ᠲᠡᠷᠢᠭᠦᠨ ᠨᠢᠭᠤᠷ>ᠰᠤᠷᠭᠠᠨ ᠬᠦᠮᠦᠵᠢᠯ >ᠨᠠᠬᠢᠶ᠎ᠠ

2024-10-06 12:54:53

ᠵᠣᠬᠢᠶᠠᠭ᠍ᠴᠢ᠄ ᠨᠠᠪᠴᠢ ᠣᠩᠱᠢᠭ᠍ᠰᠠᠨ ᠣᠳᠠᠭ᠎ᠠ᠄ 3

ᠠᠯᠳᠠᠨ ᠨᠠᠮᠤᠷ᠎ᠤᠨ ᠡᠯᠪᠡᠭ ᠬᠤᠷᠢᠶᠠᠯᠳᠠ ᠵᠢᠨ ᠰᠠᠢᠬᠠᠨ ᠴᠠᠭ᠎ᠲᠦ᠂ ᠦᠩ ᠦᠷᠭᠡᠨ ᠳᠠᠷᠢᠶᠠᠨ ᠭᠠᠵᠠᠷ ᠲᠤ᠌ ᠡᠯᠳᠡᠪ ᠵᠦᠢᠯ᠎ᠤᠨ ᠳᠠᠷᠢᠮᠠᠯ ᠪᠠ ᠭᠤᠸᠠ ᠵᠢᠮᠢᠰ ᠪᠤᠯᠪᠠᠰᠤᠷᠠᠵᠤ᠂ ᠠᠩᠬᠢᠯᠤᠮ᠎ᠠ ᠦᠨᠦᠷ ᠠᠶᠠᠰ᠎ᠤᠨ ᠰᠠᠯᠬᠢᠨ ᠵᠢᠡᠷ ᠰᠡᠩᠬᠢᠨᠡᠨ᠎ᠡ᠃ ᠳᠤᠯᠤᠳᠤᠭᠠᠷ ᠬᠤᠭᠤᠴᠠᠭᠠᠨ ᠤ᠋ ᠳᠤᠮᠳᠠᠳᠤ ᠤᠯᠤᠰ᠎ᠤᠨ ᠳᠠᠷᠢᠶᠠᠴᠢᠳ᠎ᠤᠨ ᠡᠯᠪᠡᠭ ᠬᠤᠷᠢᠶᠠᠯᠳᠠ ᠵᠢᠨ ᠪᠠᠶᠠᠷ ᠬᠦᠷᠴᠦ ᠢᠷᠡᠬᠦ ᠳᠠᠰᠢᠷᠠᠮ ᠵᠢᠡᠷ᠂ 9 ᠰᠠᠷ᠎ᠠ ᠵᠢᠨ 24 ᠤ᠋ ᠡᠳᠦᠷ᠂ ᠰᠠᠢᠬᠠᠨ ᠳᠤᠭᠤᠷᠢᠭ᠎ᠤᠨ ᠮᠤᠩᠭᠤᠯ ᠦᠨᠳᠦᠰᠦᠳᠡᠨ ᠤ᠋ ᠬᠡᠦᠬᠡᠳ᠎ᠤᠨ ᠴᠡᠴᠡᠷᠯᠢᠭ᠎ᠤᠨ ᠬᠢᠨ 《ᠠᠯᠳᠠᠨ ᠨᠠᠮᠤᠷ᠎ᠤᠨ ᠬᠤᠷᠢᠶᠠᠯᠳᠠ ᠵᠢᠨ ᠪᠠᠶᠠᠰᠤᠯ》ᠬᠡᠬᠦ ᠡᠯᠪᠡᠭ ᠬᠤᠷᠢᠶᠠᠯᠳᠠ ᠵᠢᠨ ᠪᠠᠶᠠᠷ ᠤ᠋ᠨ ᠠᠵᠢᠯᠯᠠᠭ᠎ᠠ ᠡᠷᠬᠢᠯᠡᠵᠦ᠂ ᠬᠤᠷᠢᠶᠠᠯᠲᠠ᠎ᠶᠢᠨ ᠪᠠᠶᠠᠷ ᠪᠠᠬᠠᠳᠤᠯ᠎ᠢᠶᠠᠨ ᠬᠤᠪᠢᠶᠠᠯᠴᠠᠯ᠎ᠠ᠃


5233538_alm_1727423740638_m.jpg


ᠬᠤᠷᠢᠶᠠᠯᠳᠠ ᠵᠢᠨ ᠪᠠᠶᠠᠰᠤᠯ


ᠴᠡᠴᠡᠷᠯᠢᠭ᠎ᠤᠨ ᠪᠠᠶᠠᠷ ᠪᠠᠶᠠᠰᠤᠯᠳᠤ ᠳᠠᠷᠢᠶᠠᠯᠠᠩ᠎ᠤᠨ ᠳᠠᠯᠠᠪᠠᠢ ᠳ᠋ᠤ ᠬᠦᠬᠡᠷᠦᠬᠦᠨ ᠬᠡᠦᠬᠡᠳ ᠎ᠤᠳ ᠲᠡᠭᠦᠵᠦ ᠬᠤᠷᠢᠶᠠᠬᠤ ᠠᠵᠢᠯ ᠳ᠋ᠤ ᠤᠷᠤᠯᠴᠠᠵᠤ ᠬᠦᠳᠡᠯᠮᠦᠷᠢ ᠵᠢᠨ ᠪᠠᠶᠠᠰᠤᠯ ᠢ᠋ ᠡᠳ᠋ᠯᠡᠨ᠎ᠡ᠃ ᠪᠠᠭᠰᠢ ᠪᠠ ᠬᠡᠷ᠎ᠤᠨ ᠠᠬᠠᠮᠠᠳ᠎ᠤᠨ ᠬᠠᠪᠰᠤᠷᠤᠯᠭ᠎ᠠ ᠪᠡᠷ ᠬᠡᠦᠬᠡᠳ ᠯᠤᠬᠠᠱᠧᠩ ᠮᠠᠯᠳᠠᠬᠤ᠂ ᠲᠦᠮᠦᠰᠦ ᠯᠤᠤᠪᠠᠩ ᠤᠬᠤᠬᠤ᠂ ᠭᠤᠸᠠ ᠨᠤᠭᠤᠭ᠎ᠠ ᠳᠡᠬᠦᠬᠦ᠂ ᠡᠷᠳᠡᠨᠢ ᠰᠢᠰᠢ ᠬᠤᠭᠤᠯᠵᠤ ᠱᠠᠭᠠᠯᠬᠤ ᠠᠵᠢᠯ ᠳ᠋ᠤ ᠪᠠᠶᠠᠷᠳᠠᠢᠬᠠᠨ ᠤᠷᠤᠯᠴᠠᠵᠤ᠂ ᠳᠡᠬᠦᠵᠦ ᠬᠤᠷᠢᠶᠠᠭᠰᠠᠨ ᠨᠤᠭᠤᠭ᠎ᠠ ᠵᠢᠮᠢᠰ ᠵᠢᠡᠨ ᠰᠠᠭᠰᠤᠯᠠᠵᠤ᠂ ᠴᠡᠴᠡᠷᠯᠢᠭ᠎ᠤᠨ ᠬᠦᠷᠢᠶᠡᠨ ᠳ᠋ᠡᠬᠡᠨ ᠵᠦᠬᠡᠬᠡᠵᠦ ᠤᠪᠤᠭᠠᠯᠠᠨ᠎ᠠ᠃


