭᠠᠨ ᠬᠡᠯᠪᠡᠷᠢ ᠤᠯᠠᠨ ᠠᠭᠤᠯᠭ᠎ᠠ ᠪᠠᠶᠠᠯᠢᠭ ᠪᠦᠬᠦᠢ ᠠᠷᠭ᠎ᠠ ᠬᠡᠮᠵᠢᠶ᠎ᠡ ᠠᠪᠴᠤ᠌ ᠪᠤᠯᠤᠨ᠎ᠠ᠃ ᠰᠤᠷᠤᠭ᠍ᠴᠢᠳ ᠬᠤᠭᠤᠷᠤᠨᠳ᠋ᠣ ᠪᠠᠨ ᠦᠷ᠎ᠡ ᠪᠦᠳᠦᠮᠵᠢ᠎ᠪᠠᠨ ᠬᠤᠪᠢᠶᠠᠯᠴᠠᠬᠤ᠂ ᠲᠦᠯᠦᠭᠡᠯᠡᠭ᠌ᠴᠢ᠎ᠠᠴᠠ ᠠᠵᠢᠭ᠍ᠯᠠᠭᠰᠠᠨ ᠦᠷ᠎ᠡ ᠪᠦᠳᠦᠮᠵᠢ᠎ᠪᠠᠨ ᠲᠠᠨᠢᠯᠴᠠᠭᠤᠯᠬᠤ᠂ ᠲᠤᠬᠠᠢ᠎ᠶ᠋ᠢᠨ ᠭᠠᠵᠠᠷ᠎ᠲᠤᠨᠢ ᠬᠦᠷᠴᠦ᠍ ᠠᠳᠠᠯᠢ ᠬᠡᠷᠡᠭ ᠪᠤᠳᠠᠰ᠎ᠢ ᠠᠵᠢᠭ᠍ᠯᠠᠭᠤᠯᠬᠤ᠎ᠶ᠋ᠢᠨ ᠤᠯᠠᠮ᠎ᠠᠴᠠ ᠲᠦᠷᠦᠭ᠌ᠳᠡᠯ᠎ᠢᠶᠠᠨ ᠬᠤᠪᠢᠶᠠᠯᠴᠠᠬᠤ᠂ ᠨᠡᠢᠳᠡᠯᠢᠭ ᠵᠢᠱ᠌ᠢᠶ᠎ᠡ ᠵᠢ ᠬᠤᠪᠢᠶᠠᠯᠴᠠᠬᠤ᠂ ᠵᠦᠷᠢᠶ᠎ᠡ᠎ᠪᠠᠨ ᠡᠷᠢᠵᠦ᠍ ᠭᠠᠷᠭᠠᠬᠤ ᠵᠡᠷᠭᠡ ᠤᠯᠠᠨ ᠠᠷᠭ᠎ᠠ ᠬᠡᠮᠵᠢᠶ᠎ᠡ ᠠᠪᠴᠤ᠌ ᠪᠤᠯᠤᠨ᠎ᠠ᠃

ᠵᠢᠭᠤᠯᠴᠢᠯᠠᠯ᠎ᠤᠨ ᠴᠡᠭ᠎ᠲᠤ ᠬᠦᠷᠴᠦ᠍ ᠠᠵᠢᠭ᠍ᠯᠠᠭᠤᠯᠬᠤ ᠃ ᠵᠢᠭᠤᠯᠴᠢᠯᠠᠯ᠎ᠤᠨ ᠴᠡᠭ᠎ᠨᠢ ᠰᠤᠷᠤᠭ᠍ᠴᠢᠳ᠎ᠲᠤ ᠠᠪᠴᠣ ᠬᠡᠯᠡᠪᠡᠯ ᠱᠢᠨ᠎ᠡ ᠬᠡᠷᠡᠭ ᠪᠤᠳᠠᠰ ᠪᠤᠯᠤᠨ᠎ᠠ᠃ ᠰᠤᠷᠤᠭ᠍ᠴᠢᠳ ᠱᠢᠨ᠎ᠡ ᠬᠡᠷᠡᠭ ᠪᠤᠳᠠᠰ᠎ᠲᠤ ᠰᠤᠨᠢᠭᠤᠴᠢ ᠰᠡᠳᠭᠢᠯ ᠡᠪᠦᠷᠯᠡᠬᠦ᠌᠎ᠨᠢ ᠶᠠᠷᠢᠶᠠᠨ ᠦᠭᠡᠢ ᠪᠤᠯᠪᠠᠴᠤ᠌ ᠲᠡᠳᠡᠨᠦᠰ᠎ᠤᠨ ᠠᠵᠢᠭ᠍ᠯᠠᠬᠤ ᠵᠤᠭ᠍ᠰᠤᠴᠠ᠂ ᠠᠵᠢᠭ᠍ᠯᠠᠬᠤ ᠤᠪᠤᠷ᠂ ᠠᠵᠢᠭ᠍ᠯᠠᠬᠤ ᠦᠷ᠎ᠡ ᠪᠦᠳᠦᠮᠵᠢ᠎ᠨᠢ ᠬᠠᠷᠢᠯᠴᠠᠨ ᠠᠳᠠᠯᠢ ᠪᠤᠰᠤ ᠪᠠᠢᠳᠠᠭ᠃ ᠵᠢᠱ᠌ᠢᠶᠡᠯᠡᠪᠡᠯ᠂ ᠵᠢᠭᠤᠯᠴᠢᠯᠠᠯ᠎ᠤᠨ ᠴᠡᠭ᠎ᠲᠤ᠌ ᠬᠦᠷᠦᠬᠡᠳ ᠮᠤᠷᠢ ᠤᠨᠤᠬᠤ ᠳ᠋ᠤ ᠵᠠᠷᠢᠮ ᠰᠤᠷᠤᠭ᠍ᠴᠢ ᠮᠤᠷᠢ᠎ᠠᠴᠠ ᠡᠮᠢᠶᠡᠬᠦ᠌ ᠰᠡᠳᠭᠢᠴᠡ᠎ᠲᠠᠢ᠂ ᠵᠠᠷᠢᠮ ᠰᠤᠷᠤᠭ᠍ᠴᠢ ᠬᠠᠷᠢᠨ ᠠᠵᠢᠭ ᠦᠬᠡᠢ ᠤᠨᠤᠴᠢᠬᠠᠳᠠᠭ᠃ ᠡᠢᠮᠦ᠍᠎ᠠᠴᠠ ᠰᠤᠷᠤᠭ᠍ᠴᠢᠳ᠎ᠤᠨ ᠮᠤᠷᠢ ᠤᠨᠤᠬᠤ ᠲᠤᠬᠠᠢ ᠰᠡᠳᠭᠢᠭ᠌ᠳᠡᠯ ᠲᠦᠷᠦᠭ᠌ᠳᠡᠯ ᠢᠯᠭᠠᠭ᠎ᠠ᠎ᠲᠠᠢ ᠪᠠᠢᠳᠠᠭ᠃ ᠵᠢᠭᠤᠯᠴᠢᠯᠠᠯ᠎ᠤᠨ ᠴᠡᠭ᠎ᠲᠠᠬᠢ ᠨᠠᠭᠤᠷ ᠭᠤᠤᠯ᠎ᠳᠤ ᠤᠩᠭᠤᠴᠠ ᠰᠡᠯᠢᠬᠦ᠂ ᠤᠩᠭᠤᠴᠠ᠎ᠳᠤ ᠰᠠᠭᠤᠬᠤ ᠮᠡᠳᠤ ᠪᠡᠷ ᠪᠡᠶᠡᠳᠡᠨ ᠤᠷᠤᠯᠴᠠᠭᠤᠯᠵᠤ ᠠᠵᠢᠭ᠍ᠯᠠᠭᠰᠠᠨ ᠦᠷ᠎ᠡ ᠪᠦᠳᠦᠮᠵᠢ᠎ᠶ᠋ᠢ ᠬᠤᠪᠢᠶᠠᠯᠴᠠᠭᠤᠯᠵᠣ ᠪᠣᠯᠤᠨ᠎ᠠ᠃ ᠵᠢᠭᠤᠯᠴᠢᠯᠠᠯ᠎ᠤᠨ ᠴᠡᠭ᠎ᠲᠠᠬᠢ ᠵᠢᠭᠤᠯᠴᠢᠯᠠᠭ᠍ᠰᠠᠳ᠎ᠢ ᠠᠵᠢᠭ᠍ᠯᠠᠭᠤᠯᠵᠤ᠂ ᠠᠳᠠᠯᠢ ᠪᠤᠰᠤ ᠬᠦᠮᠦᠨ᠂ ᠠᠳᠠᠯᠢ ᠪᠤᠰᠤ ᠪᠡᠶ᠎ᠡ ᠪᠢᠯᠳᠠᠷ᠂ ᠠᠳᠠᠯᠢ ᠪᠤᠰᠤ ᠤᠪᠤᠷ ᠲᠦᠯᠦᠪ᠂ ᠠᠳᠠᠯᠢ ᠪᠤᠰᠤ ᠵᠠᠩ ᠠᠭᠠᠰᠢ ᠵᠡᠷᠭᠡ᠎ᠶ᠋ᠢ ᠠᠵᠢᠭ᠍ᠯᠠᠭᠤᠯᠵᠤ ᠦᠷ᠎ᠡ ᠪᠦᠳᠦᠮᠵᠢ᠎ᠵᠢ ᠨᠢ ᠬᠤᠪᠢᠶᠠᠯᠴᠠᠭᠣᠯᠵᠣ ᠪᠣᠯᠣᠨ᠎ᠠ᠃ ᠵᠢᠭᠤᠯᠴᠢᠯᠠᠯ᠎ᠤᠨ ᠴᠡᠭ᠎ᠲᠠᠬᠢ ᠡᠯ᠎ᠡ ᠲᠠᠯ᠎ᠠ᠎ᠶ᠋ᠢᠨ ᠬᠠᠮᠢᠶᠠᠷᠤᠯᠳᠠ᠎ᠶ᠋ᠢᠨ ᠪᠠᠢᠳᠠᠯ᠎ᠢ ᠠᠵᠢᠭ᠍ᠯᠠᠭᠤᠯᠵᠤ᠂ ᠠᠵᠢᠭ᠍ᠯᠠᠭᠰᠠᠨ ᠦᠷ᠎ᠡ ᠪᠦᠳᠦᠮᠵᠢ᠎ᠵᠢ ᠨᠢ ᠬᠤᠪᠢᠶᠠᠯᠴᠠᠭᠣᠯᠵᠣ ᠪᠣᠯᠣᠨ᠎ᠠ᠃ ᠵᠢᠭᠤᠯᠴᠢᠯᠠᠯ᠎ᠤᠨ ᠴᠡᠭ᠎ᠤᠨ ᠲᠡᠦᠭᠡ᠎ᠶ᠋ᠢ ᠰᠤᠷᠤᠯᠴᠠᠭᠤᠯᠵᠤ᠂ ᠤᠢᠯᠠᠭᠠᠭᠤᠯᠵᠤ᠂ ᠦᠷ᠎ᠡ ᠪᠦᠳᠦᠮᠵᠢ᠎ᠵᠢ ᠨᠢ ᠬᠤᠪᠢᠶᠠᠯᠴᠠᠭᠣᠯᠵᠣ ᠪᠣᠯᠣᠨ᠎ᠠ᠃ ᠡᠴᠦᠰ᠎ᠲᠤ ᠵᠢᠭᠤᠯᠴᠢᠯᠠᠯ᠎ᠤᠨ ᠭᠠᠵᠠᠷ᠎ᠤᠨ ᠲᠤᠬᠠᠢ ᠶᠡᠷᠦᠩᠭᠡᠢ ᠤᠢᠯᠠᠭᠠᠯᠳᠠ᠎ᠵᠢ ᠨᠢ ᠬᠤᠪᠢᠶᠠᠯᠴᠠᠭᠣᠯᠵᠤ᠂ ᠵᠢᠭᠤᠯᠴᠢᠯᠠᠯ᠎ᠤᠨ ᠦᠢᠯᠡᠰ᠎ᠤᠨ ᠲᠤᠬᠠᠢ ᠬᠤᠪᠢ᠎ᠶ᠋ᠢᠨ ᠦᠵᠡᠯᠳᠡ᠎ᠪᠠᠨ ᠶᠠᠷᠢᠬᠤ᠎ᠶ᠋ᠢ ᠵᠤᠷᠢᠭ᠍ᠵᠢᠭᠤᠯᠤᠨ᠎ᠠ᠃

