ᠲᠡᠷᠢᠭᠦᠨ ᠨᠢᠭᠤᠷ>ᠰᠤᠷᠭᠠᠨ ᠬᠦᠮᠦᠵᠢᠯ >ᠨᠠᠬᠢᠶ᠎ᠠ

2025-03-24 11:11:01

ᠵᠣᠬᠢᠶᠠᠭ᠍ᠴᠢ᠄ ​ᠤᠷᠠᠨᠳᠤᠳᠢ ᠣᠩᠱᠢᠭ᠍ᠰᠠᠨ ᠣᠳᠠᠭ᠎ᠠ᠄ 3

《ᠬᠡᠥᠭᠡᠳ᠎ᠤᠳ ᠡ᠂ ᠡᠨᠡ ᠡᠳᠥᠷ ᠪᠢᠳᠡ ᠤᠯᠠᠮᠵᠢᠯᠠᠯᠳᠥ ᠴᠠᠭᠠᠨ ᠢᠳᠡᠭᠡᠨ ᠬᠢᠬᠥ ᠳᠤᠬᠠᠢ ᠰᠤᠷᠤᠯᠴᠠᠨ᠎ᠠ᠃ ᠬᠠᠮᠤᠭ᠎ᠤᠨ ᠳᠡᠷᠢᠬᠥᠨ ᠳ᠋ᠤ ᠰᠢᠷ᠎ᠡ ᠳᠤᠰᠥ ᠲᠠᠢ ᠪᠤᠭᠤᠷᠰᠤᠭ ᠬᠢᠬᠥ ᠮᠡᠷᠭᠡᠵᠢᠯ ᠢ᠋ ᠤᠯᠠᠨ ᠳ᠋ᠤ ᠲᠠᠨᠢᠯᠴᠠᠭᠤᠯᠵᠤ ᠦᠭᠬᠥᠶ᠎ᠡ ᠁》ᠰᠤᠷᠪᠤᠯᠵᠢᠯᠠᠭᠴᠢ ᠤᠢᠷ᠎ᠠ ᠳ᠋ᠤ ᠬᠢᠨᠭᠭᠠᠨ ᠠᠢᠮᠠᠭ ᠤ᠋ᠨ ᠬᠤᠷᠴᠢᠨ ᠪᠠᠷᠠᠭᠤᠨ ᠭᠠᠷᠥᠨ ᠡᠮᠥᠨᠡᠳᠥ ᠬᠤᠰᠢᠭᠤᠨ ᠤ᠋ ᠤᠯᠠᠮᠵᠢᠯᠠᠯᠳᠥ ᠴᠠᠭᠠᠨ ᠢᠳᠡᠭᠡᠨ ᠤ᠋ ᠬᠦᠷᠢᠶᠡᠯᠡᠩ ᠳ᠋ᠤ ᠰᠤᠷᠪᠤᠯᠵᠢᠯᠠᠬᠤ ᠪᠠᠷ ᠬᠦᠷᠬᠥ ᠳ᠋ᠤ᠂ ᠲᠤᠰ ᠬᠦᠷᠢᠶᠡᠯᠡᠩ ᠤ᠋ᠨ ᠨᠠᠮ ᠤ᠋ᠨ ᠡᠬᠥᠷ ᠤ᠋ᠨ ᠱᠦᠵᠢ ᠴᠤᠯᠮᠥᠨ ᠡᠴᠡ ᠪᠢᠴᠢᠬᠠᠨ ᠬᠡᠥᠭᠡᠳ ᠲᠤ᠌ ᠴᠠᠭᠠᠨ ᠢᠳᠡᠭᠡᠨ ᠬᠢᠬᠥ ᠠᠷᠭ᠎ᠠ ᠵᠢ ᠲᠠᠨᠢᠯᠴᠠᠭᠤᠯᠥᠨ ᠦᠭᠴᠤ ᠪᠠᠢᠯ᠎ᠠ᠃