5233540_alm_1727423621116_m.jpg


ᠡᠷᠳᠡᠨᠢ ᠰᠢᠰᠢ ᠱᠠᠭᠠᠯᠤᠨ᠎ᠠ



ᠬᠤᠷᠢᠶᠠᠵᠤ ᠠᠪᠴᠢᠷᠠᠭᠰᠠᠨ ᠠᠮᠤ ᠪᠤᠳᠠᠭ᠎ᠠ ᠨᠤᠭᠤᠭ᠎ᠠ ᠵᠢᠮᠢᠰ ᠵᠢᠡᠨ ᠬᠡᠷᠬᠢᠨ ᠠᠮᠳᠠᠳᠤ ᠰᠠᠢᠬᠠᠨ ᠢᠳᠡᠬᠡᠨ ᠪᠤᠯᠭᠠᠬᠤ ᠶᠠᠪᠤᠴᠠ ᠵᠢ ᠬᠡᠦᠬᠡᠳ ᠲᠤ᠌ ᠮᠡᠳᠡᠷᠡᠬᠦᠯᠬᠦ ᠵᠢᠨ ᠲᠦᠯᠦᠬᠡ᠂ ᠬᠡᠦᠬᠡᠳ᠎ᠤᠨ ᠴᠡᠴᠡᠷᠯᠢᠭ᠎ᠤᠨ ᠬᠢᠨ ᠬᠦᠷᠢᠶᠡᠨ ᠳ᠋ᠡᠬᠡᠨ ᠨᠠᠮᠤᠷ ᠴᠠᠭ ᠠᠮᠤ ᠪᠤᠳᠠᠭ᠎ᠠ᠂ ᠨᠤᠭᠤᠭ᠎ᠠ ᠵᠢᠮᠢᠰ ᠢ᠋ ᠡᠬᠡᠬᠡᠵᠦ ᠬᠠᠳᠠᠭᠠᠬᠤ ᠶᠠᠪᠤᠴᠠ ᠵᠢᠴᠢ ᠡᠷᠳᠡᠨᠢ ᠰᠢᠰᠢ᠂ ᠬᠦᠬᠡ ᠪᠤᠷᠴᠠᠭ ᠴᠢᠨᠠᠬᠤ᠂ ᠠᠮᠳᠠᠳᠤ ᠲᠦᠮᠦᠰᠦ ᠰᠢᠷᠠᠬᠤ᠂ ᠡᠷᠳᠡᠨᠢ ᠰᠢᠰᠢ ᠵᠢᠨ ᠭᠤᠯᠢᠷ ᠵᠢᠡᠷ ᠪᠤᠤᠪᠤ ᠬᠠᠭᠠᠷᠢᠬᠤ᠂ ᠳ᠋ᠧᠦᠹᠦ᠋ ᠵᠢᠨ ᠡᠬᠡᠳᠡᠭ ᠬᠢᠬᠦ᠂ ᠨᠤᠭᠤᠭ᠎ᠠ ᠳᠠᠪᠤᠰᠤᠯᠠᠬᠤ ᠵᠡᠷᠬᠡ ᠤᠯᠠᠨ ᠰᠠᠢᠬᠠᠨ ᠠᠮᠳᠠᠳᠤ ᠢᠳᠡᠬᠡᠨ ᠬᠢᠵᠦ᠂ ᠳᠠᠷᠢᠶᠠᠨ ᠭᠠᠵᠠᠷ ᠡᠴᠡ ᠬᠤᠷᠢᠶᠠᠵᠤ ᠠᠪᠴᠢᠷᠠᠭᠰᠠᠨ ᠲᠠᠷᠢᠶᠠᠯᠠᠩ᠎ᠤᠨ ᠪᠦᠳᠦᠭᠡᠭᠳᠡᠭᠦᠨ᠎ᠢ ᠬᠡᠷᠬᠢᠨ ᠪᠤᠯᠪᠠᠰᠤᠷᠠᠭᠤᠯᠵᠤ ᠂ ᠠᠮᠳᠠᠳᠤ ᠢᠳᠡᠬᠡᠨ ᠪᠤᠯᠭᠠᠵᠤ ᠪᠠᠢᠬᠤ ᠵᠢ ᠬᠡᠦᠬᠡᠳ ᠲᠤ᠌ ᠪᠡᠶᠡᠴᠢᠯᠡᠨ ᠤᠢᠯᠠᠭᠠᠭᠤᠯᠤᠨ᠎ᠠ᠃ 《ᠡᠨᠡ ᠡᠳᠦᠷ ᠪᠢ ᠡᠮᠡᠬᠡ ᠳᠠᠢ ᠪᠠᠨ ᠬᠠᠮᠳᠤ ᠡᠷᠳᠡᠨᠢ ᠰᠢᠰᠢ ᠬᠤᠭᠤᠯᠵᠤ ᠱᠠᠭᠠᠯᠬᠤ᠂ ᠲᠦᠮᠦᠰᠤ ᠮᠠᠯᠳᠠᠬᠤ᠂ ᠭᠤᠸᠠ ᠳᠠᠰᠤᠯᠬᠤ᠂ ᠰᠤᠩᠬᠢᠨ᠎ᠠ ᠦᠭᠳᠡᠬᠡᠭᠰᠡᠨ ᠪᠦᠭᠡᠳ ᠪᠠᠰᠠ ᠯᠤᠬᠠᠱᠧᠩ᠎ᠢ ᠭᠠᠵᠠᠷ ᠳᠤᠤᠷ᠎ᠠ ᠡᠴᠡ ᠮᠠᠯᠳᠠᠵᠦ ᠭᠠᠷᠭᠠᠳᠠᠭ᠎ᠢ ᠠᠩᠬ᠎ᠠ ᠬᠠᠷᠠᠭᠰᠠᠨ ᠰᠢᠤ᠃ ᠪᠠᠭᠰᠢ ᠪᠢᠳᠡᠨ᠎ᠢ ᠠᠮᠤ ᠪᠤᠳᠠᠭ᠎ᠠ ᠵᠢ ᠬᠠᠢᠷᠠᠯᠠᠵᠤ ᠨᠠᠨᠳᠢᠩᠨᠠᠬᠤ ᠬᠡᠷᠡᠭᠳᠡᠢ ᠬᠡᠵᠦ ᠰᠤᠷᠭᠠᠬᠰᠠᠨ》 ᠬᠡᠵᠦ ᠪᠢᠴᠢᠬᠠᠨ ᠦᠬᠢᠨ ᠠᠷᠢᠭᠤᠨᠰᠠᠨᠠᠭ᠎ᠠ ᠪᠠᠶᠠᠷᠳᠠᠢᠬᠠᠨ ᠶᠠᠷᠢᠨ᠎ᠠ᠃


5233536_alm_1727424003263_m.jpg


ᠯᠤᠬᠠᠱᠧᠩ ᠳᠡᠬᠦᠨ᠎ᠡ


ᠨᠠᠮᠤᠷ ᠴᠠᠭ ᠬᠡᠦᠬᠡᠳ ᠲᠤ᠌ ᠠᠵᠢᠯ ᠬᠥᠳᠡᠯᠮᠦᠷᠢ᠎ᠶᠢᠨ ᠪᠠᠶᠠᠷ ᠪᠠᠬᠠᠳᠤᠯ᠂ ᠡᠯᠪᠡᠭ ᠬᠤᠷᠢᠶᠠᠯᠲᠠ᠎ᠶᠢᠨ ᠵᠣᠯ ᠵᠢᠷᠭᠠᠯ᠎ᠢ ᠡᠳ᠋ᠯᠡᠭᠦᠯᠬᠦ ᠨᠢ ᠮᠠᠰᠢ ᠤᠳᠬ᠎ᠠ ᠠᠭᠤᠯᠭ᠎ᠠ ᠳᠠᠢ ᠠᠵᠢᠯᠯᠠᠭ᠎ᠠ ᠪᠢᠯᠡ᠃ ᠰᠠᠢᠬᠠᠨ ᠲᠣᠭᠣᠷᠢᠭ᠋᠎ᠤᠨ ᠮᠣᠩᠭᠣᠯ ᠦᠨᠳᠦᠰᠦᠲᠡᠨ᠎ᠦ ᠬᠡᠦᠬᠡᠳ᠎ᠦᠨ ᠴᠡᠴᠡᠷᠯᠢᠭ᠎ᠦᠨ ᠵᠠᠬᠢᠷᠤᠯ ᠶᠦᠨ ᠵᠢᠶᠦ᠋ᠨ ᠶᠢᠩ᠄ 《ᠪᠢᠳᠡ ᠡᠯᠪᠡᠭ ᠬᠤᠷᠢᠶᠠᠯᠳᠠ ᠵᠢᠨ ᠪᠠᠶᠠᠷ᠎ᠤᠨ ᠰᠢᠷᠢᠰ ᠠᠵᠢᠯᠯᠠᠭ᠎ᠠ ᠵᠢ ᠦᠷᠬᠦᠯᠵᠢᠯᠡᠨ ᠦᠷᠨᠢᠬᠦᠯᠵᠦ᠂ ᠴᠡᠴᠡᠷᠯᠢᠭ᠎ᠤᠨ ᠵᠢᠡᠨ ᠰᠤᠷᠭᠠᠨ ᠬᠦᠮᠦᠵᠢᠯ᠎ᠤᠨ ᠦᠢᠯᠡᠳᠦᠯᠬᠡ ᠵᠢᠨ ᠰᠠᠭᠤᠷᠢᠨ ᠳ᠋ᠠᠭᠠᠨ ᠲᠦᠰᠢᠭᠯᠡᠵᠦ᠂ ᠢᠳᠡᠬᠡᠨ ᠤᠮᠳᠠᠭᠠᠨ ᠤ᠋ ᠬᠦᠮᠦᠵᠢᠯ ᠡᠴᠡ ᠭᠠᠷᠳᠠᠨ ᠬᠡᠦᠬᠡᠳ᠎ᠤᠳ ᠵᠢᠡᠨ ᠬᠦᠳᠡᠯᠮᠦᠷᠢ ᠳ᠋ᠤ ᠢᠯᠡᠬᠦᠬᠡᠨ ᠤᠷᠤᠯᠴᠠᠭᠤᠯᠵᠤ᠂ ᠬᠡᠦᠬᠡᠳ᠎ᠦᠨ ᠰᠤᠷᠤᠯᠭ᠎ᠠ ᠠᠮᠢᠳᠤᠷᠠᠯ᠎ᠢ ᠪᠠᠶᠠᠯᠢᠭ᠍ᠵᠢᠭᠤᠯᠬᠤ᠎ᠶᠢᠨ ᠬᠠᠮᠲᠤ ᠪᠠᠰᠠ ᠦᠢᠯᠡᠳᠦᠯᠭᠡ᠎ᠶᠢᠨ ᠠᠵᠢᠯᠯᠠᠭ᠎ᠠ ᠎ᠪᠠᠷ ᠳᠠᠮᠵᠢᠭᠤᠯᠤᠨ ᠬᠡᠦᠬᠡᠳ᠎ᠦᠳ᠎ᠢ ᠪᠠᠭ᠎ᠠ᠎ᠠᠴᠠ ᠨᠢ ᠵᠥᠪ ᠥᠷᠲᠡᠭ᠎ᠦᠨ ᠦᠵᠡᠯᠲᠡ ᠪᠠ ᠶᠢᠷᠲᠢᠨᠴᠦ᠎ᠶᠢᠨ ᠦᠵᠡᠯᠲᠡ᠎ᠲᠠᠢ ᠪᠣᠯᠭᠠᠵᠤ᠂ ᠳᠡᠳᠡᠨ ᠢ᠋ ᠬᠦᠳᠡᠯᠮᠦᠷᠢ ᠳ᠋ᠤ ᠬᠠᠢᠷᠠᠳᠠᠢ᠂ ᠠᠮᠤ ᠪᠤᠳᠠᠭ᠎ᠠ ᠵᠢ ᠠᠷᠪᠢᠯᠠᠨ ᠭᠠᠮᠨᠠᠬᠤ ᠰᠠᠢᠬᠠᠨ ᠰᠠᠢᠬᠠᠨ ᠵᠠᠩ ᠳᠠᠳᠬᠠᠯ ᠳᠠᠢ ᠪᠤᠯᠭᠠᠨ ᠬᠦᠮᠦᠵᠢᠬᠦᠯᠦᠨ᠎ᠡ》 ᠬᠡᠵᠦ ᠶᠠᠷᠢᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠠᠢᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面