ᠲᠡᠷᠢᠭᠦᠨ ᠨᠢᠭᠤᠷ>ᠰᠤᠷᠭᠠᠨ ᠬᠦᠮᠦᠵᠢᠯ >ᠲᠤᠷᠰᠢᠯᠭ᠎ᠠ᠎ᠪᠠᠨ ᠰᠣᠯᠢᠯᠴᠠᠶ᠎ᠠ

2025-07-07 10:36:27

ᠵᠣᠬᠢᠶᠠᠭ᠍ᠴᠢ᠄ ᠨᠠᠪᠴᠢ ᠣᠩᠱᠢᠭ᠍ᠰᠠᠨ ᠣᠳᠠᠭ᠎ᠠ᠄ 3

ᠶᠡᠬᠡ ᠲᠡᠭᠡᠳᠦ ᠰᠤᠷᠭᠠᠭᠤᠯᠢ ᠳ᠋ᠤ ᠰᠤᠷᠤᠭᠴᠢ ᠡᠯᠰᠡᠬᠦ ᠤᠯᠤᠰ᠎ᠤᠨ ᠨᠢᠭᠡᠳᠦᠯᠳᠡᠢ ᠰᠢᠯᠭᠠᠯᠳᠠ᠎ᠶᠢᠨ ᠬᠤᠪᠢ ᠭᠠᠷᠴᠤ᠂ ᠤᠳᠤᠬᠠᠨ ᠳ᠋ᠤ ᠡᠷᠡᠮᠡᠯᠵᠡᠯ ᠲᠠᠭᠯᠠᠬᠤ ᠱᠠᠳᠤᠨ ᠳ᠋ᠤ ᠤᠷᠤᠭᠠᠳ ᠪᠤᠢ᠃ ᠡᠷᠡᠮᠡᠯᠵᠡᠯ ᠲᠠᠭᠯᠠᠬᠤ ᠨᠢ ᠰᠤᠷᠤᠭᠴᠢᠳ᠎ᠤᠨ ᠲᠤᠷ᠎ᠠ ᠰᠤᠨᠢᠷᠬᠠᠯ᠂ ᠬᠤᠢᠰᠢᠳᠠ᠎ᠶᠢᠨ ᠰᠤᠷᠤᠯᠴᠠᠯᠭ᠎ᠠ ᠪᠠ ᠬᠦᠭᠵᠢᠯᠳᠡ ᠲᠠᠢ ᠪᠦᠷ ᠬᠤᠯᠪᠤᠬᠳᠠᠬᠤ ᠨᠢᠭᠡᠨ ᠴᠢᠬᠤᠯᠠ ᠰᠤᠩᠭᠤᠯᠳᠠ ᠪᠤᠯᠬᠤ ᠲᠤᠯᠠ ᠰᠤᠷᠤᠭᠴᠢ ᠨᠦᠬᠦᠳ ᠨᠠᠷᠢᠨ ᠬᠢᠨᠠᠮᠠᠭᠠᠢ ᠬᠠᠨᠳᠤᠪᠠᠯ ᠵᠦᠢᠳᠡᠢ᠃

ᠶᠡᠷᠦ ᠵᠢᠨ ᠦᠬᠡᠨ ᠳ᠋ᠤ 《ᠳᠤᠯᠤᠭᠠᠨ ᠬᠤᠪᠢ ᠵᠢᠨ ᠰᠢᠯᠭᠠᠯᠳᠠ᠂ ᠭᠤᠷᠪᠠᠨ ᠬᠤᠪᠢ ᠵᠢᠨ ᠰᠤᠩᠭᠤᠯᠳᠠ》 ᠬᠡᠳᠡᠭ᠃ ᠡᠷᠡᠮᠡᠯᠵᠡᠯ ᠳᠠᠭᠯᠠᠬᠤ ᠨᠢ ᠰᠤᠷᠤᠭᠴᠢ ᠬᠡᠤᠬᠡᠳ᠎ᠤᠨ ᠰᠤᠷᠤᠯᠭ᠎ᠠ ᠠᠮᠢᠳᠤᠷᠠᠯ᠎ᠤᠨ ᠤᠷᠳᠤ ᠠᠶᠠᠨ ᠳ᠋ᠡᠬᠢ ᠨᠢᠬᠡᠨ ᠴᠢᠬᠤᠯᠠ ᠰᠤᠩᠭᠤᠯᠳᠠ ᠪᠤᠯᠬᠤᠷ ᠬᠠᠰᠢ ᠶᠠᠰᠢ ᠬᠠᠨᠳᠤᠵᠤ ᠪᠤᠯᠬᠤ ᠦᠬᠡᠢ᠂ ᠡᠯ᠎ᠠ ᠶᠡᠬᠡ ᠳᠡᠬᠡᠳᠤ ᠰᠤᠷᠭᠠᠭᠤᠯᠢ ᠵᠢᠨ ᠰᠤᠷᠤᠭᠴᠢ ᠡᠯᠰᠡᠬᠦ ᠲᠦᠷᠦ ᠵᠢᠨ ᠪᠤᠳᠤᠯᠭ᠎ᠠ ᠪᠤᠶᠤ ᠰᠤᠷᠤᠭᠴᠢ ᠡᠯᠰᠡᠬᠦ ᠲᠦᠯᠦᠪᠯᠡᠬᠡ ᠵᠢ ᠬᠢᠨᠠᠮᠠᠭᠠᠢ ᠰᠠᠢᠳᠤᠷ ᠤᠩᠰᠢᠵᠤ ᠤᠢᠯᠠᠭᠠᠬᠤ ᠬᠡᠷᠡᠭᠳᠡᠢ᠃ ᠡᠷᠡᠮᠡᠯᠵᠡᠯ ᠲᠠᠭᠯᠠᠬᠤ ᠰᠤᠩᠭᠤᠯᠳᠠ ᠦᠷᠬᠡᠨ ᠪᠠᠢᠳᠠᠭ ᠪᠤᠯᠪᠠᠴᠤ ᠦᠪᠡᠷ᠎ᠤᠨ ᠬᠤᠪᠢ ᠪᠠᠨ ᠦᠨᠳᠦᠰᠦᠯᠡᠵᠦ᠂ ᠡᠯᠰᠡᠬᠦ ᠶᠡᠬᠡ ᠳᠡᠬᠡᠳᠤ ᠰᠤᠷᠭᠠᠭᠤᠯᠢ ᠪᠠ ᠳᠤᠰᠬᠠᠢ ᠮᠡᠷᠬᠡᠵᠢᠯ ᠵᠢᠡᠨ ᠪᠤᠯᠭᠤᠮᠵᠢᠳᠠᠢ ᠤᠨᠤᠪᠴᠢᠳᠠᠢ ᠰᠤᠩᠭᠤᠬᠤ ᠦᠬᠡᠢ ᠪᠤᠯ ᠶᠡᠬᠡ ᠳᠡᠬᠡᠳᠤ ᠰᠤᠷᠭᠠᠭᠤᠯᠢ ᠡᠴᠡ ᠳᠠᠩᠰᠠ ᠡᠪᠬᠡᠮᠡᠯ᠎ᠢ ᠪᠤᠴᠠᠭᠠᠵᠤ ᠬᠤᠶᠠᠳᠡᠬᠢ ᠤᠳᠠᠭ᠎ᠠ ᠵᠢᠨ ᠳᠤᠬᠢᠷᠠᠭᠤᠯᠤᠯᠳᠠ ᠵᠢᠨ ᠳᠤᠰᠬᠠᠢ ᠮᠡᠷᠬᠡᠵᠢᠯ ᠳ᠋ᠤ ᠡᠯᠰᠡᠭᠳᠡᠬᠦ᠂ ᠦᠪᠡᠷ᠎ᠤᠨ ᠬᠦᠰᠡᠭᠰᠡᠨ ᠰᠠᠨᠠᠭᠰᠠᠨ ᠶᠡᠬᠡ ᠰᠤᠷᠭᠠᠭᠤᠯᠢ ᠪᠤᠶᠤ ᠳᠤᠰᠬᠠᠢ ᠮᠡᠷᠬᠡᠵᠢᠯ ᠵᠢᠡᠨ ᠰᠤᠩᠭᠤᠵᠤ ᠳᠡᠢᠯᠬᠦ ᠦᠬᠡᠢ ᠲᠦᠭᠰᠢᠬᠦᠷᠢ ᠴᠤ᠌ ᠤᠷᠤᠰᠢᠳᠠᠭ᠃ ᠡᠢᠮᠦ ᠡᠴᠡ ᠰᠤᠷᠤᠭᠴᠢ ᠨᠦᠬᠦᠳ ᠦᠪᠡᠷ᠎ᠤᠨ ᠰᠤᠨᠢᠷᠬᠠᠯ᠂ ᠴᠢᠳᠠᠪᠤᠷᠢ᠂ ᠠᠵᠢᠯ ᠮᠡᠷᠬᠡᠵᠢᠯ᠎ᠤᠨ ᠲᠦᠯᠦᠪᠵᠢᠬᠦᠯᠬᠡ ᠪᠠᠨ ᠦᠨᠳᠦᠰᠦᠯᠡᠵᠦ᠂ ᠪᠡᠶ᠎ᠠ ᠳ᠋ᠡᠬᠡᠨ ᠳᠤᠬᠢᠷᠠᠭᠰᠠᠨ ᠬᠠᠮᠤᠭ᠎ᠤᠨ ᠰᠢᠯᠢᠳᠡᠭ ᠰᠤᠩᠭᠤᠯᠳᠠ ᠬᠢᠪᠡᠯ ᠵᠤᠬᠢᠨ᠎ᠠ᠃

ᠦᠨᠦᠳᠦᠷ᠎ᠤᠨ ᠬᠢᠨᠠᠮᠠᠭᠠᠢ ᠰᠤᠩᠭᠤᠯᠳᠠ ᠮᠠᠷᠭᠠᠰᠢ ᠲᠠᠨ ᠳ᠋ᠤ ᠠᠮᠵᠢᠯᠳᠠ ᠪᠦᠳᠦᠮᠵᠢ ᠠᠪᠴᠢᠷᠠᠬᠤ ᠨᠢ ᠯᠠᠪ᠃ ᠲᠠᠨ᠎ᠤ ᠡᠷᠡᠮᠡᠯᠵᠡᠯ᠎ᠤᠨ ᠰᠤᠩᠭᠤᠯᠳᠠ ᠴᠢᠨᠢ ᠢᠷᠡᠬᠦ ᠲᠦᠷᠪᠡᠨ ᠵᠢᠯ᠎ᠤᠨ ᠰᠤᠷᠤᠯᠴᠠᠬᠤ ᠣᠷᠴᠢᠨ ᠲᠣᠭᠣᠷᠢᠨ᠂ ᠢᠷᠡᠬᠡᠳᠦᠢ ᠵᠢᠨ ᠠᠵᠢᠯ᠎ᠤᠨ ᠴᠢᠭᠯᠡᠯ᠂ ᠴᠢᠨᠠᠭᠰᠢᠯᠠᠪᠠᠯ ᠬᠤᠵᠢᠮ᠎ᠤᠨ ᠠᠮᠢᠳᠤᠷᠠᠯ᠎ᠤᠨ ᠵᠠᠮ ᠮᠥᠷ ᠲᠠᠢ ᠬᠤᠯᠪᠤᠭᠳᠠᠳᠠᠭ ᠪᠤᠯᠬᠤᠷ ᠳᠤᠬᠢᠷᠠᠮᠵᠢᠳᠠᠢ ᠰᠤᠩᠭᠤᠯᠳᠠ ᠬᠢᠬᠦ ᠴᠢᠬᠤᠯᠠ ᠲᠠᠢ᠃ ᠳᠡᠬᠡᠪᠡᠯ᠂ ᠡᠷᠡᠮᠡᠯᠵᠡᠯ ᠳᠠᠭᠯᠠᠬᠤ ᠳ᠋ᠤ ᠬᠦᠮᠦᠰ᠎ᠤᠨ ᠡᠮᠦᠨ᠎ᠡ ᠤᠯᠠᠨ ᠠᠰᠠᠭᠤᠳᠠᠯ ᠳᠠᠯᠪᠢᠭᠳᠠᠨ᠎ᠠ᠂ ᠨᠡᠷᠡᠳᠤ ᠶᠡᠬᠡ ᠰᠤᠷᠭᠠᠭᠤᠯᠢ ᠰᠤᠩᠭᠤᠬᠤ ᠤᠤ᠂ ᠡᠰᠡᠪᠡᠯ ᠰᠤᠷᠤᠯᠴᠠᠬᠤ ᠬᠤᠳᠠ ᠵᠢ ᠰᠤᠩᠭᠤᠬᠤ ᠤᠤ᠂ ᠡᠰᠡᠬᠦᠯ᠎ᠡ ᠡᠩ᠎ᠤᠨ ᠶᠡᠬᠡ ᠰᠤᠷᠭᠠᠭᠤᠯᠢ ᠵᠢᠨ ᠳᠠᠪᠠᠭᠤᠯᠢᠭ ᠳᠤᠰᠬᠠᠢ ᠮᠡᠷᠬᠡᠵᠢᠯ᠎ᠢ ᠰᠤᠩᠭᠤᠬᠤ ᠤᠤ᠂ ᠦᠪᠡᠷ᠎ᠵᠢᠡᠨ ᠳᠤᠷ᠎ᠠ ᠰᠤᠨᠢᠷᠬᠠᠯ ᠳᠠᠢ ᠴᠸ᠋ ᠠᠯᠤᠰ ᠬᠡᠳᠦ ᠵᠢᠨ ᠠᠵᠢᠯ ᠤᠯᠭᠤᠯᠳᠠ ᠵᠢᠨ ᠪᠠᠢᠳᠠᠯ᠎ᠢ ᠳᠤᠳᠤᠷᠬᠠᠢ ᠤᠢᠯᠠᠭᠠᠬᠤ ᠦᠬᠡᠢ ᠳᠤᠰᠬᠠᠢ ᠮᠡᠷᠬᠡᠵᠢᠯ ᠢ᠋ ᠰᠤᠩᠭᠤᠬᠤ ᠤᠤ᠂ ᠠᠯᠢ ᠡᠰᠡᠬᠦᠯ᠎ᠡ ᠦᠪᠡᠷ ᠵᠢᠡᠨ ᠳᠤᠷ᠎ᠠ ᠰᠤᠨᠢᠷᠬᠠᠯ ᠦᠬᠡᠢ ᠴᠤ᠌ ᠠᠵᠢᠯ ᠤᠯᠭᠤᠯᠳᠠ ᠵᠢᠨ ᠢᠷᠡᠬᠡᠳᠦᠢ ᠵᠦᠬᠡᠷ ᠰᠢᠭ ᠬᠠᠯᠠᠮᠰᠢᠯ ᠳᠤᠰᠬᠠᠢ ᠮᠡᠷᠬᠡᠵᠢᠯ᠎ᠢ ᠰᠤᠩᠭᠤᠬᠤ ᠤᠤ ᠬᠡᠬᠦ ᠮᠡᠳᠤ᠎ᠶᠢᠨ ᠤᠯᠠᠨ ᠰᠤᠩᠭᠤᠯᠳᠠ ᠨᠢ ᠬᠦᠮᠦᠰ ᠲᠤ᠌ ᠦᠨᠡᠬᠡᠷ ᠨᠢᠬᠡᠨ ᠰᠢᠨ᠎ᠡ ᠰᠢᠯᠭᠠᠯᠳᠠ ᠵᠢ ᠠᠪᠴᠢᠷᠠᠳᠠᠭ᠃ ᠡᠢᠮᠦ ᠡᠴᠡ ᠪᠢᠳᠡ ᠰᠤᠩᠭᠤᠯᠳᠠ ᠬᠢᠬᠦ ᠳ᠋ᠡᠬᠡᠨ ᠦᠪᠡᠷ᠎ᠤᠨ ᠬᠦᠰᠡᠵᠦ ᠰᠠᠨᠠᠬᠰᠠᠨ ᠶᠡᠬᠡ ᠳᠡᠬᠡᠳᠤ ᠰᠤᠷᠭᠠᠭᠤᠯᠢ ᠵᠢᠨ᠎ᠢᠶᠡᠨ ᠳᠤᠬᠠᠢ ᠢᠯᠡᠬᠦᠬᠡᠨ ᠮᠡᠳᠡᠬᠡ ᠵᠠᠩᠬᠢ ᠴᠤᠭᠯᠠᠭᠤᠯᠵᠤ᠂ ᠰᠤᠷᠤᠭᠴᠢ ᠡᠯᠰᠡᠬᠦ ᠲᠦᠷᠢᠮ᠎ᠢ ᠨᠢ ᠨᠠᠷᠢᠨ ᠬᠢᠨᠠᠮᠠᠭᠠᠢ ᠤᠢᠯᠠᠭᠠᠵᠤ᠂ ᠰᠢᠨᠵᠢᠯᠡᠬᠡᠨ᠎ᠤ ᠰᠠᠯᠠᠭ᠎ᠠ ᠵᠢᠨ ᠦᠨᠡᠯᠡᠯᠳᠡ᠂ ᠠᠵᠢᠯ ᠤᠯᠭᠤᠯᠳᠠ ᠵᠢᠨ ᠪᠠᠢᠳᠠᠯ᠎ᠤᠨ ᠲᠤᠬᠠᠢ ᠨᠢᠬᠡᠨᠳᠡ ᠶᠡᠬᠡ ᠰᠤᠷᠭᠠᠭᠤᠯᠢ ᠳ᠋ᠤ ᠤᠷᠤᠭᠰᠠᠨ ᠨᠤᠮ᠎ᠤᠨ ᠠᠬ᠎ᠠ ᠡᠬᠡᠴᠢ ᠪᠤᠶᠤ ᠰᠠᠳᠤᠨ ᠲᠦᠷᠦᠯ᠂ ᠤᠢᠯᠠᠭᠠᠵᠤ ᠮᠡᠳᠡᠳᠡᠭ ᠬᠦᠮᠦᠰ ᠡᠴᠡ ᠢᠯᠡᠬᠦᠬᠡᠨ ᠠᠰᠠᠭᠤᠵᠤ ᠰᠤᠷᠠᠪᠠᠯ ᠵᠦᠢᠳᠡᠢ᠃

ᠪᠢᠳᠡ ᠡᠷᠡᠮᠡᠯᠵᠡᠯ ᠳᠠᠭᠯᠠᠬᠤ ᠳ᠋ᠠᠭᠠᠨ ᠪᠠᠰᠠ ᠪᠦᠷᠢᠮᠦᠰᠦᠨ ᠬᠡᠷ᠎ᠤᠨ ᠠᠬᠠᠮᠠᠳ ᠲᠠᠭᠠᠨ ᠲᠦᠰᠢᠵᠤ ᠦᠪᠡᠷ ᠵᠢᠡᠨ ᠶᠠᠭᠤ ᠵᠢ ᠴᠤ᠌ ᠬᠠᠮᠢᠶᠠᠷᠬᠤ ᠦᠬᠡᠢ ᠪᠠᠢᠵᠤ ᠪᠤᠯᠬᠤ ᠦᠬᠡᠢ᠃ ᠭᠡᠷ᠎ᠤᠨ ᠠᠬᠠᠮᠠᠳ᠎ᠤᠨ ᠴᠢᠨᠢ ᠰᠤᠩᠭᠤᠯᠳᠠ ᠤᠳᠤᠬᠢ ᠨᠡᠢᠬᠡᠮ᠎ᠤᠨ ᠬᠦᠭᠵᠢᠯᠳᠡ ᠪᠠ ᠳᠠᠨ᠎ᠤ ᠳᠤᠷ᠎ᠠ ᠪᠠᠬ᠎ᠠ ᠳᠠᠢ ᠨᠡᠢᠴᠡᠬᠦ ᠦᠬᠡᠢ ᠪᠠᠢᠵᠤ ᠮᠡᠳᠡᠨ᠎ᠡ᠃ ᠪᠠᠰᠠ ᠰᠤᠷᠭᠠᠭᠤᠯᠢ ᠰᠤᠩᠭᠤᠬᠤ ᠳ᠋ᠠᠭᠠᠨ ᠪᠦᠷᠢᠮᠦᠰᠦᠨ ᠨᠡᠷᠡᠳᠤ ᠰᠤᠷᠭᠠᠭᠤᠯᠢ ᠵᠢ ᠯᠡ ᠬᠦᠭᠡᠭᠡᠴᠡᠯᠳᠦᠭᠡᠳ᠂ ᠰᠤᠷᠬᠤ ᠬᠡᠵᠦ ᠪᠠᠢᠭ᠎ᠠ ᠳᠤᠰᠬᠠᠢ ᠮᠡᠷᠬᠡᠵᠢᠯ ᠤ᠋ᠨ᠎ᠢᠶᠡᠨ ᠬᠤᠵᠢᠮ᠎ᠤᠨ ᠬᠦᠭᠵᠢᠯᠳᠡ᠎ᠶᠢᠨ ᠲᠤᠬᠠᠢ ᠤᠢᠯᠠᠭᠠᠬᠤ ᠦᠭᠡᠢ ᠪᠠᠢᠵᠤ ᠪᠤᠯᠬᠤ ᠦᠭᠡᠢ᠂ ᠬᠠᠷᠢᠨ ᠡᠪ ᠡᠩ᠎ᠤᠨ ᠶᠡᠬᠡ ᠳᠡᠬᠡᠳᠤ ᠰᠤᠷᠭᠠᠭᠤᠯᠢ ᠵᠢᠨ ᠳᠠᠪᠠᠭᠤᠯᠢᠭ ᠳᠤᠰᠬᠠᠢ ᠮᠡᠷᠬᠡᠵᠢᠯ᠎ᠤᠨ ᠬᠤᠵᠢᠮ ᠢᠷᠡᠬᠡᠳᠦᠢ ᠵᠢᠨ ᠬᠦᠭᠵᠢᠯᠳᠡ ᠨᠡᠩ ᠰᠢᠯᠤᠭᠤᠬᠠᠨ ᠪᠠᠢᠳᠠᠭ᠎ᠢ ᠴᠸ᠋ ᠤᠢᠯᠠᠭᠠᠬᠤ ᠬᠡᠷᠡᠭᠳᠡᠢ᠃

ᠬᠦᠮᠦᠨ᠎ᠤ ᠠᠮᠢᠳᠤᠷᠠᠯ᠎ᠤᠨ ᠤᠷᠳᠤ ᠠᠶᠠᠨ ᠳ᠋ᠤ ᠪᠢᠳᠠ ᠳᠠᠰᠤᠷᠠᠯᠳᠠ ᠦᠬᠡᠢ ᠦᠰᠦᠨ ᠪᠤᠢᠵᠢᠵᠤ᠂ ᠳᠠᠰᠤᠷᠠᠯᠳᠠ ᠦᠬᠡᠢ ᠬᠠᠢᠨ ᠰᠦᠪᠡᠭᠴᠢᠯᠡᠵᠦ᠂ ᠦᠪᠡᠷ᠎ᠤᠨ ᠭᠤᠢᠳᠠ ᠰᠠᠢᠬᠠᠨ ᠢᠷᠡᠬᠡᠳᠦᠢ ᠪᠠᠨ ᠲᠠᠰᠤᠷᠠᠯᠳᠠ ᠦᠭᠡᠢ ᠴᠤᠭᠴᠠᠯᠠᠳᠠᠭ᠃ ᠰᠢᠯᠭᠠᠭᠤᠯᠤᠭᠰᠠᠳ ᠮᠠᠨᠢ ᠡᠷᠡᠮᠡᠯᠵᠡᠯ ᠲᠠᠭᠯᠠᠬᠤ ᠪᠠᠷ ᠲᠠᠮᠵᠢᠨ ᠰᠡᠳᠬᠢᠯ ᠳ᠋ᠡᠬᠡᠨ ᠳᠠᠭᠠᠰᠢᠶᠠᠭᠳᠠᠭᠰᠠᠨ ᠶᠡᠬᠡ ᠰᠤᠷᠭᠠᠭᠤᠯᠢ ᠳ᠋ᠠᠭᠠᠨ ᠲᠤᠷ᠎ᠠ ᠰᠤᠨᠢᠷᠬᠠᠯ ᠲᠠᠢ ᠲᠤᠰᠬᠠᠢ ᠮᠡᠷᠭᠡᠵᠢᠯ᠎ᠢᠶᠡᠨ ᠰᠤᠩᠭᠤᠵᠤ᠂ ᠤᠶᠤᠳᠠᠨ ᠠᠮᠢᠳᠤᠷᠠᠯ ᠵᠢᠡᠨ ᠰᠡᠳᠬᠢᠯ ᠲᠦᠬᠦᠷᠡᠩ ᠤᠬᠳᠤᠬᠤ ᠪᠤᠯᠤᠭᠠᠰᠠᠢ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面