ᠦᠢᠷ᠎ᠠ ᠵᠢᠨ ᠡᠳᠦᠷ᠂ ᠬᠤᠷᠴᠢᠨ ᠪᠠᠷᠠᠭᠤᠨ ᠭᠠᠷᠥᠨ ᠡᠮᠥᠨᠡᠳᠥ ᠬᠤᠰᠢᠭᠤᠨ ᠤ᠋ ᠤᠯᠠᠮᠵᠢᠯᠠᠯᠳᠥ ᠴᠠᠭᠠᠨ ᠢᠳᠡᠭᠡᠨ ᠤ᠋ ᠬᠦᠷᠢᠶᠡᠯᠡᠩ ᠡᠴᠨ ᠴᠠᠭᠠᠨ ᠢᠳᠡᠭᠡᠨ ᠬᠢᠬᠥ ᠵᠢ ᠪᠡᠶᠡᠴᠢᠯᠡᠨ ᠤᠢᠯᠠᠭᠠᠬᠤ ᠰᠤᠳᠤᠯᠥᠨ ᠰᠤᠷᠤᠯᠴᠠᠬᠤ ᠠᠵᠢᠯᠯᠠᠭ᠎ᠠ ᠵᠤᠬᠢᠶᠠᠨ ᠪᠠᠢᠭᠤᠯᠵᠤ᠂ 25 ᠪᠢᠴᠢᠬᠠᠨ ᠬᠡᠥᠭᠡᠳ ᠨᠡᠷ᠎ᠡ ᠮᠡᠳᠡᠬᠥᠯᠥᠨ ᠤᠷᠤᠯᠴᠠᠵᠤ᠂ ᠤᠯᠠᠮᠵᠢᠯᠠᠯᠳᠥ ᠴᠠᠭᠠᠨ ᠢᠳᠡᠭᠡᠨ ᠬᠢᠬᠥ ᠠᠷᠭ᠎ᠠ ᠵᠢ ᠰᠤᠷᠤᠯᠴᠠᠬᠰᠠᠨ ᠮᠦᠷᠳᠡᠬᠡᠨ ᠴᠠᠭᠠᠨ ᠢᠳᠡᠭᠡᠨ ᠥᠢᠯᠡᠳᠪᠤᠷᠢᠯᠡᠬᠥ ᠳᠠᠰᠤᠭ ᠵᠢᠡᠷ ᠳᠤᠭᠤᠷᠢᠨ ᠦᠵᠡᠪᠠ᠃ ᠬᠡᠥᠭᠡᠳ ᠤ᠋ᠳ ᠦᠪᠠᠷ ᠤ᠋ᠨ ᠬᠢᠭᠰᠡᠨ ᠴᠠᠭᠠᠨ ᠢᠳᠡᠭᠡᠨ ᠵᠢᠡᠨ ᠠᠮᠳᠠᠷᠬᠠᠭᠠᠳ ᠮᠠᠰᠢ ᠪᠠᠶᠠᠷ ᠬᠦᠷ ᠲᠠᠢ ᠪᠠᠢᠯ᠎ᠠ᠃




《ᠪᠢ ᠦᠨᠥᠳᠥᠷ ᠬᠠᠮᠳᠥ ᠰᠤᠷᠤᠯᠭᠠᠳᠠᠨ ᠲᠠᠢ ᠪᠠᠨ ᠴᠠᠭᠠᠨ ᠢᠳᠡᠭᠡᠨ ᠬᠢᠬᠥ ᠵᠢ ᠪᠡᠶᠡᠴᠢᠯᠡᠨ ᠤᠢᠯᠠᠭᠠᠬᠤ ᠰᠤᠳᠤᠯᠥᠨ ᠰᠤᠷᠤᠯᠴᠠᠬᠤ ᠠᠵᠢᠯᠯᠠᠭ᠎ᠠ ᠳ᠋ᠤ ᠤᠷᠤᠯᠴᠠᠭᠠᠳ ᠮᠠᠰᠢ ᠤᠯᠠᠨ ᠮᠡᠳᠡᠯᠭᠡ ᠤᠯᠵᠤ ᠰᠤᠷᠴᠠᠢ᠃ ᠤᠳᠥ ᠪᠢ ᠰᠢᠷ᠎ᠡ ᠳᠤᠰᠥ ᠲᠠᠢ ᠪᠤᠭᠤᠷᠰᠤᠭ ᠬᠢᠬᠥ ᠮᠡᠷᠭᠡᠵᠢᠯ ᠢ᠋ ᠡᠵᠡᠮᠰᠢᠭᠰᠡᠨ᠂ ᠭᠡᠷ ᠲᠤ᠌ ᠪᠠᠨ ᠬᠠᠷᠢᠪᠠᠯ ᠡᠵᠢ ᠲᠠᠢ ᠪᠠᠨ ᠬᠠᠮᠳᠥ ᠴᠠᠭᠠᠨ ᠢᠳᠡᠭᠡᠨ ᠬᠢᠵᠤ ᠪᠤᠯᠪᠠᠰᠤᠷᠠᠨ᠎ᠠ》 ᠭᠡᠵᠤ ᠬᠤᠷᠴᠢᠨ ᠪᠠᠷᠠᠭᠤᠨ ᠭᠠᠷᠥᠨ ᠡᠮᠥᠨᠡᠳᠥ ᠬᠤᠰᠢᠭᠤᠨ ᠤ᠋ ᠨᠢᠭᠡᠳᠥᠭᠡᠷ ᠪᠠᠭ᠎ᠠ ᠰᠤᠷᠭᠠᠭᠤᠯᠢ ᠵᠢᠨ ᠰᠤᠷᠤᠭᠴᠢ ᠴᠡᠴᠡᠨ ᠬᠡᠯᠡᠪᠡ᠃

ᠤᠢᠯᠠᠭᠠᠭᠰᠠᠨ ᠵᠢᠡᠷ᠂ ᠬᠤᠷᠴᠢᠨ ᠪᠠᠷᠠᠭᠤᠨ ᠭᠠᠷᠥᠨ ᠡᠮᠥᠨᠡᠳᠥ ᠬᠤᠰᠢᠭᠤᠨ ᠤ᠋ ᠤᠯᠠᠮᠵᠢᠯᠠᠯᠳᠥ ᠴᠠᠭᠠᠨ ᠢᠳᠡᠭᠡᠨ ᠤ᠋ ᠬᠦᠷᠢᠶᠡᠯᠡᠩ ᠡᠨᠡ ᠵᠢᠯ ᠨᠡᠢᠳᠡ 100 ᠳᠠᠯᠠᠪᠠᠢ ᠴᠠᠭᠠᠨ ᠢᠳᠡᠭᠡᠨ ᠬᠢᠬᠥ ᠵᠢ ᠪᠡᠶᠡᠴᠢᠯᠡᠨ ᠤᠢᠯᠠᠭᠠᠬᠤ ᠰᠤᠳᠤᠯᠥᠨ ᠰᠤᠷᠤᠯᠴᠠᠬᠤ ᠠᠵᠢᠯᠯᠠᠭ᠎ᠠ ᠶᠠᠪᠤᠭᠳᠠᠭᠤᠯᠬᠤ ᠪᠠᠷ ᠲᠦᠯᠥᠪᠯᠡᠵᠤ ᠪᠠᠢᠬᠤ ᠪᠦᠭᠡᠳ ᠨᠡᠩ ᠤᠯᠠᠨ ᠬᠤᠳᠠ ᠬᠦᠳᠡᠭᠡ ᠵᠢᠨ ᠬᠡᠥᠭᠡᠳ ᠲᠤ᠌ ᠤᠯᠠᠮᠵᠢᠯᠠᠯᠳᠥ ᠴᠠᠭᠠᠨ ᠢᠳᠡᠭᠡᠨ ᠬᠢᠬᠥ ᠮᠡᠷᠭᠡᠵᠢᠯ ᠢ᠋ ᠡᠵᠡᠮᠰᠢᠬᠥᠯᠥᠨ᠂ ᠪᠡᠶ᠎ᠡ ᠪᠠᠨ ᠳᠠᠭᠠᠭᠠᠵᠤ ᠠᠵᠢᠯ ᠬᠦᠳᠡᠯᠮᠥᠷᠢ ᠳ᠋ᠤ ᠤᠷᠤᠯᠴᠠᠬᠤ ᠢᠳᠡᠪᠬᠢᠵᠢᠯ ᠢ᠋ ᠨᠢ ᠳᠠᠢᠴᠢᠯᠠᠨ᠂ ᠨᠡᠢᠭᠡᠮ ᠤ᠋ᠨ ᠥᠢᠯᠡᠳᠥᠯᠭᠡ ᠳ᠋ᠤ ᠢᠯᠡᠬᠥᠭᠡᠨ ᠤᠷᠤᠯᠴᠠᠬᠤ ᠵᠢ ᠵᠤᠷᠢᠭᠵᠢᠭᠤᠯᠬᠤ ᠪᠤᠯᠤᠨ᠎ᠠ᠃

《ᠵᠤᠨ ᠪᠤᠯᠪᠠᠯ ᠪᠢᠳᠡ ᠪᠠᠰᠠ ᠬᠡᠥᠭᠡᠳ ᠢ᠋ ᠵᠤᠬᠢᠶᠠᠨ ᠪᠠᠢᠭᠤᠯᠥᠨ᠂ ᠮᠠᠯᠵᠢᠬᠤ ᠤᠷᠤᠨ ᠵᠢᠡᠷ ᠬᠦᠨᠵᠡᠬᠡᠢᠷᠡᠨ᠂ ᠬᠡᠦᠬᠡᠳ ᠲᠤ᠌ ᠮᠠᠯᠵᠢᠬᠤ ᠠᠮᠢᠳᠤᠷᠠᠯ ᠢ᠋ ᠤᠢᠯᠠᠭᠠᠭᠤᠯᠬᠤ ᠵᠢᠨ ᠳᠠᠭᠠᠤ ᠪᠤᠳᠠᠰ ᠤ᠋ᠨ ᠪᠤᠰᠥ ᠰᠤᠶᠤᠯ ᠤ᠋ᠨ ᠦᠪ ᠤ᠋ᠨ ᠲᠦᠷᠥᠯ ᠵᠥᠢᠯ ᠪᠤᠯᠬᠤ ᠤᠯᠠᠮᠵᠢᠯᠠᠯᠳᠥ ᠴᠠᠭᠠᠨ ᠢᠳᠡᠭᠡᠨ ᠬᠢᠬᠥ ᠮᠡᠷᠭᠡᠵᠢᠯ ᠢ᠋ ᠠᠬᠤᠢ ᠳᠠᠯᠠᠪᠠᠢ ᠳ᠋ᠤ ᠦᠵᠡᠬᠦᠯᠵᠦ ᠬᠢᠯᠬᠡᠵᠦ ᠰᠤᠷᠭᠠᠬᠤ ᠪᠡᠷ ᠲᠦᠯᠥᠪᠯᠡᠵᠤ ᠪᠤᠢ᠃ ᠡᠢᠮᠦᠷᠬᠦᠦ ᠤᠳᠬ᠎ᠠ ᠳᠡᠬᠥᠯᠳᠡᠷ ᠰᠤᠳᠤᠯᠥᠨ ᠰᠤᠷᠤᠯᠴᠠᠬᠤ ᠠᠵᠢᠯᠯᠠᠭ᠎ᠠ ᠨᠢ ᠬᠡᠥᠭᠡᠳ ᠤ᠋ᠨ ᠰᠤᠶᠤᠯ ᠤ᠋ᠨ ᠠᠮᠢᠳᠤᠷᠠᠯ ᠢ᠋ ᠨᠡᠩ ᠪᠠᠶᠠᠯᠢᠭᠵᠢᠭᠤᠯᠵᠤ ᠴᠢᠳᠠᠨ᠎ᠠ》 ᠭᠡᠵᠤ ᠲᠤᠰ ᠬᠦᠷᠢᠶᠡᠯᠡᠩ ᠤ᠋ᠨ ᠨᠠᠮ ᠤ᠋ᠨ ᠡᠬᠥᠷ ᠤ᠋ᠨ ᠱᠦᠵᠢ ᠴᠤᠯᠮᠥᠨ ᠰᠤᠷᠪᠤᠯᠵᠢᠯᠠᠭᠴᠢ ᠳ᠋ᠤ ᠶᠠᠷᠢᠯ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面