ᠲᠡᠷᠢᠭᠦᠨ ᠨᠢᠭᠤᠷ>ᠲᠠᠯ᠎ᠠ᠎ᠶ᠋ᠢᠨ ᠲᠤᠶᠠᠭ᠎ᠠ>ᠦᠩᠭᠡᠲᠦ ᠰᠣᠯᠣᠩᠭ᠎ᠠ

2026-10-28 16:16:58

ᠵᠣᠬᠢᠶᠠᠭ᠍ᠴᠢ᠄ ᠪᠤᠶᠠᠨᠪᠠᠲᠤ ᠣᠩᠱᠢᠭ᠍ᠰᠠᠨ ᠣᠳᠠᠭ᠎ᠠ᠄ 3

ᠪᠤᠶᠠᠨᠪᠠᠲᠤ᠂ ᠠᠯᠠᠱᠠ ᠠᠢᠮᠠᠭ᠎ᠤᠨ ᠠᠯᠠᠱᠠ ᠪᠠᠷᠠᠭᠤᠨ ