ᠲᠡᠷᠢᠭᠦᠨ ᠨᠢᠭᠤᠷ>ᠰᠤᠷᠭᠠᠨ ᠬᠦᠮᠦᠵᠢᠯ >ᠲᠤᠷᠰᠢᠯᠭ᠎ᠠ᠎ᠪᠠᠨ ᠰᠣᠯᠢᠯᠴᠠᠶ᠎ᠠ

2026-07-13 15:15:18

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

ᠬᠡᠤᠬᠡᠳ᠎ᠲᠤ ᠪᠠᠯᠴᠢᠷ ᠪᠠᠭ᠎ᠠ ᠡᠴᠠ ᠨᠢ ᠡᠬᠢᠯᠡᠨ᠂ ᠪᠡᠶ᠎ᠡ ᠰᠡᠳᠬᠢᠯ᠎ᠦᠨ ᠬᠢᠨᠢ ᠬᠦᠯᠢᠶᠡᠨ ᠠᠪᠬᠤ ᠤᠨᠴᠠᠯᠢᠭ᠋ ᠲᠸ᠋ ᠵᠤᠬᠢᠴᠠᠭᠤᠯᠤᠨ᠂ ᠪᠡᠶ᠎ᠡ᠎ᠪᠠᠨ ᠳᠠᠭᠠᠭᠠᠬᠤ ᠬᠦᠮᠤᠵᠢᠯ᠎ᠢ ᠬᠠᠷᠠᠯᠲᠠ ᠬᠠᠨᠲᠤᠯᠭ᠎ᠠ ᠲᠠᠢ ᠰᠠᠢᠲᠤᠷ ᠬᠢᠬᠥ ᠨᠢ ᠬᠡᠤᠬᠡᠳ᠎ᠤᠨ ᠬᠣᠵᠢᠮ ᠢᠷᠡᠭᠡᠲᠤᠢ᠎ᠳᠤ ᠶᠠᠮᠠᠷᠬᠠᠨ ᠬᠦᠮᠤᠨ ᠪᠤᠯᠵᠤ ᠬᠦᠮᠤᠵᠢᠭ᠌ᠲᠡᠬᠥ᠂ ᠲᠡᠷᠡᠴᠢᠯᠡᠨ ᠬᠡᠤᠬᠡᠳ᠎ᠤᠨ ᠠᠵᠢᠯ ᠠᠮᠢᠳᠤᠷᠠᠯ ᠵᠡᠷᠭᠡ ᠠᠯᠢ ᠪᠦᠬᠥᠢ ᠤᠴᠢᠷ ᠶᠠᠪᠤᠲᠠᠯ᠎ᠳ᠋ᠦ᠍ᠨᠢ ᠦᠭᠡᠲᠠ ᠮᠦᠷ᠎ᠦᠨ ᠭᠡᠷᠡᠯ ᠭᠡᠭᠡ ᠤᠯᠭᠤᠵᠤ ᠪᠠᠢᠭ᠎ᠠ ᠶᠠᠪᠤᠲᠠᠯ ᠪᠣᠯᠬᠤ ᠶᠤᠮ ᠃

ᠤᠲᠣ᠌ ᠤᠯᠠᠩᠬᠢ ᠠᠢᠯ ᠨᠢ ᠭᠠᠭᠴᠠ ᠬᠤᠶᠠᠷᠬᠠᠨ ᠬᠡᠤᠬᠡᠳ ᠲᠠᠢ ᠮᠦᠷᠲᠡᠭᠡᠨ ᠠᠮᠢᠲᠤᠷᠠᠯ᠎ᠤᠨ ᠬᠢᠷᠢ ᠲᠦᠪᠰᠢᠨ ᠨᠡᠢᠲᠡᠮ ᠲᠡᠭᠡᠭᠰᠢᠯᠡᠭᠰᠡᠨ᠎ᠢᠶᠡᠷ᠂ ᠬᠡᠨ ᠠᠯᠢᠨ ᠨᠢ ᠴᠤ᠌ ᠬᠡᠤᠬᠡᠳ᠎ᠢᠶᠠᠨ ᠭᠡᠲᠣ᠌ ᠡᠩᠬᠥᠷᠡᠢᠯᠡᠨ᠂ ᠠᠯᠢ ᠰᠠᠢᠨ᠎ᠢ ᠢᠲᠡᠬᠥᠯᠵᠤ ᠡᠮᠦᠰᠬᠡᠬᠦ ᠪᠡᠷ ᠴᠢᠷᠮᠠᠢᠵᠤ᠂ ᠵᠠᠷᠢᠮ ᠨᠢ ᠬᠡᠤᠬᠡᠳ᠎ᠢᠶᠡᠷ ᠢ᠋ᠶ᠋ᠠᠨ ᠪᠠᠭ᠎ᠠ ᠰᠠᠭ᠎ᠠ ᠠᠵᠢᠯ ᠬᠦᠲᠡᠯᠮᠤᠷᠢ ᠬᠢᠯᠭᠡᠬᠥ ᠪᠠᠢᠲᠤᠭᠠᠢ ᠬᠡᠤᠬᠡᠳ᠎ᠤᠨ᠎ᠢᠶᠠᠨ ᠡᠮᠤᠨ᠎ᠡ ᠡᠴᠠ ᠶᠠᠭᠤ ᠪᠦᠬᠥᠨ᠎ᠢ ᠨᠢ ᠳᠢᠭ᠋ ᠲᠠᠭ ᠪᠡᠯᠡᠳᠭᠡᠵᠤ ᠦᠭᠳᠡᠭ᠃ ᠡᠨᠡ ᠨᠢ ᠦᠵᠡᠬᠥ᠎ᠳᠦ ᠡᠴᠢᠭᠡ ᠡᠬᠡ ᠪᠤᠯᠤᠭᠰᠠᠳ᠎ᠤᠨ ᠬᠡᠤᠬᠡᠳ᠎ᠢᠶᠠᠨ ᠭᠡᠰᠡᠨ ᠬᠠᠢᠷ᠎ᠠ ᠡᠨᠡᠷᠢᠯ ᠪᠤᠯᠪᠠᠴᠤ ᠦᠨᠡᠨᠲᠡᠭᠡᠨ ᠬᠡᠤᠬᠡᠳ᠎ᠤᠨ ᠢ᠋ᠶ᠋ᠠᠨ ᠠᠯᠤᠰ ᠢᠷᠡᠭᠡᠲᠤᠢ᠎ᠶᠢ ᠬᠠᠷᠠᠯᠠᠭᠤᠯᠵᠤ ᠪᠠᠢᠬᠤ ᠶᠠᠪᠤᠳᠠᠯ ᠬᠡᠮᠡᠷ᠃

ᠢᠢᠮᠤ ᠡᠴᠠ ᠡᠴᠢᠭᠡ ᠡᠬᠡ ᠪᠤᠯᠤᠭᠰᠠᠳ 《ᠡᠷᠬᠡ᠎ᠶᠢ ᠰᠤᠷᠬᠤ᠎ᠪᠠᠷ ᠪᠡᠷᠬᠡ᠎ᠶᠢ ᠰᠤᠷ》᠂ 《ᠬᠦᠮᠤᠨ ᠪᠣᠯᠬᠤ᠎ᠪᠠᠭ᠎ᠠ ᠡᠴᠠ᠎ᠪᠠᠨ᠂ ᠬᠦᠯᠤᠭ᠌ ᠪᠣᠯᠬᠤ ᠤᠨᠠᠭ᠎ᠠ ᠡᠴᠠ᠎ᠪᠠᠨ》 ᠭᠡᠲᠡᠭ᠎ᠠᠷᠠᠳ᠎ᠤᠨ ᠵᠤᠢᠷ ᠰᠡᠴᠡᠨ ᠦᠭᠡ᠎ᠶᠢᠨ ᠤᠴᠢᠷ ᠤᠳᠬ᠎ᠠ᠎ᠶᠢ ᠪᠦᠷᠢᠨ ᠤᠢᠯᠠᠭᠠᠵᠤ᠂ ᠠᠮᠢᠲᠤᠷᠠᠯ᠎ᠤᠨ ᠨᠦᠬᠥᠴᠡᠯ ᠬᠡᠳᠦᠢ ᠪᠠᠶᠠᠨ ᠲᠠᠩᠰᠤᠭ ᠪᠠᠢᠯ᠎ᠠ ᠴᠤ᠌ ᠭᠡᠰᠡᠨ ᠬᠡᠤᠬᠡᠳ᠎ᠵᠢᠡᠨ ᠦᠰᠬᠡᠨ ᠬᠦᠮᠦᠵᠢᠬᠦᠯᠬᠦ ᠳ᠋ᠡᠬᠡᠨ ᠠᠮᠢᠳᠤᠷᠠᠯ ᠳᠤᠮᠳᠠᠬᠢ 《ᠬᠦᠴᠢᠷ ᠪᠡᠷᠬᠡ》 ᠵᠢ ᠮᠡᠳᠡᠬᠦᠯᠵᠦ ᠪᠠᠢᠬᠤ ᠵᠢ ᠬᠢᠴᠢᠶᠠᠪᠡᠯ ᠵᠦᠢᠳᠡᠢ᠃ ᠡᠨᠡ ᠪᠤᠯ ᠬᠡᠦᠬᠡᠳ᠎ᠤᠨ ᠪᠡᠶ᠎ᠠ ᠪᠠᠨ ᠳᠠᠭᠠᠭᠠᠬᠤ ᠴᠢᠳᠠᠪᠤᠷᠢ ᠵᠢ ᠬᠦᠮᠦᠵᠢᠬᠦᠯᠬᠦ ᠠᠩᠬᠠᠨ᠎ᠤ ᠠᠯᠬᠤᠮ ᠪᠤᠯᠤᠨ᠎ᠠ᠂ ᠳᠠᠷᠤᠢ ᠬᠡᠤᠬᠡᠳ᠎ᠢᠶᠡᠷ ᠬᠠᠷᠠᠬᠠᠨ ᠪᠠᠭ᠎ᠠ ᠡᠴᠡ ᠨᠢ ᠦᠪᠡᠷ᠎ᠤᠨ ᠬᠢᠨᠢ ᠬᠢᠬᠦ ᠶᠤᠰᠤᠳᠠᠢ ᠵᠦᠢᠯ ᠢ᠋ ᠨᠢ ᠦᠪᠡᠷ ᠵᠢᠡᠷ ᠨᠢ ᠬᠢᠯᠬᠡᠬᠦ ᠬᠡᠷᠡᠭᠳᠡᠢ᠃ ᠲᠤᠬᠠᠢᠯᠠᠪᠠᠯ᠂ ᠬᠡᠤᠬᠡᠳ ᠬᠤᠶᠡᠷ ᠭᠤᠷᠪᠡᠨ ᠨᠠᠰᠤᠯᠠᠪᠠᠯ ᠠᠶᠠᠭ᠎ᠠ ᠬᠠᠯᠪᠠᠭ᠎ᠠ᠎ᠶᠢ ᠨᠢ ᠠᠳᠬᠤᠭᠤᠯᠵᠤ ᠢᠲᠡᠬᠥᠯᠵᠦ ᠰᠤᠷᠭᠠᠬᠤ ᠡᠴᠠ ᠠᠪᠤᠭᠠᠳ ᠬᠤᠪᠴᠡᠰᠤ ᠬᠤᠨᠠᠷ ᠵᠢᠡᠨ ᠦᠪᠡᠷ᠎ᠢᠶᠡᠨ ᠡᠮᠤᠰᠬᠥ᠂ ᠲᠦᠷᠪᠡ ᠳᠠᠪᠤᠨ ᠨᠠᠰᠤᠯᠠᠪᠠᠯ ᠨᠢᠭᠤᠷ ᠭᠠᠷ ᠵᠢᠡᠨ ᠦᠪᠡᠷ᠎ᠢᠶᠡᠨ ᠤᠬᠢᠶᠠᠬᠤ᠂ ᠤᠢᠮᠤᠰᠤ ᠱᠠᠬᠠᠢ ᠪᠠᠨ ᠤᠬᠢᠶᠠᠬᠤ᠂ ᠲᠤᠭᠯᠠᠭᠠᠮ᠎ᠤᠨ ᠵᠦᠢᠯ᠎ᠢᠶᠡᠨ ᠬᠤᠷᠢᠶᠠᠵᠤ ᠳᠡᠭᠰᠢᠯᠡᠬᠦ ᠮᠡᠳᠦ᠎ᠶᠢᠨ ᠠᠷᠰᠠᠷ ᠵᠦᠢᠯᠡᠰ᠎ᠢ ᠠᠯᠬᠤᠮ ᠲᠠᠷᠠᠭ᠎ᠠ ᠲᠠᠢ ᠬᠢᠯᠭᠡᠵᠤ ᠰᠤᠷᠭᠠᠨ᠎ᠠ᠃ ᠢᠩᠬᠢᠪᠡᠯ ᠬᠡᠤᠬᠡᠳ ᠨᠠᠰᠤ ᠨᠡᠮᠡᠭᠲᠡᠬᠥ᠌ ᠲᠤᠲᠣᠮ ᠠᠶᠠᠨᠲᠠᠭᠠᠨ ᠦᠪᠡᠷ᠎ᠤᠨ ᠬᠢᠳᠡᠭ ᠵᠦᠢᠯ ᠵᠢᠡᠨ ᠤᠬᠠᠮᠰᠠᠷ ᠡᠴᠡ ᠪᠠᠨ ᠬᠢᠬᠦ ᠲᠠᠳᠬᠠᠯ ᠲᠠᠢ ᠪᠤᠯᠵᠤ ᠬᠦᠮᠦᠵᠢᠭᠳᠡᠨ᠎ᠡ᠃ ᠡᠨᠡ ᠦᠶ᠎ᠠ ᠳ᠋ᠤ ᠬᠡᠷ᠎ᠤᠨ ᠠᠬᠠᠮᠠᠳ 《ᠮᠢᠨᠤ ᠬᠦᠦ ᠪᠤᠯᠵᠤ ᠪᠠᠢᠨ᠎ᠠ᠂ ᠰᠠᠢᠬᠠᠨ ᠭᠢᠵᠤ ᠪᠠᠢᠨ᠎ᠠ !》 ᠭᠡᠬᠥ ᠮᠡᠲᠣ᠌᠎ᠶᠢᠨ ᠰᠠᠢᠰᠢᠶᠠᠯ ᠤᠷᠮᠠᠰᠢᠭᠤᠯᠤᠯ᠎ᠦᠨ ᠦᠭᠡ᠎ᠶᠢ ᠢᠯᠡᠬᠥᠬᠡᠨ ᠬᠡᠯᠡᠵᠤ ᠪᠡᠢ᠃ ᠡᠬᠥᠨ ᠡᠴᠠ ᠪᠤᠯᠵᠤ ᠬᠡᠤᠬᠡᠳ ᠬᠦᠳᠡᠯᠮᠦᠷᠢ ᠵᠢᠨ ᠳᠤᠮᠳᠠ ᠡᠴᠡ ᠬᠦᠴᠢᠷ ᠪᠡᠷᠬᠡ᠎ᠶᠢ ᠢᠯᠠᠨ ᠲᠠᠪᠠᠬᠤ ᠰᠦᠰᠤ ᠵᠣᠷᠢᠭ᠋ ᠲᠠᠢ ᠪᠤᠯᠬᠤ ᠪᠠ ᠪᠡᠶ᠎ᠡ᠎ᠳ᠋ᠡᠬᠡᠨ ᠴᠤ᠌ ᠢᠲᠡᠭᠡᠯ ᠲᠠᠢ ᠪᠤᠯᠵᠤ᠂ ᠤᠯᠠᠮ᠎ᠢᠶᠠᠷ ᠪᠤᠰᠤᠳ᠎ᠢ ᠦᠷᠤ ᠡᠪᠡᠳᠬᠥ ᠪᠠ ᠬᠠᠪᠰᠤᠷᠬᠤ ᠵᠡᠷᠭᠡ ᠤᠯᠠᠨ ᠲᠠᠯ᠎ᠠ᠎ᠶᠢᠨ ᠬᠦᠮᠤᠵᠢᠯ ᠪᠤᠯᠪᠠᠰᠤᠷᠠᠯ ᠲᠠᠢ ᠪᠤᠢᠵᠢᠵᠤ᠂ ᠪᠡᠶ᠎ᠡ᠎ᠪᠡᠨ ᠲᠠᠭᠠᠭᠠᠬᠣ᠌ ᠴᠢᠲᠠᠪᠤᠷᠢ ᠨᠢ ᠮᠡᠲᠡᠭᠲᠡᠮ᠎ᠡ ᠲᠡᠭᠡᠭᠰᠢᠯᠡᠨ᠎ᠡ᠃

ᠭᠡᠷ᠎ᠤᠨ ᠠᠬᠠᠮᠠᠳ ᠪᠤᠯᠤᠭᠰᠠᠳ ᠬᠡᠤᠬᠡᠳ᠎ᠤᠨ᠎ᠢᠶᠡᠨ ᠪᠢᠴᠢᠭ ᠨᠤᠮ ᠰᠤᠷᠬᠤ ᠳ᠋ᠤ ᠠᠩᠬᠠᠷᠤᠯ ᠲᠠᠯᠪᠢᠬᠤ ᠪᠤᠯ ᠵᠦᠪ ᠵᠦᠢᠳᠡᠢ ᠰᠠᠢᠨ ᠤᠴᠢᠷ᠃ ᠭᠡᠪᠡᠴᠦ ᠡᠭᠦᠨ᠎ᠢ ᠭᠠᠭᠴᠠᠬᠠᠨ ᠬᠠᠷᠠᠯᠳᠠ ᠪᠤᠯᠭᠠᠵᠤ᠂ ᠪᠤᠰᠤᠳ ᠬᠦᠮᠦᠵᠢᠯ᠎ᠢ ᠪᠦᠷᠢᠮᠦᠰᠦᠨ ᠤᠮᠳᠤᠭᠠᠢᠯᠠᠪᠠᠯ ᠵᠤᠬᠢᠰ ᠦᠭᠡᠢ᠂ ᠰᠠᠢᠨ ᠰᠠᠢᠬᠠᠨ ᠲᠠᠳᠬᠠᠯ᠎ᠢ ᠪᠦᠷ ᠪᠠᠭ᠎ᠠ ᠡᠴᠡ ᠨᠢ ᠬᠦᠮᠦᠵᠢᠭᠦᠯᠬᠦ ᠴᠢᠬᠤᠯᠠ ᠲᠠᠢ ᠶᠤᠮ ᠴᠢᠨᠢ ᠃ ᠡᠢᠮᠦ ᠡᠴᠡ ᠡᠳᠦᠷ ᠲᠤᠳᠤᠮ᠎ᠤᠨ ᠠᠵᠢᠯ ᠬᠦᠳᠡᠯᠮᠦᠷᠢ ᠳ᠋ᠤ ᠪᠠᠢᠩᠭᠤ ᠤᠷᠤᠯᠴᠠᠭᠤᠯᠵᠤ ᠪᠠᠢᠪᠠᠯ ᠬᠡᠤᠬᠡᠳ ᠠᠮᠢᠳᠤᠷᠠᠯ᠎ᠤᠨ ᠦᠨᠳᠦᠰᠦᠨ ᠴᠢᠳᠠᠪᠤᠷᠢ ᠵᠢ ᠠᠭᠠᠵᠢᠮ᠎ᠢᠶᠡᠷ ᠡᠵᠡᠮᠰᠢᠵᠦ᠂ ᠬᠡᠵᠢᠶ᠎ᠡ ᠨᠢᠭᠡᠨ ᠡᠳᠦᠷ ᠬᠠᠮᠢᠭ᠎ᠠ ᠬᠦᠷᠦᠭᠰᠡᠨ ᠴᠸ᠋ ᠪᠡᠶᠡᠨ ᠳ᠋ᠡᠭᠡᠨ ᠵᠦᠪ ᠵᠦᠢᠳᠡᠢ᠂ ᠠᠵᠢᠯ ᠶᠠᠪᠤᠳᠠᠯ ᠳ᠋ᠤ ᠭᠠᠷᠮᠠᠭᠠᠢ ᠰᠢᠭᠤᠷᠬᠠᠢ᠂ ᠭᠡᠷ ᠪᠦᠯᠢ᠂ ᠨᠡᠢᠭᠡᠮ ᠨᠡᠢᠳᠡ ᠳ᠋ᠤ ᠴᠸ᠋ ᠬᠠᠢᠷ᠎ᠠ ᠲᠠᠢ ᠬᠠᠷᠢᠭᠤᠴᠠᠯᠭ᠎ᠠ ᠲᠠᠢ ᠬᠦᠮᠦᠵᠢᠭᠳᠡᠬᠦ ᠪᠤᠯᠤᠨ᠎ᠠ ᠃

《ᠠᠷᠤ ᠲᠠᠪᠠᠵᠤ ᠬᠦᠯᠤᠭ᠌ ᠪᠣᠯᠳᠠᠭ᠂ ᠠᠵᠢᠯ ᠬᠢᠵᠦ ᠬᠦᠮᠤᠨ ᠪᠤᠯᠳᠠᠭ》 ᠬᠡᠮᠡᠬᠥ ᠪᠤᠭᠤᠷᠤᠯ ᠲᠡᠭᠡᠲᠤᠰ᠎ᠤᠨ᠎ᠰᠤᠷᠭᠠᠯ ᠵᠢᠡᠷ ᠬᠡᠦᠬᠡᠳ ᠵᠢᠡᠨ ᠵᠦᠪ ᠬᠦᠮᠦᠵᠢᠬᠦᠯᠬᠦ᠎ᠶᠢ ᠰᠠᠨᠠᠵᠤ ᠪᠠᠢᠶ᠎ᠠ ᠪᠢᠳᠡ !

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面