ᠲᠡᠷᠢᠭᠦᠨ ᠨᠢᠭᠤᠷ>ᠲᠠᠯ᠎ᠠ᠎ᠶ᠋ᠢᠨ ᠲᠤᠶᠠᠭ᠎ᠠ>ᠦᠩᠭᠡᠲᠦ ᠰᠣᠯᠣᠩᠭ᠎ᠠ

2022-06-29 09:29:58

ᠵᠣᠬᠢᠶᠠᠭ᠍ᠴᠢ᠄ ​ᠤ·ᠮᠦᠩᠬᠡ ᠣᠩᠱᠢᠭ᠍ᠰᠠᠨ ᠣᠳᠠᠭ᠎ᠠ᠄ 3

ᠨᠠᠨ ᠬ᠍ᠣ ᠨᠠᠭᠤᠷ᠎ᠤᠨ ᠬᠦᠭᠡᠮᠳᠦᠭ ᠤᠰᠤ᠎ᠶ᠋ᠢ ᠪᠢ ᠰᠡᠮ ᠰᠡᠮᠬᠡᠨ ᠵᠡᠭᠦᠳᠦᠯᠡᠳᠡᠭ

ᠨᠠᠮ᠎ᠤᠨ ᠲᠤᠬᠠᠢ ᠨᠢᠭᠡᠨ ᠦᠯᠢᠭᠡᠷ ᠭᠡᠵᠢᠶᠡᠳᠡ ᠬᠠᠭᠤᠴᠢᠷᠠᠬᠤ ᠦᠭᠡᠢ ᠬᠠᠷᠠᠭ᠍ᠳᠠᠳᠠᠭ

ᠤᠩᠭᠤᠴᠠ ᠱᠢᠭ᠋ ᠬᠦᠪᠪᠦᠵᠦ ᠬᠠᠷᠠᠭ᠍ᠳᠠᠬᠤ ᠲᠡᠷᠡ ᠬᠦ᠌ ᠦᠯᠢᠭᠡᠷ᠎ᠤᠨ ᠰᠦᠪᠡᠭ᠌ᠴᠢ ᠭᠡᠭ᠌ᠴᠢ

ᠤᠳᠤᠭᠠᠳᠤ ᠤᠨ ᠰᠠᠷ᠎ᠠ᠎ᠶ᠋ᠢ ᠲᠤᠩᠭᠠᠯᠠᠭ ᠲᠡᠢᠰᠢ ᠬᠦᠳᠦᠯᠦᠭ᠌ᠰᠡᠨ ᠡᠬᠢᠯᠡᠯᠳᠡ ᠪᠠᠢᠭ᠍ᠰᠠᠨ




ᠴᠠᠭ ᠬᠤᠭᠤᠴᠠᠭ᠎ᠠ ᠭᠡᠭ᠌ᠴᠢ ᠲᠡᠤᠬᠡ᠎ᠶ᠋ᠢ ᠤᠭᠤᠰᠤᠷᠯᠠᠵᠤ ᠰᠤᠳᠤᠷᠯᠠᠳᠠᠭ ᠤᠨ᠎ᠤ ᠤᠷᠤᠰᠭᠠᠯ

ᠴᠠᠷᠳᠠ᠎ᠶ᠋ᠢᠨ ᠭᠠᠯᠪᠠ ᠶᠡᠭᠦᠷᠡᠪᠡᠴᠦ᠍ ᠭᠠᠭ᠍ᠴᠠᠭᠠᠷ ᠦᠯᠡᠳᠡᠳᠡᠭ ᠮᠦᠩᠬᠡ᠎ᠶ᠋ᠢᠨ ᠠᠮᠢᠳᠤ ᠤᠰᠤᠨ

ᠴᠠᠳᠢᠭ ᠲᠡᠤᠬᠡ᠎ᠵᠢᠨ ᠬᠠᠭᠤᠳᠠᠰᠤᠨ᠎ᠳᠤ ᠨᠠᠨ ᠬ᠍ᠣ ᠨᠠᠭᠤᠷ᠎ᠤᠨ ᠤᠩᠭᠤᠴᠠ ᠲᠤᠳᠤᠷᠠᠵᠤ ᠪᠠᠢᠳᠠᠭ

ᠴᠠᠮᠬᠠᠭ᠎ᠨᠢ ᠪᠤᠯᠤᠭ᠍ᠰᠠᠨ ᠶᠤᠮᠱᠢᠭ ᠠᠯᠤᠬ᠎ᠠ ᠬᠠᠳᠤᠭᠤᠷ᠎ᠲᠠᠢ ᠲᠤᠭ ᠴᠠᠭᠠᠨ᠎ᠠ᠎ᠨᠢ ᠨᠠᠮᠢᠷᠠᠳᠠᠭ




ᠡᠨᠡ ᠯᠡ ᠨᠠᠭᠤᠷ᠎ᠤᠨ ᠤᠰᠤᠨ ᠲᠡᠷᠡ ᠦᠶ᠎ᠡ᠎ᠳᠤ ᠬᠠᠮᠤᠭ᠎ᠤᠨ ᠨᠢᠭᠤᠴᠠ ᠪᠠᠢᠭ᠍ᠰᠠᠨ

ᠡᠷᠭᠢᠬᠦ᠌ ᠬᠤᠷᠸ᠎ᠠ᠎ᠳᠤ ᠱᠢᠨᠡᠬᠡᠨ ᠡᠰ ᠬᠦᠪᠦᠷᠡᠨ ᠲᠡᠨᠳᠡ ᠠᠮᠢ ᠨᠠᠰᠤ ᠮᠡᠨᠳᠦᠯᠡᠵᠦ᠍ ᠪᠠᠢᠭ᠍ᠰᠠᠨ

