2022-06-29 09:20:08
ᠮᠤᠷᠢᠨ ᠬᠤᠭᠤᠷ ᠵᠢᠡᠨ ᠬᠦᠨᠭ᠌ᠭᠢᠨᠡᠭᠦᠯᠦᠨ ᠪᠠᠢᠵᠤ
ᠮᠠᠭ᠍ᠲᠠᠭᠠᠯ ᠳᠠᠭᠤᠤ ᠪᠡᠨ ᠬᠠᠡᠭᠭᠢᠨᠠᠭᠤᠯᠤᠶᠠ
ᠮᠠᠨ ᠢ᠋ ᠬᠠᠢᠷᠠᠯᠠᠨ ᠬᠦᠮᠦᠵᠢᠭᠦᠯᠦᠭ᠌ᠰᠡᠨ
ᠮᠤᠨᠳᠠᠭ ᠠᠴᠢ ᠵᠢ ᠨᠢ ᠮᠠᠭ᠍ᠲᠠᠶᠠ
ᠨᠠᠮ ᠮᠢᠨᠢ ᠬᠡᠷᠪᠡ ᠪᠠᠢᠭ᠍ᠰᠠᠨ ᠦᠭᠡᠢ ᠪᠤᠯ
ᠳᠡᠯᠡᠬᠡᠢ ᠳ᠋ᠤ ᠤᠰᠤ ᠦᠭᠡᠢ ᠲᠠᠢ ᠠᠳᠠᠯᠢᠬᠠᠨ
ᠨᠠᠰᠤ ᠪᠡᠷ ᠵᠢᠡᠨ ᠪᠢᠳᠡ ᠴᠠᠨᠭᠭᠠᠵᠤ
ᠬᠠᠷᠢ ᠵᠢᠨ ᠪᠤᠭᠤᠯ ᠶᠠᠪᠤᠨ᠎ᠠ
ᠨᠠᠮ ᠮᠢᠨᠢ ᠬᠡᠷᠪᠡ ᠪᠠᠢᠭ᠍ᠰᠠᠨ ᠦᠭᠡᠢ ᠪᠤᠯ
ᠠᠮᠢᠳᠤᠷᠠᠯ ᠳ᠋ᠤ ᠭᠠᠯ ᠦᠭᠡᠢ ᠲᠠᠢ ᠠᠳᠠᠯᠢᠬᠠᠨ
ᠵᠤᠨ ᠵᠢᠡᠷ ᠪᠢᠳᠡ ᠪᠡᠭᠡᠷᠡᠵᠦ᠍
ᠵᠤᠪᠠᠯᠠᠩ ᠤ᠋ᠨ ᠳᠠᠯᠠᠢ ᠳ᠋ᠤ ᠣᠨᠠᠨ᠎ᠠ
ᠳᠡᠪᠡᠯ ᠲᠡᠷᠯᠢᠭ ᠵᠢᠡᠨ ᠭᠤᠶᠤᠯᠠᠨ ᠪᠠᠢᠵᠤ
ᠳᠡᠯᠡᠬᠡᠢ ᠬᠤᠲᠤᠯᠵᠠᠲᠠᠯᠠ ᠨᠠᠢᠷᠯᠠᠯᠳᠤᠶᠠ
ᠡᠬᠡ ᠤᠯᠤᠰ ᠢ᠋ ᠮᠢᠨᠢ ᠴᠢᠯᠦᠭᠡᠯᠡᠭ᠌ᠰᠡᠨ
ᠡᠪ ᠬᠠᠮᠲᠤ ᠨᠠᠮ ᠳ᠋ᠠᠭᠠᠨ ᠶᠤᠰᠤᠯᠠᠶᠠ
ᠠᠵᠢᠯᠴᠢ ᠠᠷᠪᠢᠴᠢ ᠪᠡᠷ ᠠᠮᠢᠳᠤᠷᠠᠵᠤ
ᠦᠪᠡᠷ ᠤ᠋ᠨ ᠬᠦᠴᠦ᠍ ᠪᠡᠷ ᠵᠢᠡᠨ ᠳᠡᠭ᠌ᠵᠢᠷᠡᠬᠦ᠌
ᠦᠨᠡᠨ ᠵᠦᠪ ᠶᠤᠰᠤ ᠵᠢ
ᠦᠷᠯᠦᠭ ᠨᠠᠮ ᠮᠢᠨᠢ ᠤᠷᠢᠶᠠᠯᠠᠭ᠍ᠰᠠᠨ