ᠨᠡᠢᠭᠡᠮ᠎ᠤᠨ ᠠᠮᠢᠳᠤᠷᠠᠯ᠎ᠢ ᠠᠵᠢᠭ᠍ᠯᠠᠭᠤᠯᠬᠤ᠃ ᠨᠡᠢᠭᠡᠮ᠎ᠤᠨ ᠠᠮᠢᠳᠤᠷᠠᠯ᠎ᠨᠢ ᠰᠤᠷᠤᠭ᠍ᠴᠢᠳ᠎ᠤᠨ ᠤᠢᠯᠠᠭᠠᠬᠤ᠎ᠶ᠋ᠢ ᠬᠦᠯᠢᠶᠡᠵᠦ᠍ ᠪᠠᠢᠳᠠᠭ᠃ ᠨᠡᠢᠭᠡᠮ᠎ᠤᠨ ᠠᠮᠢᠳᠤᠷᠠᠯ᠎ᠳᠤ ᠤᠯᠠᠨ ᠰᠠᠯᠠᠭ᠎ᠠ ᠮᠦᠴᠢᠷ ᠪᠤᠢ᠃ ᠵᠠᠰᠠᠭ ᠵᠠᠬᠢᠷᠭ᠎ᠠ᠂ ᠪᠠᠢᠭᠤᠯᠭ᠎ᠠ ᠨᠢᠭᠡᠴᠢ᠂ ᠦᠢᠯᠡᠳᠪᠦᠷᠢ ᠠᠭᠤᠷᠬᠠᠢ᠂ ᠬᠤᠳᠠᠯᠳᠤᠭ᠎ᠠ ᠲᠡᠯᠭᠡᠬᠦᠷ᠂ ᠰᠠᠭᠤᠭᠠᠯᠢ ᠲᠤᠭᠤᠷᠢᠭ᠂ ᠠᠷᠠᠳ᠎ᠤᠨ ᠪᠦᠯᠬᠦᠮ᠂ ᠵᠠᠮ ᠬᠠᠷᠢᠯᠴᠠᠭ᠎ᠠ᠂ ᠡᠮ ᠡᠮᠨᠡᠯᠭᠡ ᠵᠡᠷᠭᠡ᠎ᠨᠢ ᠪᠦᠷ ᠨᠠᠢᠭᠡᠮ᠎ᠤᠨ ᠠᠮᠢᠳᠤᠷᠠᠯ᠎ᠳᠠᠬᠢ ᠲᠤᠳᠠᠭ᠍ᠳᠠᠵᠤ ᠪᠤᠯᠤᠰᠢ ᠦᠭᠡᠢ 《ᠡᠷᠭᠢ ᠱᠤᠷᠠᠭ》 ᠪᠤᠯᠤᠨ᠎ᠠ᠃ ᠰᠤᠷᠤᠭ᠍ᠴᠢᠳ ᠨᠡᠢᠭᠡᠮ᠎ᠤᠨ ᠠᠮᠢᠳᠤᠷᠠᠯ᠎ᠢ ᠤᠢᠯᠠᠭᠠᠬᠤ᠎ᠨᠢ ᠬᠤᠵᠢᠮ ᠨᠡᠢᠭᠡᠮ᠎ᠤᠨ ᠠᠮᠢᠳᠤᠷᠠᠯ᠎ᠳᠤ ᠤᠷᠤᠯᠴᠠᠬᠤ᠎ᠶ᠋ᠢᠨ ᠰᠠᠭᠤᠷᠢ ᠪᠤᠯᠤᠨ᠎ᠠ᠃ ᠪᠠᠭ᠍ᠰᠢ᠎ᠠᠴᠠ ᠰᠤᠷᠤᠭ᠍ᠴᠢᠳ᠎ᠢ ᠵᠤᠬᠢᠶᠠᠨ ᠪᠠᠢᠭᠤᠯᠵᠤ ᠨᠡᠢᠭᠡᠮ᠎ᠤᠨ ᠠᠮᠢᠳᠤᠷᠠᠯ᠎ᠳᠤ ᠬᠦᠨᠵᠡᠭᠡᠢᠷᠡᠬᠦᠯᠦᠨ᠂ ᠨᠡᠢᠭᠡᠮ᠎ᠢ ᠤᠢᠯᠠᠭᠠᠭᠤᠯᠵᠤ᠂ ᠨᠡᠢᠭᠡᠮ᠎ᠳᠤ ᠲᠤᠰᠠᠳᠠᠢ ᠬᠦᠮᠦᠨ ᠪᠤᠯᠵᠤ ᠬᠦᠮᠦᠵᠢᠭ᠌ᠳᠡᠬᠦ᠌᠎ᠶ᠋ᠢᠨ ᠠᠩᠬᠠᠨ᠎ᠤ ᠰᠠᠭᠤᠷᠢ᠎ᠶ᠋ᠢ ᠲᠠᠯᠪᠢᠵᠤ ᠦᠭ᠌ᠪᠡᠯ ᠵᠤᠬᠢᠨ᠎ᠠ᠃ ᠦᠢᠯᠡᠳᠪᠦᠷᠢ ᠠᠭᠤᠷᠬᠠᠢ᠎ᠳᠤ ᠬᠦᠷᠴᠦ᠍᠂ ᠦᠢᠯᠡᠳᠪᠦᠷᠢᠯᠡᠯ᠎ᠤᠨ ᠨᠢᠭᠡᠳᠦᠭᠡᠷ ᠹᠷᠤᠨᠲ᠎ᠲᠤ ᠠᠵᠢᠯᠯᠠᠵᠤ ᠪᠠᠢᠭ᠎ᠠ ᠠᠵᠢᠯᠴᠢᠨ᠎ᠤ ᠠᠮᠢᠳᠤᠷᠠᠯ᠎ᠢ ᠤᠢᠯᠠᠭᠠᠭᠤᠯᠵᠤ᠂ ᠠᠮᠢᠳᠤᠷᠠᠯ᠎ᠤᠨ ᠬᠠᠲᠠᠭᠤ ᠪᠡᠷᠭᠡ᠎ᠶ᠋ᠢ ᠪᠡᠶᠡᠴᠢᠯᠡᠨ ᠮᠡᠳᠡᠬᠦᠯᠵᠣ ᠪᠣᠯᠦᠨ᠎ᠡ᠃ ᠨᠠᠰᠤᠳᠠᠨ᠎ᠤ ᠠᠰᠠᠷᠠᠮᠵᠢ᠎ᠶ᠋ᠢᠨ ᠭᠠᠵᠠᠷ ᠤᠴᠢᠭᠤᠯᠵᠤ᠂ ᠨᠠᠰᠤᠳᠠᠨ᠎ᠤ ᠠᠮᠢᠳᠤᠷᠠᠯ᠎ᠤᠨ ᠪᠠᠢᠳᠠᠯ᠎ᠢ ᠤᠢᠯᠠᠭᠠᠭᠤᠯᠵᠤ᠂ ᠠᠬᠠᠮᠠᠳ᠎ᠢᠶᠠᠨ ᠬᠦᠨᠳᠦᠯᠡᠵᠦ᠍ ᠠᠰᠠᠷᠠᠬᠤ ᠲᠤᠬᠠᠢ ᠪᠤᠳᠠᠳᠠᠢ ᠲᠠᠨᠢᠯᠲᠠ᠎ᠲᠠᠢ ᠪᠤᠯᠭᠠᠨ᠎ᠠ᠃ ᠮᠦᠽᠧᠢ᠂ ᠲᠤᠷᠠᠰᠭᠠᠯ᠎ᠤᠨ ᠤᠷᠳᠤᠨ᠎ᠢᠶᠠᠷ ᠲᠤᠭᠤᠷᠢᠨ ᠰᠤᠷᠤᠯᠴᠠᠭᠤᠯᠵᠤ᠂ ᠲᠡᠦᠭᠡᠨ ᠬᠦᠮᠦᠨ᠂ ᠲᠡᠦᠭᠡᠨ ᠬᠡᠷᠡᠭ ᠣᠴᠢᠷ᠎ᠤᠨ ᠲᠤᠬᠠᠢ ᠲᠠᠨᠢᠯᠲᠠ᠎ᠶ᠋ᠢ᠎ᠨᠢ ᠬᠦᠨᠵᠡᠭᠡᠢᠷᠡᠬᠦᠯᠵᠦ᠍᠂ ᠵᠦᠪ ᠤᠨᠤᠪᠴᠢᠳᠠᠢ ᠶᠢᠷᠳᠢᠨᠴᠦ᠍᠎ᠶ᠋ᠢᠨ ᠦᠵᠡᠯᠳᠡ᠂ ᠥᠷᠳᠡᠭ᠎ᠤᠨ ᠦᠵᠡᠯᠳᠡ᠂ ᠠᠮᠢᠳᠤᠷᠠᠬᠤᠢ᠎ᠶ᠋ᠢᠨ ᠦᠵᠡᠯᠳᠡ᠎ᠲᠠᠢ ᠪᠤᠯᠬᠤ᠎ᠳᠤᠨᠢ ᠬᠦᠳᠦᠯᠦᠨ᠎ᠡ ᠃

ᠭᠤᠷᠪᠠ᠂ ᠠᠵᠢᠭ᠍ᠯᠠᠭᠰᠠᠨ ᠦᠷ᠎ᠡ ᠪᠦᠳᠦᠮᠵᠢ᠎ᠪᠠᠨ ᠬᠤᠷᠢᠶᠠᠩᠭᠤᠢᠯᠠᠵᠤ ᠡᠮᠬᠢᠳᠭᠡᠬᠦ᠌ ᠴᠢᠬᠤᠯᠠ ᠳᠠᠢ᠃ ᠠᠵᠢᠭ᠍ᠯᠠᠬᠤ᠎ᠶ᠋ᠢᠨ ᠵᠤᠷᠢᠯᠭ᠎ᠠ᠎ᠨᠢ ᠠᠵᠢᠭ᠍ᠯᠠᠵᠤ ᠤᠯᠤᠭ᠍ᠰᠠᠨ᠎ᠢᠶᠠᠨ ᠦᠨᠳᠦᠰᠦᠯᠡᠵᠦ᠍ ᠵᠤᠬᠢᠶᠠᠨ ᠪᠢᠴᠢᠬᠦ᠌᠎ᠶ᠋ᠢᠨ ᠲᠦᠯᠦᠭᠡ ᠶᠤᠮ᠃ ᠪᠠᠭ᠍ᠰᠢ᠎ᠠᠴᠠ ᠠᠳᠠᠯᠢ ᠪᠤᠰᠤ᠎ᠶ᠋ᠢᠨ ᠠᠵᠢᠭ᠍ᠯᠠᠭ᠍ᠰᠠᠨ ᠠᠭᠤᠯᠭ᠎ᠠ᠎ᠵᠢ ᠦᠨᠳᠦᠰᠦᠯᠡᠵᠦ᠍ ᠬᠦᠮᠦᠨ᠎ᠢ ᠪᠢᠴᠢᠬᠦ᠌ ᠪᠤᠶᠤ ᠬᠡᠷᠡᠭ ᠣᠴᠢᠷ᠎ᠢ ᠲᠡᠮᠳᠡᠭ᠌ᠯᠡᠬᠦ᠌᠎ᠪᠠᠨ ᠲᠤᠭ᠍ᠳᠠᠭᠠᠵᠤ᠂ ᠰᠤᠷᠤᠭ᠍ᠴᠢᠳ᠎ᠢᠶᠠᠷ ᠵᠤᠬᠢᠶᠠᠨ ᠪᠢᠴᠢᠬᠦᠯᠦᠨ᠎ᠡ᠃ ᠰᠤᠷᠤᠭ᠍ᠴᠢᠳ ᠦᠪᠡᠷ᠎ᠤᠨ ᠠᠵᠢᠭ᠍ᠯᠠᠭ᠍ᠰᠠᠨ ᠪᠠᠢᠳᠠᠯ᠎ᠢᠶᠠᠨ ᠡᠷᠭᠢᠴᠡᠬᠦᠯᠵᠦ᠍᠂ ᠱᠠᠭᠠᠷᠳᠠᠯᠭ᠎ᠠ ᠶᠤᠰᠤᠭᠠᠷ ᠵᠤᠬᠢᠶᠠᠨ ᠪᠢᠴᠢᠨ᠎ᠡ᠃ ᠡᠢᠮᠦᠷᠬᠦ᠌ ᠪᠠᠢᠳᠠᠯ᠎ᠳᠤ ᠰᠤᠷᠤᠭ᠍ᠴᠢᠳ ᠪᠢᠴᠢᠬᠦ᠌ ᠶᠠᠭᠤᠮ᠎ᠠ ᠤᠯᠲᠠᠬᠤ ᠦᠭᠡᠢ᠎ᠠᠴᠠ ᠠᠶᠤᠬᠤ ᠦᠭᠡᠢ᠎ᠪᠠᠷ ᠴᠢᠯᠦᠭᠡᠳᠡᠢ᠎ᠪᠠᠷ ᠵᠤᠬᠢᠶᠠᠨ ᠪᠢᠴᠢᠬᠦ᠌ ᠠᠯᠬᠤᠮ᠎ᠳ᠋ᠠᠭᠠᠨ ᠤᠷᠤᠬᠤ ᠪᠤᠯᠤᠨ᠎ᠠ᠃ ᠡᠬᠦᠨ᠎ᠤ ᠰᠠᠭᠤᠷᠢᠨ᠎ᠳᠡᠭᠡᠷ᠎ᠡ ᠪᠠᠭ᠍ᠰᠢ᠎ᠠᠴᠠ ᠰᠤᠷᠤᠭ᠍ᠴᠢᠳ᠎ᠤᠨ ᠵᠤᠬᠢᠶᠠᠯ᠎ᠤᠨ ᠬᠡᠯᠡ ᠭᠡᠯᠡᠯᠭᠡ᠂ ᠰᠡᠳᠭᠢᠮᠵᠢ᠂ ᠡᠬᠢᠯᠡᠯᠳᠡ ᠲᠡᠬᠦᠰᠭᠡᠯ᠂ ᠪᠢᠴᠢᠯᠭᠡ᠎ᠶ᠋ᠢᠨ ᠠᠷᠭ᠎ᠠ᠎ᠶ᠋ᠢ ᠤᠯᠠᠮ ᠨᠢᠭᠡ ᠠᠯᠬᠤᠮ ᠵᠢᠭᠠᠨ ᠵᠢᠯᠤᠭᠤᠳᠤᠨ᠎ᠠ᠃ ᠠᠵᠢᠭ᠍ᠯᠠᠭᠰᠠᠨ ᠦᠷ᠎ᠡ ᠪᠦᠳᠦᠮᠵᠢ᠎ᠪᠠᠨ ᠴᠠᠭ ᠲᠤᠬᠠᠢ᠎ᠳᠤᠨᠢ ᠬᠤᠷᠢᠶᠠᠩᠭᠤᠢᠯᠠᠵᠤ ᠡᠮᠬᠢᠳᠭᠡᠪᠡᠯ ᠨᠢᠭᠡ ᠲᠠᠯ᠎ᠠ᠎ᠪᠠᠷ ᠮᠠᠷᠳᠠᠵᠤ ᠰᠡᠯᠳᠡᠬᠦ᠌᠎ᠠᠴᠠ ᠰᠡᠷᠭᠡᠢᠯᠡᠵᠦ᠍ ᠴᠢᠳᠠᠬᠤ ᠪᠦᠭᠡᠳ ᠨᠦᠬᠦᠭᠡ ᠲᠠᠯ᠎ᠠ᠎ᠪᠠᠷ ᠵᠤᠬᠢᠶᠠᠨ ᠪᠢᠴᠢᠯᠭᠡ᠎ᠶ᠋ᠢᠨ ᠪᠤᠷᠤ ᠮᠠᠲ᠋ᠧᠷᠢᠶᠠᠯ ᠬᠤᠷᠠᠮᠳᠤᠭᠤᠯᠵᠤ ᠪᠠᠢᠭ᠎ᠠ ᠶᠠᠪᠤᠳᠠᠯ ᠪᠠᠢᠵᠤ᠂ ᠬᠤᠵᠢᠮ᠎ᠤᠨ ᠵᠤᠬᠢᠶᠠᠨ ᠪᠢᠴᠢᠯᠭᠡ᠎ᠳ᠋ᠡᠬᠡᠨ ᠰᠠᠭᠤᠷᠢ ᠲᠠᠯᠪᠢᠵᠤ᠂ ᠠᠪᠴᠤ᠌ ᠬᠡᠷᠡᠭ᠌ᠯᠡᠬᠦ᠌᠎ᠳᠤ ᠪᠡᠯᠡᠭᠡᠨ ᠪᠠᠢᠯᠭᠠᠵᠤ ᠴᠢᠳᠠᠨ᠎ᠠ᠃

