ᠲᠡᠷᠢᠭᠦᠨ ᠨᠢᠭᠤᠷ>ᠲᠠᠯ᠎ᠠ᠎ᠶ᠋ᠢᠨ ᠲᠤᠶᠠᠭ᠎ᠠ>ᠦᠩᠭᠡᠲᠦ ᠰᠣᠯᠣᠩᠭ᠎ᠠ

2022-06-29 09:26:38

ᠵᠣᠬᠢᠶᠠᠭ᠍ᠴᠢ᠄ ​ᠮᠢᠵᠢᠤᠨᠰᠠᠩᠪᠦ᠌ ᠣᠩᠱᠢᠭ᠍ᠰᠠᠨ ᠣᠳᠠᠭ᠎ᠠ᠄ 3

ᠠᠷᠠᠯᠲᠦ ᠰᠠᠢᠬᠠᠨ ᠬᠤᠭᠤᠷ᠎ᠢᠶᠠᠨ ᠠᠶᠠᠯᠭᠤᠯᠤᠭᠠᠳ ᠢᠷ᠎ᠡ ᠬᠤᠭᠤᠷᠴᠢᠳ ᠮᠢᠨᠢ

ᠠᠨᠳᠠᠢ ᠪᠦᠵᠢᠭ᠎ᠤᠨ ᠤᠷᠠᠯᠢᠭ᠎ᠢᠶᠠᠨ ᠭᠠᠢᠬᠠᠭᠤᠯᠤᠭᠠᠳ ᠢᠷ᠎ᠡ ᠪᠦᠵᠢᠭ᠌ᠴᠢᠳ ᠮᠢᠨᠢ

ᠠᠮᠪᠠᠨ ᠢᠷᠭᠡ᠎ᠶ᠋ᠢᠨ ᠱᠢᠭᠦᠰᠦ᠎ᠪᠠᠨ ᠳᠠᠪᠠᠭ᠍ᠯᠠᠭᠠᠳ ᠢᠷ᠎ᠡ ᠮᠠᠯᠴᠢᠳ ᠮᠢᠨᠢ

ᠠᠷᠢᠭᠤᠨ ᠰᠦ᠎ᠶ᠋ᠢᠨ ᠳᠡᠭᠡᠵᠢ᠎ᠪᠠᠨ ᠰᠦᠩᠨᠡᠭᠡᠳ ᠢᠷ᠎ᠡ ᠨᠦᠬᠦᠳ ᠮᠢᠨᠢ




ᠠᠯᠮᠠᠰ ᠪᠢᠷ᠎ᠤᠨ ᠦᠵᠦᠭᠦᠷ᠎ᠢᠶᠠᠨ ᠵᠢᠷᠪᠢᠯᠵᠡᠭᠦᠯᠦᠭᠡᠳ ᠢᠷ᠎ᠡ ᠵᠤᠬᠢᠶᠠᠯᠴᠢᠳ ᠮᠢᠨᠢ

ᠠᠯᠲᠠᠨ ᠳᠤᠪᠤᠷᠤᠲᠦ ᠵᠤᠳᠤᠭ᠎ᠢᠶᠠᠨ ᠭᠢᠯᠠᠯᠵᠠᠭᠤᠯᠤᠭᠠᠳ ᠢᠷ᠎ᠡ ᠪᠦᠬᠡᠴᠦᠳ ᠮᠢᠨᠢ

ᠠᠮᠤ ᠲᠠᠷᠢᠶᠠᠨ᠎ᠤ ᠬᠤᠷᠢᠶᠠᠯᠲᠠ᠎ᠪᠠᠨ ᠡᠷᠭᠦᠭᠡᠳ ᠢᠷ᠎ᠡ ᠲᠠᠷᠢᠶᠠᠴᠢᠳ ᠮᠢᠨᠢ

ᠠᠷᠢᠬᠢ ᠳᠠᠷᠠᠰᠤᠨ᠎ᠤ ᠤᠬᠢ᠎ᠪᠠᠨ ᠢᠲᠠᠮᠯᠡᠭᠠᠳ ᠢᠷ᠎ᠡ ᠬᠦᠮᠦᠰ ᠮᠢᠨᠢ




ᠦᠨᠳᠦᠷ ᠰᠦᠷᠯᠢᠭ ᠺᠦᠨᠯᠦᠢ᠍ᠨ ᠠᠭᠤᠯᠠ ᠨᠤᠭᠤᠭᠠᠨ ᠬᠦᠷᠮ᠎ᠡ ᠬᠡᠲᠦᠷᠡᠭᠡᠳ

ᠦᠶᠡᠯᠡᠨ ᠳᠠᠪᠠᠯᠭᠠᠯᠠᠬᠤ ᠬᠦᠭᠡ ᠮᠦᠷᠡᠨ ᠡᠭᠡᠱᠢᠭ ᠤᠶᠠᠩᠭᠠᠯᠠᠨ ᠬᠠᠯᠬᠢᠯᠠᠨᠠᠮ

ᠦᠷᠨᠢᠨ ᠴᠡᠴᠡᠭ᠌ᠯᠡᠭ᠌ᠰᠡᠨ ᠡᠬᠡ ᠤᠯᠤᠰ ᠮᠢᠨᠢ ᠳᠤᠷᠤᠨᠠᠳᠠᠬᠢᠨ᠎ᠳᠤ ᠰᠦᠨᠳᠡᠷᠯᠡᠷᠤᠨ

ᠦᠯᠡᠮᠵᠢ ᠶᠡᠭᠡ ᠠᠯᠳᠠᠷ ᠨᠡᠷ᠎ᠡ᠎ᠪᠠᠨ ᠶᠢᠷᠲᠢᠨᠴᠦ᠍ ᠳᠡᠯᠡᠬᠡᠢ᠎ᠳᠤ ᠮᠠᠨᠳᠤᠭᠤᠯᠤᠨᠠᠮ




ᠴᠠᠭᠠᠨ ᠬᠡᠷᠡᠮ᠎ᠤᠨ ᠴᠠᠭᠠᠨ᠎ᠠ ᠨᠠᠭᠠᠨ᠎ᠠ ᠪᠠᠶᠠᠷ᠎ᠤᠨ ᠳᠠᠭᠤᠯᠠᠯ ᠬᠠᠩᠭᠢᠨᠠᠷᠤᠨ

ᠴᠠᠯᠭᠢᠯᠠᠬᠤ ᠮᠦᠷᠡᠨ᠎ᠤ ᠡᠮᠦᠨ᠎ᠡ ᠤᠮᠠᠷ᠎ᠠ ᠵᠢᠷᠭᠠᠯ᠎ᠤᠨ ᠴᠡᠴᠡᠭ ᠮᠦᠱᠢᠶᠡᠨᠡᠮ

ᠶ᠋ᠢᠨ ᠱᠦᠢ ᠭᠤᠤᠯ᠎ᠤᠨ ᠪᠢᠳᠦᠷᠶᠠᠨ ᠤᠰᠤᠨ᠎ᠳᠤ ᠡᠷᠳᠡᠨᠢ᠎ᠶ᠋ᠢᠨ ᠵᠢᠭᠠᠰᠤ ᠢᠷᠡᠯᠵᠢᠷᠦᠨ

ᠶ᠋ᠢᠨ ᠱᠠᠨ ᠠᠭᠤᠯᠠᠨ᠎ᠤ ᠤᠭ᠌ᠶᠤᠨ ᠱᠢᠭᠤᠢ᠎ᠳᠤ ᠠᠯᠲᠠᠨ ᠭᠤᠷᠭᠤᠤᠯᠳᠠᠢ ᠳᠤᠩᠭᠤᠳᠤᠨᠠᠮ




ᠲᠠᠩᠰᠤᠭ ᠰᠠᠢᠬᠠᠨ ᠳᠤᠮᠳᠠᠳᠤ ᠭᠦᠷᠦᠨ᠎ᠳᠤ ᠲᠠᠢᠪᠦᠩ ᠠᠮᠢᠳᠤᠷᠠᠯ ᠪᠢᠯᠬᠠᠷᠤᠨ

ᠲᠠᠪᠤᠨ ᠤᠳᠤᠳᠤ ᠤᠯᠠᠭᠠᠨ ᠲᠤᠭ ᠲᠢᠶᠠᠨ ᠠᠨ ᠮᠧᠨ ᠲᠠᠯᠠᠪᠠᠢ᠎ᠳᠤ ᠨᠠᠮᠢᠷᠠᠨᠠᠮ

ᠲᠠᠪᠢᠨ ᠵᠢᠷᠭᠤᠭᠠᠨ ᠦᠨᠳᠦᠰᠦᠲᠡᠨ ᠠᠨᠠᠷ᠎ᠤᠨ ᠦᠷ᠎ᠡ ᠰᠢᠭ ᠪᠦᠯᠬᠦᠮᠳᠡᠷᠦᠨ

ᠳᠠᠢᠴᠢᠨ ᠶᠡᠭᠡ ᠬᠤᠷᠢᠳᠤᠭᠠᠷ ᠬᠤᠷᠠᠯ᠎ᠢ ᠳᠠᠯᠠᠢ ᠪᠠᠶᠠᠷ᠎ᠢᠶᠠᠷ ᠤᠭ᠍ᠳᠤᠨᠡᠮ




