ᠲᠡᠷᠢᠭᠦᠨ ᠨᠢᠭᠤᠷ>ᠰᠤᠷᠭᠠᠨ ᠬᠦᠮᠦᠵᠢᠯ >ᠨᠠᠬᠢᠶ᠎ᠠ

2025-03-24 11:09:45

ᠵᠣᠬᠢᠶᠠᠭ᠍ᠴᠢ᠄ ​ ᠨᠠᠪᠴᠢ ᠣᠩᠱᠢᠭ᠍ᠰᠠᠨ ᠣᠳᠠᠭ᠎ᠠ᠄ 3

ᠲᠦᠷᠦᠬᠦᠬᠡᠨ ᠥᠪᠥᠷ ᠮᠣᠩᠭᠣᠯ᠎ᠤᠨ ᠪᠠᠭ᠍ᠰᠢ᠎ᠶᠢᠨ ᠶᠡᠬᠡ ᠰᠤᠷᠭᠠᠭᠤᠯᠢ᠎ᠶᠢᠨ ᠤᠯᠠᠨ ᠤᠯᠤᠰ᠎ᠤᠨ ᠰᠣᠯᠢᠯᠴᠠᠭᠠᠨ᠎ᠤ ᠳᠡᠭᠡᠳᠦ ᠰᠤᠷᠭᠠᠭᠤᠯᠢ᠎ᠶᠢᠨ ᠨᠠᠮ᠎ᠤᠨ ᠬᠣᠷᠢᠶ᠎ᠠ ᠤᠶᠤᠳᠠᠨ ᠰᠠᠢᠨ ᠳᠤᠷᠠᠴᠤᠤᠯ ᠵᠢᠡᠨ ᠵᠤᠬᠢᠶᠠᠨ ᠪᠠᠢᠭᠤᠯᠤᠨ ᠬᠥᠬᠡᠬᠣᠲᠠ᠎ᠶᠢᠨ ᠮᠣᠩᠭᠣᠯ ᠦᠨᠳᠦᠰᠦᠲᠡᠨ᠎ᠦ ᠬᠡᠦᠬᠡᠳ᠎ᠦᠨ ᠴᠡᠴᠡᠷᠯᠢᠭ᠎ᠲᠦ ᠬᠦᠷᠴᠦ᠂ 《ᠭᠠᠷ ᠭᠠᠷ ᠵᠢᠡᠨ ᠬᠤᠯᠪᠤᠯᠴᠠᠨ ᠨᠤᠮ᠎ᠤᠨ ᠬᠡᠰᠢᠭ ᠲᠤ᠌ ᠬᠠᠮᠳᠤ ᠪᠡᠷ ᠦᠰᠦᠨ ᠪᠤᠢᠵᠢᠶ᠎ᠠ》 ᠭᠡᠬᠦ ᠰᠠᠢᠨ ᠳᠤᠷᠠᠴᠤᠤᠯ᠎ᠤᠨ ᠦᠢᠯᠡᠴᠢᠯᠡᠭᠡᠨ᠎ᠦ ᠠᠵᠢᠯᠯᠠᠭ᠎ᠠ ᠦᠷᠨᠢᠬᠦᠯᠪᠡ᠃




ᠠᠵᠢᠯᠯᠠᠭ᠎ᠠ ᠳᠤᠮᠳᠠ᠂ ᠤᠶᠤᠳᠠᠨ ᠵᠠᠯᠠᠭᠤᠴᠤᠳ᠎ᠢ᠋ ᠦᠢᠯᠡᠳᠦᠯᠭᠡ ᠳ᠋ᠤ ᠤᠷᠤᠯᠴᠠᠭᠤᠯᠬᠤ ᠪᠡᠷ ᠳᠠᠮᠵᠢᠨ ᠯᠧᠢ ᠹᠧᠩ᠎ᠤᠨ ᠵᠤᠷᠢᠭ ᠰᠠᠨᠠᠭ᠎ᠠ ᠵᠢ ᠭᠦᠨᠵᠡᠭᠡᠢ ᠤᠢᠯᠠᠭᠠᠭᠤᠯᠬᠤ ᠵᠢᠨ ᠵᠡᠷᠬᠡ ᠪᠡᠷ ᠨᠡᠢᠬᠡᠮ ᠵᠢᠷᠤᠮ᠎ᠤᠨ ᠭᠤᠤᠯᠯᠠᠭᠴᠢ ᠦᠷᠳᠡᠭ᠎ᠤᠨ ᠦᠵᠡᠯᠳᠡ ᠵᠢ ᠦᠢᠯᠡᠳᠦᠯᠬᠡᠵᠢᠬᠦᠯᠵᠡᠢ᠃ ᠤᠶᠤᠳᠠᠳ ᠴᠡᠴᠡᠷᠯᠢᠭ᠎ᠤᠨ ᠪᠢᠴᠢᠬᠠᠨ ᠨᠠᠢᠵᠠ ᠨᠠᠷ᠎ᠤᠨ ᠳᠤᠭᠯᠠᠯᠳᠠ ᠵᠢ ᠰᠤᠨᠢᠷᠬᠠᠵᠤ᠂ ᠳᠡᠳᠡᠨ ᠳᠠᠢ ᠬᠠᠮᠳᠤ ᠬᠢᠳᠠᠳ ᠦᠰᠦᠭ᠎ᠤᠨ ᠳᠤᠭᠯᠠᠭᠠᠮ᠎ᠳᠤᠭᠯᠠᠵᠤ᠂ ᠳᠤᠭᠯᠠᠭᠠᠮ᠎ᠤᠨ ᠳᠤᠮᠳᠠ ᠦᠷᠭᠡᠨ ᠲᠡᠯᠭᠡᠷ ᠳᠤᠮᠳᠠᠳᠤ ᠵᠢᠨ ᠰᠤᠶᠤᠯ ᠡᠴᠡ ᠰᠤᠷᠤᠯᠴᠠᠪᠠ᠃ ᠤᠶᠤᠳᠠᠨ ᠰᠠᠢᠨ ᠳᠤᠷᠠᠴᠤᠤᠯ ᠪᠠᠰᠠ ᠬᠡᠦᠬᠡᠳ᠎ᠤᠨ ᠬᠠᠷᠠᠬᠠᠨ ᠪᠠᠭ᠎ᠠ ᠡᠴᠡ ᠪᠠᠨ ᠨᠤᠮ ᠤᠩᠰᠢᠬᠤ ᠰᠠᠢᠬᠠᠨ ᠳᠠᠳᠬᠠᠯ ᠳᠠᠢ ᠪᠤᠯᠵᠤ᠂ ᠨᠤᠮ ᠪᠢᠴᠢᠭ ᠡᠴᠡ ᠤᠶᠤᠨ ᠤᠬᠠᠭᠠᠨ ᠰᠢᠩᠬᠡᠭᠡᠨ ᠠᠪᠬᠤ ᠵᠢ ᠵᠤᠷᠢᠭᠵᠢᠭᠤᠯᠵᠤ᠂ ᠡᠯᠪᠡᠭ ᠪᠠᠶᠠᠯᠢᠭ ᠠᠭᠤᠯᠭ᠎ᠠ ᠳᠠᠢ ᠨᠤᠮ ᠳᠡᠪᠳᠡᠷ ᠪᠡᠯᠡᠭᠯᠡᠯ᠎ᠡ᠃ ᠲᠡᠳᠡ ᠪᠠᠰᠠ ᠬᠡᠦᠬᠡᠳ᠎ᠤᠨ ᠴᠡᠴᠡᠷᠯᠢᠭ᠎ᠤᠨ ᠠᠩᠬᠢ ᠵᠢᠨ ᠬᠡᠷ᠂ ᠭᠤᠳᠤᠮᠵᠢ᠂ ᠠᠵᠢᠯᠯᠠᠭᠠᠨ᠎ᠤ ᠬᠡᠷ ᠵᠡᠷᠬᠡ ᠵᠢ ᠴᠡᠪᠡᠷᠯᠡᠨ ᠦᠭᠴᠦ᠂ ᠪᠤᠳᠠᠳᠤ ᠠᠵᠢᠯᠯᠠᠭ᠎ᠠ ᠪᠡᠷ ᠵᠢᠡᠨ ᠯᠧᠢ ᠹᠧᠩ᠎ᠤᠨ ᠬᠦᠴᠢᠷ ᠪᠡᠷᠬᠡ ᠡᠴᠡ ᠠᠶᠤᠬᠤ ᠦᠬᠡᠢ᠂ ᠨᠡᠢᠳᠡ᠎ᠶᠢᠨ ᠲᠦᠯᠦᠭᠡ ᠭᠤᠶᠠᠴᠢ ᠦᠭᠡᠢ ᠵᠢᠳᠭᠦᠬᠦ ᠵᠤᠷᠢᠭ ᠰᠠᠨᠠᠭ᠎ᠠ ᠵᠢ ᠢᠯᠡᠷᠡᠬᠦᠯᠪᠡ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面