ᠬᠤᠷᠢᠶᠠᠩᠭᠤᠢᠯᠠᠪᠠᠯ᠂ ᠰᠤᠷᠤᠭ᠍ᠴᠢᠳ᠎ᠤᠨ ᠵᠤᠬᠢᠶᠠᠨ ᠪᠢᠴᠢᠯᠭᠡ᠎ᠳᠤ ᠠᠵᠢᠭ᠍ᠯᠠᠯᠳᠠ ᠲᠤᠩ ᠴᠢᠬᠤᠯᠠ ᠪᠦᠭᠡᠳ ᠠᠵᠢᠭ᠍ᠯᠠᠬᠤ ᠠᠷᠭ᠎ᠠ ᠬᠡᠯᠪᠡᠷᠢ ᠨᠢ ᠤᠯᠠᠨ ᠪᠠᠢᠬᠤ ᠬᠡᠷᠡᠭᠳᠡᠢ᠂ ᠡᠭᠦᠨ᠎ᠤ ᠬᠠᠮᠳᠤ ᠠᠵᠢᠭ᠍ᠯᠠᠭᠰᠠᠨ ᠦᠷ᠎ᠡ ᠪᠦᠳᠦᠭᠡᠯ᠎ᠢᠶᠠᠨ ᠪᠠᠳᠤᠳᠭᠠᠬᠤ᠎ᠨᠢ ᠮᠦᠨ ᠤᠮᠳᠤᠭᠠᠢᠯᠠᠵᠤ ᠪᠤᠯᠤᠰᠢ ᠦᠭᠡᠢ ᠭᠤᠬᠴᠤᠭ᠎ᠠ ᠪᠤᠯᠬᠤ ᠶᠤᠮ᠃ ᠪᠠᠭ᠍ᠰᠢ᠎ᠠᠴᠠ ᠰᠤᠷᠤᠭ᠍ᠴᠢᠳ᠎ᠢᠶᠠᠨ ᠵᠦᠪ ᠵᠢᠯᠤᠭᠤᠳᠪᠠᠯ ᠰᠤᠷᠤᠭ᠍ᠴᠢ ᠵᠢ ᠵᠤᠬᠢᠶᠠᠨ ᠪᠢᠴᠢᠯᠭᠡ᠎ᠳᠠᠬᠢ ᠨᠢᠭᠡᠨ ᠲᠦᠪᠡᠭ᠌ᠳᠡᠢ ᠠᠰᠠᠭᠤᠳᠠᠯ — ᠪᠢᠴᠢᠬᠦ᠌ ᠶᠠᠭᠤᠮ᠎ᠠ ᠤᠯᠬᠤ ᠦᠭᠡᠢ ᠭᠠᠷ ᠨᠤᠬᠤᠯᠠᠨ ᠭᠠᠴᠢᠭ᠍ᠳᠠᠬᠤ ᠪᠠᠢᠳᠠᠯ᠎ᠠᠴᠠ ᠪᠦᠳᠦᠮᠵᠢᠳᠡᠢ ᠵᠠᠢᠯᠠᠰᠬᠢᠯᠭᠡᠵᠤ ᠴᠢᠳᠠᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面