ᠲᠡᠷᠢᠭᠦᠨ ᠨᠢᠭᠤᠷ>ᠰᠤᠷᠭᠠᠨ ᠬᠦᠮᠦᠵᠢᠯ >ᠨᠠᠬᠢᠶ᠎ᠠ

2024-03-15 21:44:15

ᠵᠣᠬᠢᠶᠠᠭ᠍ᠴᠢ᠄ ᠳ᠋ᠦᠩᠵᠢᠮ᠎ᠡ ᠣᠩᠱᠢᠭ᠍ᠰᠠᠨ ᠣᠳᠠᠭ᠎ᠠ᠄ 3

ᠤᠷᠲᠤᠰᠬᠤᠲᠠ ᠵᠢᠨ᠎ᠳ᠋ᠦ᠋ᠩᠱᠸᠩ ᠲᠤᠭᠤᠷᠢᠭ᠎ᠤᠨ ᠮᠤᠩᠭᠤᠯ ᠦᠨᠳᠦᠰᠦᠲᠡᠨ᠎ᠤ ᠬᠡᠤᠬᠡᠳ᠎ᠤᠨ ᠬᠤᠶᠠᠳᠤᠭᠠᠷ ᠴᠡᠴᠡᠷᠯᠢᠭ ᠨᠢ ᠰᠢᠨ᠎ᠡᠴᠠᠭ ᠦᠶ᠎ᠡ ᠵᠢᠨ ᠨᠠᠮ᠎ᠤᠨ ᠰᠤᠷᠭᠠᠨ ᠬᠦᠮᠦᠵᠢᠯ᠎ᠤᠨ ᠴᠢᠭᠯᠡᠯᠲᠡ ᠵᠢ ᠪᠦᠬᠦ ᠲᠠᠯ᠎ᠡ ᠪᠠᠷ ᠲᠤᠭᠤᠰᠢᠯᠠᠭᠤᠯᠵᠦ᠂ 《ᠠᠨᠠᠷ᠎ᠤᠨᠦᠷ᠎ᠡ》 ᠢᠨᠵᠸᠨ᠋ᠸᠷᠢᠩ ᠎ᠢ ᠭᠦᠨᠵᠡᠭᠡᠢ ᠬᠡᠷᠡᠭᠵᠢᠬᠦᠯᠦᠨ᠂ 《ᠲᠡᠯᠡᠬᠡᠢ ᠵᠢ ᠭᠡᠢᠭᠦᠯᠬᠦ ᠪᠠᠶᠠᠯᠢᠭ ᠰᠤᠶᠤᠯ᠂ ᠲᠡᠯᠭᠡᠷ ᠠᠭᠤᠲᠠᠮ ᠬᠡᠤᠬᠡᠳ᠎ᠤᠨᠶᠢᠷᠲᠢᠨᠴᠦ》 ᠴᠡᠴᠡᠷᠯᠢᠭ ᠡᠷᠬᠢᠯᠡᠬᠦ ᠵᠤᠷᠢᠯᠲᠠ ᠪᠠᠨ ᠴᠢᠩᠭᠠᠳᠬᠠᠨ᠂ 《ᠠᠨᠠᠷ᠎ᠤᠨ ᠦᠨᠳᠦᠰᠦ》 ᠂ 《ᠠᠨᠠᠷ᠎ᠤᠨᠬᠠᠯᠢᠰᠦ》 ᠂ 《ᠠᠨᠠᠷ᠎ᠤᠨ ᠨᠠᠪᠴᠢ》 ᠂ 《ᠠᠨᠠᠷ᠎ᠤᠨ ᠴᠡᠴᠡᠭ》 ᠵᠡᠷᠭᠡ ᠵᠢ ᠠᠷᠠᠴᠢᠯᠠᠬᠤ ᠪᠠᠷ ᠲᠠᠮᠵᠢᠭᠤᠯᠵᠦ᠂ 《ᠠᠨᠠᠷ᠎ᠤᠨ ᠵᠢᠮᠢᠰ》᠎ᠤᠨ ᠡᠯᠪᠡᠭ ᠬᠤᠷᠢᠶᠠᠯᠲᠠ ᠤᠯᠵᠦ ᠪᠠᠢᠨ᠎ᠡ᠃



ᠲᠤᠰ ᠴᠡᠴᠡᠷᠯᠢᠭ ᠨᠢ ᠡᠳᠦᠷ ᠲᠤᠳᠤᠮ᠎ᠤᠨ ᠰᠤᠷᠭᠠᠨ ᠬᠦᠮᠦᠵᠢᠯ᠎ᠤᠨ ᠠᠵᠢᠯᠯᠠᠭ᠍᠎ᠡ ᠲᠤᠮᠳᠠ ᠪᠠᠨ ᠰᠤᠶᠦᠯ᠎ᠤᠨᠪᠠᠢᠭᠤᠯᠤᠯᠲᠠ ᠵᠢ ᠦᠷᠭᠡᠳᠭᠡᠵᠦ᠂ ᠲᠤᠮᠳᠠᠳᠦ ᠵᠢᠨ ᠦᠨᠳᠦᠰᠦᠲᠡᠨ᠎ᠤ ᠬᠠᠮᠲᠦ ᠵᠢᠨ ᠴᠤᠭᠴᠠ ᠵᠢᠨ ᠤᠬᠠᠮᠰᠠᠷ ᠎ᠢᠪᠠᠲᠦ ᠴᠤᠭᠴᠠᠯᠠᠬᠤ ᠵᠢ ᠠᠬᠢᠭᠤᠯᠵᠦ᠂ 《ᠪᠢᠴᠢᠬᠠᠨ ᠠᠨᠠᠷ ᠨᠢᠭᠲᠠᠷᠠᠯᠴᠠᠨ ᠬᠠᠮᠲᠦ ᠪᠠᠷ ᠪᠤᠢᠵᠢᠨ᠎ᠡ》 ᠭᠡᠬᠦ ᠭᠤᠤᠯ ᠰᠡᠲᠦᠪᠲᠦ ᠠᠵᠢᠯᠯᠠᠭ᠍᠎ᠡ ᠵᠢ ᠰᠤᠷᠭᠠᠭᠤᠯᠢ ᠵᠢᠨ ᠬᠡᠪᠴᠢᠶᠡᠨ᠎ᠳᠤ ᠪᠠᠢᠩᠭᠤᠵᠢᠭᠤᠯᠵᠦ᠂ᠰᠤᠷᠭᠠᠭᠤᠯᠢ ᠵᠢᠨ ᠡᠳᠦᠷ ᠲᠤᠳᠤᠮ᠎ᠤᠨ ᠠᠮᠢᠳᠤᠷᠠᠯ ᠪᠤᠯᠤᠨ ᠵᠢᠭᠠᠨ ᠰᠤᠷᠭᠠᠯᠲᠠ ᠵᠢᠨ ᠠᠵᠢᠯᠯᠠᠭ᠍᠎ᠠ᠎ᠳᠤᠠᠭᠤᠰᠬᠠᠨ ᠶᠠᠪᠤᠭᠳᠠᠭᠤᠯᠵᠦ᠂ ᠰᠤᠷᠭᠠᠭᠤᠯᠢ ᠵᠢᠨ ᠬᠦᠷᠢᠶᠡᠨ᠎ᠳᠤ 《ᠠᠨᠠᠷ᠎ᠤᠨᠦᠨᠳᠦᠰᠦ》 ᠵᠢ ᠭᠦᠨ ᠬᠠᠳᠬᠤᠭᠤᠯᠪᠠ᠃ ᠡᠭᠦᠨ᠎ᠤ ᠬᠠᠮᠲᠦ᠂ ᠦᠪᠡᠷᠲᠡᠭᠡᠨ ᠵᠠᠰᠠᠬᠤᠤᠷᠤᠨ᠎ᠤ ᠵᠢᠱ᠌ᠢᠶᠡᠴᠢ ᠬᠡᠤᠬᠡᠳ᠎ᠤᠨ ᠴᠡᠴᠡᠷᠯᠢᠭ᠎ᠤᠨ ᠬᠦᠲᠦᠯᠦᠨ ᠲᠠᠭᠠᠭᠤᠯᠬᠤ ᠦᠢᠯᠡᠳᠦᠯ᠎ᠢ ᠭᠦᠢᠴᠡᠳ ᠪᠠᠳᠠᠷᠠᠭᠤᠯᠦᠨ᠂ ᠦᠨᠳᠦᠰᠦᠲᠡᠨ᠎ᠤᠪᠦᠯᠬᠦᠮᠳᠡᠯ᠎ᠤᠨ ᠬᠦᠮᠦᠵᠢᠯ᠎ᠢᠭᠦᠨᠵᠡᠭᠡᠢ ᠦᠷᠨᠢᠬᠦᠯᠵᠦ᠂ ᠲᠤᠮᠳᠠᠳᠦ ᠵᠢᠨ ᠦᠨᠳᠦᠰᠦᠲᠡᠨ᠎ᠤ ᠤᠯᠤᠰ ᠵᠢᠠᠨ ᠬᠠᠢᠷᠠᠯᠠᠬᠤ ᠦᠵᠡᠯ ᠵᠢᠡᠷ ᠭᠤᠤᠯ ᠪᠤᠯᠭᠠᠭᠰᠠᠨ ᠰᠤᠷᠭᠠᠨ ᠬᠦᠮᠦᠵᠢᠬᠦᠯᠬᠦ ᠠᠵᠢᠯᠯᠠᠭ᠍᠎ᠡ ᠵᠢ ᠶᠠᠪᠤᠭᠳᠠᠭᠤᠯᠤᠨ 《ᠠᠨᠠᠷ᠎ᠤᠨ ᠬᠠᠯᠢᠰᠦ 》 ᠵᠢ ᠬᠠᠢᠷᠠᠯᠠᠨ ᠬᠠᠮᠠᠭᠠᠯᠠᠬᠤ ᠵᠢ ᠪᠡᠶᠡᠯᠡᠬᠦᠯᠪᠠ᠃



ᠰᠤᠷᠭᠠᠨ ᠬᠦᠮᠦᠵᠢᠯ᠎ᠤᠨ ᠠᠵᠢᠯᠯᠠᠭ᠍᠎ᠡᠲᠤᠮᠳᠠ ᠪᠠᠨ ᠲᠤᠰ ᠴᠡᠴᠡᠷᠯᠢᠭ ᠨᠢ ᠬᠢᠴᠢᠶᠠᠯ᠎ᠤᠨ ᠲᠠᠩᠬᠢᠮᠡᠴᠡ ᠭᠠᠷᠴᠦ᠂ ᠡᠭᠡ ᠪᠠᠢᠭᠠᠯᠢ ᠲᠠᠢ ᠡᠭᠡᠨᠢᠭᠰᠢᠬᠦ ᠵᠢᠨ ᠡᠴᠢᠨ᠎ᠡ ᠵᠢᠨ ᠶᠤᠰᠦ ᠵᠢ ᠬᠡᠤᠬᠡᠳ ᠲᠦ᠍ ᠲᠠᠨᠢᠭᠤᠯᠵᠦ᠂ᠰᠤᠷᠤᠯᠴᠠᠯᠭ᠍᠎ᠡ ᠦᠢᠯᠡᠳᠦᠯᠭᠡ ᠵᠢᠨ ᠲᠤᠮᠳᠠ ᠪᠠᠨ ᠲᠤᠮᠳᠠᠳᠦ ᠵᠢᠨ ᠰᠢᠯᠢᠳᠡᠭ ᠤᠯᠠᠮᠵᠢᠯᠠᠯᠲᠦ ᠰᠤᠶᠦᠯ᠎ᠢ ᠤᠯᠠᠮᠵᠢᠯᠠᠨᠬᠦᠷᠲᠡᠵᠦ᠂ 《ᠠᠨᠠᠷ᠎ᠤᠨ ᠨᠠᠪᠴᠢ》 ᠵᠢᠨ ᠰᠠᠬᠤᠯᠢᠬᠵᠢᠬᠤ ᠵᠢ ᠠᠬᠢᠭᠤᠯᠪᠠ᠃ 《ᠠᠨᠠᠷ᠎ᠤᠨ ᠦᠷ᠎ᠡ》 ᠵᠢᠨ ᠢᠨᠵᠸᠨ᠋ᠸᠷᠢᠩ ᠎ᠤ᠋ᠨ ᠤᠯᠠᠨ ᠶᠠᠩᠵᠦᠲᠦ ᠴᠢᠨᠠᠷ᠎ᠢ ᠲᠠᠰᠦᠷᠠᠯᠲᠠ ᠦᠭᠡᠢ ᠰᠦᠪᠡᠭᠴᠢᠯᠡᠵᠦ᠂ ᠬᠤᠪᠢᠰᠬᠠᠯ᠎ᠤᠨᠨᠠᠮ᠎ᠤᠨ ᠦᠷᠦᠭᠡ ᠪᠠᠷ ᠵᠠᠭᠤᠴᠢ ᠪᠤᠯᠭᠠᠵᠦ᠂ 《ᠬᠤᠪᠢᠰᠬᠠᠯᠲᠤ ᠰᠤᠶᠦᠯ ᠬᠡᠤᠬᠡᠳ᠎ᠤᠨ ᠰᠡᠳᠬᠢᠯ᠎ᠳᠤ 》 ᠭᠡᠬᠦ ᠠᠵᠢᠯᠯᠠᠭ᠍᠎ᠡ ᠵᠢᠪᠠᠢᠩᠭᠤᠵᠢᠭᠤᠯᠵᠦ᠂ ᠭᠠᠷᠠᠭ ᠪᠤᠯᠭᠠᠨ᠎ᠤ ᠲᠤᠭ ᠮᠠᠨᠲᠤᠭᠤᠯᠬᠤ ᠶᠤᠰᠦᠯᠠᠯ ᠲᠠᠢ ᠤᠶᠠᠯᠳᠤᠭᠤᠯᠵᠦ᠂ ᠬᠡᠤᠬᠡᠳ ᠎ᠤᠨ ᠨᠠᠮ ᠵᠢᠡᠨ ᠬᠠᠢᠷᠠᠯᠠᠬᠤ᠂ᠤᠯᠤᠰ ᠵᠢᠡᠨ ᠬᠠᠢᠷᠠᠯᠠᠬᠤ ᠦᠵᠡᠯ᠎ᠢ ᠪᠤᠢ ᠪᠤᠯᠭᠠᠵᠦ 《ᠠᠨᠠᠷ᠎ᠤᠨᠴᠡᠴᠡᠭ》 ᠎ᠢ᠋ ᠦᠷᠭᠡᠨ ᠵᠢᠡᠷ ᠲᠡᠯᠭᠡᠷᠡᠭᠦᠯᠪᠠ᠃