ᠬᠠᠰ ᠴᠠᠭᠠᠨ ᠮᠤᠩᠭᠤᠯ ᠭᠡᠷ᠎ᠢᠶᠠᠨ ᠬᠠᠷᠠᠭ᠎ᠠ ᠰᠤᠯᠤᠩᠭᠠᠷᠠᠲᠠᠯ᠎ᠠ ᠴᠢᠮᠡᠭ᠌ᠯᠠᠷᠦᠨ

ᠭᠢᠯᠭᠠᠰᠤᠨ ᠬᠦᠪᠴᠢᠲᠦ ᠮᠤᠷᠢᠨ ᠬᠤᠭᠤᠷ᠎ᠢᠶᠠᠨ ᠬᠠᠢᠷ᠎ᠠ᠎ᠶ᠋ᠢ ᠲᠠᠲᠠᠲᠠᠯ᠎ᠠ ᠬᠦᠩᠭᠢᠨᠡᠭᠦᠯᠦᠨᠡᠮ

ᠰᠠᠭᠠᠯᠢ ᠰᠦᠨ᠎ᠤ ᠳᠡᠭᠡᠵᠢ᠎ᠪᠠᠨ ᠰᠠᠴᠦᠯᠢ ᠪᠤᠯᠭᠠᠵᠤ ᠡᠷᠭᠦᠷᠦᠨ

ᠰᠠᠴᠦᠷᠠᠩᠭᠤᠢ ᠪᠤᠳᠤᠯᠭᠠᠲᠦ ᠶᠡᠭᠡ ᠬᠤᠷᠠᠯ᠎ᠢᠶᠠᠨ ᠰᠠᠷᠠᠪᠴᠢᠯᠠᠨ ᠪᠠᠷᠠᠯᠠᠨ ᠤᠭ᠍ᠲᠦᠨᠠᠮ




ᠬᠤᠷᠴᠢᠨ᠎ᠤ ᠠᠭᠤᠳᠠᠮ ᠨᠤᠲᠤᠭ᠎ᠠᠴᠠ᠎ᠪᠠᠨ ᠬᠠᠢᠷ᠎ᠠ᠎ᠶ᠋ᠢᠨ ᠬᠠᠳᠠᠭ᠎ᠢᠶᠠᠨ ᠡᠷᠭᠦᠭᠡᠳ

ᠬᠤᠷᠢᠳᠤᠭᠠᠷ ᠶᠡᠭᠡ ᠬᠤᠷᠠᠯ᠎ᠤᠨ ᠬᠤᠤᠰ ᠦᠭᠡᠢ ᠠᠮᠵᠢᠯᠲᠠ᠎ᠶ᠋ᠢ ᠵᠦᠩᠨᠡᠶ᠎ᠡ

ᠳᠠᠯᠠᠯᠤᠭ᠍ᠰᠠᠨ ᠬᠡᠱᠢᠭ᠎ᠨᠢ ᠳᠠᠯᠠᠢ ᠪᠤᠯᠵᠤ ᠳᠠᠶᠠᠭᠠᠷ ᠪᠠᠶᠠᠷᠯᠠᠯᠳᠤᠬᠤ᠎ᠶ᠋ᠢ ᠪᠡᠯᠭᠡᠯᠡᠶ᠎ᠡ

ᠬᠤᠷᠤᠢᠯᠠᠭ᠍ᠰᠠᠨ ᠪᠤᠶᠠᠨ᠎ᠨᠢ ᠬᠤᠷᠸ᠎ᠠ ᠳᠦᠭᠦᠷᠴᠦ᠍ ᠬᠤᠲᠠᠯᠠᠭᠠᠷ ᠵᠢᠷᠭᠠᠬᠤ᠎ᠶ᠋ᠢ ᠳᠠᠭᠠᠳᠭᠠᠶ᠎ᠠ

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠤᠶᠤᠨᠲᠠᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面