2022-11-07 14:18:35
ᠲᠠᠩᠰᠤᠭ ᠬᠤᠷᠢᠶᠠᠯᠲᠠ ᠲᠠᠢ ᠰᠢᠷᠭᠠᠯ ᠨᠠᠮᠤᠷ᠎ᠢ ᠲᠣᠬᠢᠶᠠᠯᠳᠤᠭᠤᠯᠤᠨ᠂ ᠲᠦᠩᠯᠢᠶᠣᠣ ᠬᠤᠳᠠ ᠵᠢᠨ ᠵᠠᠷᠤᠳ ᠬᠣᠰᠢᠭᠤᠨ᠎ᠤ ᠰᠤᠷᠭᠠᠨ ᠬᠥᠮᠦᠵᠢᠯ᠎ᠤᠨ ᠬᠦᠷᠢᠶᠡᠯᠡᠩ ᠲᠣᠭᠣᠷᠢᠭ᠋᠎ᠤᠨ ᠬᠡᠦᠬᠡᠳ᠎ᠤᠨ ᠴᠡᠴᠡᠷᠯᠢᠭ ᠣᠢᠷ᠎ᠠ ᠳ᠋ᠤ᠌ 《ᠲᠠᠩᠰᠤᠭ ᠰᠠᠢᠬᠠᠨ ᠴᠠᠭ》 ᠨᠠᠮᠤᠷ᠎ᠤᠨ ᠤᠯᠠᠷᠢᠯ ᠳ᠋ᠤ᠌ ᠬᠡᠦᠬᠡᠳ ᠴᠡᠴᠡᠷᠯᠢᠭ᠎ᠤᠨ ᠬᠦᠷᠢᠶ᠎ᠡ ᠪᠡᠷ ᠵᠢᠡᠨ ᠵᠤᠭᠠᠴᠠᠬᠤ ᠠᠵᠢᠯᠯᠠᠭ᠎ᠠ ᠡᠷᠬᠢᠯᠡᠪᠡ᠃
ᠬᠡᠦᠬᠡᠳ᠎ᠤᠳ ᠲᠦ᠍ ᠬᠠᠪᠤᠷ ᠲᠠᠷᠢᠵᠤ᠂ ᠵᠤᠨ ᠠᠷᠠᠴᠢᠯᠠᠬᠤ᠂ ᠨᠠᠮᠤᠷ ᠬᠤᠷᠢᠶᠠᠵᠤ᠂ ᠡᠪᠦᠯ ᠨᠥᠭᠡᠴᠡᠯᠡᠬᠦ ᠠᠮᠢᠳᠤᠷᠠᠯ᠎ᠤᠨ ᠤᠬᠠᠭᠠᠨ ᠵᠢᠴᠢ ᠨᠠᠮᠤᠷ ᠴᠠᠭ᠎ᠤᠨ ᠡᠯᠪᠡᠭ ᠬᠤᠷᠢᠶᠠᠯᠲᠠ ᠵᠢᠨ ᠪᠠᠶᠠᠷ ᠪᠠᠬᠠᠳᠤᠯ᠂ ᠡᠬᠡ ᠪᠠᠢᠭᠠᠯᠢ ᠵᠢᠨ ᠡᠴᠢᠨ᠎ᠡ ᠭᠠᠢᠬᠠᠮᠰᠢᠭ᠋᠎ᠢ ᠣᠢᠯᠠᠭᠠᠭᠤᠯᠬᠤ ᠵᠢᠨ ᠤᠯᠠᠮ ᠵᠢᠡᠷ ᠳᠡᠳᠡᠨ᠎ᠢ ᠡᠬᠡ ᠪᠠᠢᠭᠠᠯᠢ ᠪᠠᠨ ᠬᠠᠢᠷᠠᠯᠠᠬᠤ᠂ ᠠᠮᠢᠳᠤᠷᠠᠯ᠎ᠢᠶᠡᠨ ᠬᠠᠢᠷᠠᠯᠠᠬᠤ ᠤᠬᠠᠭᠠᠨ ᠳᠠᠢ ᠬᠡᠦᠬᠡᠳ ᠪᠣᠯᠭᠠᠨ ᠬᠥᠮᠥᠵᠢᠭᠦᠯᠬᠦ ᠵᠢᠨ ᠲᠥᠯᠥᠭᠡ ᠠᠵᠢᠯᠯᠠᠭ᠎ᠠ ᠪᠠᠨ ᠪᠠᠶᠠᠯᠢᠭ᠋ ᠠᠭᠤᠯᠭ᠎ᠠ ᠳᠠᠢ ᠵᠣᠬᠢᠶᠠᠨ ᠪᠠᠢᠭᠤᠯᠤᠭᠰᠠᠨ ᠪᠠᠢᠯ᠎ᠠ᠃