ᠲᠠᠷᠢᠵᠤ ᠳᠡᠵᠢᠭᠡᠬᠦ᠌ ᠵᠢ ᠤᠶᠠᠯᠳᠤᠭᠤᠯᠤᠨ
ᠦᠷ᠎ᠡ ᠠᠱᠢᠭ ᠢ᠋ ᠳᠡᠭᠡᠭ᠌ᠰᠢᠯᠡᠭᠦᠯ ᠭᠡᠵᠦ᠍
ᠠᠭᠤᠵᠢᠮ ᠲᠦᠷᠦ᠍ ᠵᠢᠨ ᠪᠤᠳᠤᠯᠭ᠎ᠠ ᠪᠡᠷ
ᠠᠷᠠᠳ ᠲᠦᠮᠡᠨ ᠢ᠋ ᠤᠳᠤᠷᠢᠳᠤᠭ᠍ᠰᠠᠨ ᠶᠤᠮ
ᠲᠠᠪᠢᠯᠠᠩ ᠵᠠᠶᠠᠭ᠎ᠠ ᠨᠢᠭᠡᠲᠡᠢ
ᠲᠠᠪᠢᠨ ᠵᠢᠷᠭᠤᠭᠠᠨ ᠦᠨᠳᠦᠰᠦᠲᠡᠨ ᠢ᠋
ᠠᠮᠤᠷ ᠲᠠᠢᠪᠤᠩ ᠵᠢᠷᠭᠠᠭᠠᠬᠤ ᠭᠡᠵᠦ᠍
ᠠᠭᠤᠤ ᠨᠠᠮ ᠮᠢᠨᠢ ᠵᠢᠳᠭᠦᠭᠰᠡᠨ ᠶᠤᠮ
ᠦᠲᠡᠭᠦᠰ ᠨᠢᠯᠬᠠᠰ ᠵᠢᠡᠨ ᠬᠠᠯᠠᠮᠵᠢᠯᠠᠨ ᠪᠠᠢᠵᠤ
ᠦᠭᠡᠳᠡᠷᠬᠡᠭ ᠠᠮᠢᠳᠤᠷᠠᠯ ᠵᠢᠡᠨ ᠴᠤᠭ᠍ᠴᠠᠯᠠᠶᠠ
ᠪᠠᠢᠳᠠᠭ ᠪᠦᠬᠦᠨ ᠵᠢᠡᠨ ᠨᠠᠨᠳᠢᠨᠭᠨᠠᠨ
ᠪᠠᠭᠠᠲᠤᠷᠯᠢᠭ ᠨᠠᠮ ᠳ᠋ᠠᠭᠠᠨ ᠳᠠᠭᠠᠳᠭᠠᠶᠠ
ᠬᠦᠯᠦᠭ ᠤ᠋ᠨ ᠨᠢᠷᠤᠭᠤᠨ ᠳᠡᠭᠡᠷ᠎ᠡ ᠬᠠᠨᠭᠬᠠᠢᠨ ᠰᠠᠭᠤᠵᠤ
ᠬᠦᠳᠡᠭᠡ ᠨᠤᠲᠤᠭ ᠲᠠᠭᠠᠨ ᠠᠮᠢᠳᠤᠷᠠᠶ᠎ᠠ
ᠨᠠᠷᠠ ᠲᠠᠢ ᠵᠤᠨ ᠲᠠᠢ ᠬᠤᠷᠤ᠎ᠠ ᠳ᠋ᠠᠭᠠᠨ
ᠨᠠᠮ ᠵᠢᠡᠨ ᠳᠠᠭᠤᠯᠠᠵᠤ ᠵᠢᠷᠭᠠᠶ᠎ᠠ
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠤᠶᠤᠨᠲᠠᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