ᠤᠯᠤᠰ᠎ᠤᠨ ᠪᠠᠶᠠᠷ᠂ ᠨᠠᠮ ᠪᠠᠢᠭᠤᠯᠤᠭᠳᠠᠭᠰᠠᠨ ᠪᠠᠶᠠᠷ᠂ ᠤᠯᠠᠮᠵᠢᠯᠠᠯᠲᠦ ᠪᠠᠶᠠᠷᠲᠤᠷᠠᠰᠬᠠᠯ᠎ᠤᠨ ᠠᠵᠢᠯᠯᠠᠭ᠍᠎ᠡ ᠵᠡᠷᠬᠡ ᠪᠠᠶᠠᠷ ᠲᠤᠷᠠᠰᠬᠠᠯ᠎ᠤᠨ ᠡᠳᠦᠷ᠎ᠢ ᠲᠤᠬᠢᠶᠠᠯᠳᠤᠭᠤᠯᠵᠦ᠂ ᠲᠤᠮᠳᠠᠳᠦ ᠵᠢᠨᠦᠨᠳᠦᠰᠦᠲᠡᠨ᠎ᠤ ᠬᠠᠮᠲᠦ ᠵᠢᠨ ᠴᠤᠭᠴᠠ ᠵᠢᠨ ᠤᠬᠠᠮᠰᠠᠷ᠎ᠢ ᠪᠠᠲᠤ ᠴᠤᠭᠴᠠᠯᠠᠬᠤ ᠰᠢᠷᠢᠰ ᠠᠵᠢᠯᠯᠠᠭ᠍᠎ᠡᠦᠷᠨᠢᠬᠦᠯᠵᠦ᠂ 《ᠠᠨᠠᠷ ᠤ᠋ᠨ ᠵᠢᠮᠢᠰ》᠎ᠤᠨ᠎ᠡᠯᠪᠡᠭ ᠬᠤᠷᠢᠶᠠᠯᠲᠠ ᠤᠯᠤᠭᠰᠠᠨ ᠪᠠᠢᠨ᠎ᠡ᠃

(ᠵᠢᠷᠤᠭ᠎ᠢᠸᠠᠩ ᠯᠢ ᠨᠠᠷ ᠰᠡᠭᠦᠳᠡᠷᠯᠡᠪᠡ )

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面