ᠡᠭᠦᠷᠢᠳᠡ᠎ᠶ᠋ᠢᠨ ᠲᠤᠭ᠍ᠳᠤᠯᠤᠯ ᠠᠪᠴᠢᠷᠠᠵᠤ ᠦᠭ᠌ᠭᠦᠭ᠌ᠰᠡᠨ ᠡᠨᠡ ᠨᠠᠭᠤᠷ᠎ᠤᠨ ᠤᠰᠤᠨ᠎ᠤ ᠲᠤᠯᠭᠢᠶ᠎ᠠ

ᠡᠪ ᠬᠠᠮᠳᠤ᠎ᠶ᠋ᠢᠨ ᠦᠢᠯᠡᠰ᠎ᠢ ᠲᠦᠮᠡᠨ᠎ᠳᠤ ᠲᠤᠩᠬᠠᠭ᠍ᠯᠠᠭ᠍ᠰᠠᠨ ᠡᠷᠭᠢᠰᠢ ᠦᠭᠡᠢ ᠬᠦᠴᠦᠳᠦ ᠴᠠᠯᠬᠢᠶ᠎ᠠ




ᠬᠠᠷᠠᠩᠭᠤᠢ᠎ᠶ᠋ᠢ ᠵᠢᠷᠤᠵᠤ ᠠᠰᠠᠭᠠᠭ᠍ᠰᠠᠨ ᠭᠡᠷᠡᠯ ᠭᠡᠭᠡ ᠠᠳᠡ᠎ᠠᠴᠠ ᠰᠠᠴᠤᠷᠠᠭ᠍ᠰᠠᠨ ᠪᠤᠯᠬᠤᠷ

ᠬᠠᠮᠤᠭ ᠤᠯᠠᠨ᠎ᠤ ᠵᠢᠷᠤᠬᠡᠨ᠎ᠳᠤ ᠮᠠᠷᠳᠠᠭ᠍ᠳᠠᠰᠢ ᠦᠭᠡᠢ ᠭᠦᠨ ᠤᠰᠤᠨ ᠪᠤᠯᠤᠭ᠍ᠰᠠᠨ ᠶᠤᠮ

ᠬᠠᠪᠤᠷ ᠨᠠᠮᠤᠷ ᠬᠡᠮᠡᠨ ᠲᠦᠷᠪᠡᠨ ᠤᠯᠠᠷᠢᠯ ᠡᠭᠡᠯᠵᠢᠯᠡᠨ ᠰᠡᠯᠭᠦᠨ ᠬᠤᠪᠢᠷᠠᠵᠤ ᠪᠠᠢᠯ᠎ᠠ ᠴᠤ᠌

ᠬᠠᠭᠠᠨ ᠤᠰᠤ᠎ᠲᠠᠢ ᠡᠨᠡ ᠯᠡ ᠨᠠᠭᠤᠷ ᠲᠠᠶᠠᠩ᠎ᠳᠤ ᠵᠢᠰᠤ᠎ᠪᠠᠨ ᠮᠦᠩᠬᠡᠯᠡᠭ᠌ᠰᠡᠨ ᠶᠤᠮ




ᠡᠷᠬᠡ ᠴᠢᠯᠦᠭᠡ ᠵᠤᠯ ᠵᠢᠷᠭᠠᠯ ᠠᠯᠢ ᠪᠦᠬᠦᠨ᠎ᠨᠢ ᠠᠳᠡ᠎ᠠᠴᠠ ᠡᠬᠢᠯᠡᠯᠳᠡ᠎ᠲᠠᠢ ᠪᠤᠯᠬᠤᠷ

ᠡᠩ ᠶᠢᠷᠳᠢᠨᠴᠦ᠍᠎ᠶ᠋ᠢᠨ ᠲᠦᠮᠡᠨ ᠠᠷᠠᠳ᠎ᠲᠠᠭᠠᠨ ᠱᠢᠳᠢᠳᠤ ᠤᠰᠤᠨ ᠪᠤᠯᠤᠭ᠍ᠰᠠᠨ ᠶᠤᠮ

ᠡᠨᠡ ᠬᠤᠷᠸ᠎ᠠ᠎ᠶ᠋ᠢᠨ ᠶᠠᠭᠤ ᠪᠤᠯᠭᠠᠨ᠎ᠤ ᠲᠦᠷᠭᠦ᠎ᠨᠢ ᠦᠭᠡᠷᠡᠴᠢᠯᠡᠭ᠌ᠳᠡᠨ ᠮᠠᠷᠳᠠᠭ᠍ᠳᠠᠯ᠎ᠠ ᠴᠤ᠌

ᠡᠪ᠎ᠤᠨ ᠤᠰᠤ᠎ᠲᠠᠢ ᠡᠨᠡ ᠯᠡ ᠨᠠᠭᠤᠷ ᠬᠦᠮᠦᠰ᠎ᠲᠤ ᠴᠡᠭᠡᠵᠢᠯᠡᠭ᠌ᠳᠡᠬᠦ᠌᠎ᠨᠢ ᠦᠨᠡᠨ ᠶᠤᠮ

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠤᠶᠤᠨᠲᠠᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面