ᠪᠠᠭ᠍ᠰᠢ ᠨᠠᠷ ᠠᠵᠢᠯᠯᠠᠭ᠎ᠠ᠎ᠶᠢᠨ ᠠᠬᠤᠢ ᠲᠠᠯᠠᠪᠤᠷ ᠵᠢᠡᠨ ᠠᠯᠳᠠᠨ ᠰᠢᠷᠭᠠᠯ ᠥᠩᠭᠡ ᠪᠡᠷ ᠭᠣᠣᠯᠳᠠᠭᠤᠯᠤᠨ᠂ ᠨᠠᠮᠤᠷ᠎ᠤᠨ ᠪᠠᠬᠠᠳᠤᠯ᠂ ᠨᠠᠮᠤᠷ᠎ᠤᠨ ᠬᠤᠷᠢᠶᠠᠯᠲᠠ᠂ ᠨᠠᠮᠤᠷ᠎ᠤᠨ ᠠᠮᠲᠠ ᠶ᠋ᠢ ᠬᠠᠷᠠᠭᠤᠯᠤᠭᠰᠠᠨ ᠲᠠᠪᠤᠨ ᠳᠠᠷᠢᠶ᠎ᠠ᠂ ᠭᠤᠸ᠎ᠠ ᠵᠢᠮᠢᠰ᠂ ᠨᠣᠭᠣᠭ᠎ᠠ ᠴᠠᠭ᠎ᠠ ᠶ᠋ᠢ ᠲᠦᠷᠦᠯ ᠲᠦᠷᠦᠯ ᠵᠢᠡᠷ ᠨᠢ ᠳᠡᠯᠭᠡᠨ ᠦᠵᠡᠭᠦᠯᠵᠦ᠂ ᠬᠡᠦᠬᠡᠳ ᠲᠤ᠌ ᠠᠮᠲᠠᠲᠤ ᠢᠳᠡᠬᠡᠨ ᠡᠴᠡ ᠬᠤᠪᠢᠶᠠᠯᠴᠠᠬᠤ ᠪᠠ ᠳᠤᠷ᠎ᠠ ᠰᠣᠨᠢᠷᠬᠠᠯᠳᠤ ᠲᠣᠭᠯᠠᠭᠠᠮ ᠳ᠋ᠤ᠌ ᠣᠷᠤᠯᠴᠠᠬᠤ᠂ ᠴᠤᠭᠯᠠᠭ᠎ᠠ ᠮᠠᠢᠮᠠᠢ ᠵᠢᠨ ᠵᠠᠬ᠎ᠠ ᠡᠴᠡ ᠡᠳ᠋ ᠪᠠᠷᠠᠭ᠎ᠠ ᠬᠤᠳᠠᠯᠳᠤᠨ ᠠᠪᠬᠤ ᠮᠡᠲᠦ ᠵᠢᠨ ᠠᠭᠤᠯᠭ᠎ᠠ ᠶ᠋ᠢ ᠨᠢᠮᠪᠠᠢ ᠰᠠᠢᠬᠠᠨ ᠲᠣᠬᠢᠷᠠᠭᠤᠯᠵᠠᠢ᠃
ᠠᠵᠢᠯᠯᠠᠭ᠎ᠠ ᠪᠡᠷ ᠳᠠᠮᠵᠢᠭᠤᠯᠵᠤ᠂ ᠬᠡᠦᠬᠡᠳ ᠬᠥᠮᠥᠰ ᠤᠨ ᠡᠳᠦᠷ ᠪᠦᠷᠢ ᠢᠳᠡᠵᠦ ᠪᠠᠢᠭ᠎ᠠ ᠠᠮᠤ ᠪᠤᠳᠠᠭ᠎ᠠ᠂ ᠵᠢᠮᠢᠰ ᠨᠣᠭᠣᠭ᠎ᠠ ᠶ᠋ᠢ ᠪᠦᠷ ᠡᠬᠡ ᠪᠠᠢᠭᠠᠯᠢ ᠡᠴᠡ ᠮᠠᠨ ᠳ᠋ᠤ᠌ ᠰᠣᠶᠣᠷᠬᠠᠵᠤ ᠪᠠᠢᠭ᠎ᠠ ᠪᠤᠶᠤ ᠮᠠᠯᠴᠢᠨ ᠲᠠᠷᠢᠶᠠᠴᠢᠨ ᠠᠪᠠᠭ᠎ᠠ ᠠᠨᠢᠶ ᠊ᠠ᠋ ᠵᠢᠨ ᠬᠦᠴᠦ ᠬᠦᠳᠡᠯᠮᠦᠷᠢ ᠪᠡᠷ ᠰᠣᠯᠢᠵᠤ ᠢᠷᠡᠭᠰᠡᠨ᠎ᠢ ᠣᠢᠯᠠᠭᠠᠵᠤ᠂ ᠪᠠᠰᠠ ᠨᠠᠮᠤᠷ᠎ᠤᠨ ᠤᠯᠠᠷᠢᠯ᠎ᠤᠨ ᠠᠷᠠᠳ᠎ᠤᠨ ᠵᠠᠩ ᠵᠠᠩᠰᠢᠯ᠎ᠢ ᠪᠠᠶᠠᠳᠠᠨ ᠣᠢᠯᠠᠭᠠᠭᠰᠠᠨ ᠪᠠᠢᠨ᠎ᠠ᠃ (ᠬᠡᠷᠡᠯ ᠵᠢᠷᠤᠭ᠎ᠢ ᠬᠤᠸᠠᠷ ᠬᠠᠩᠭᠠᠪᠠ)
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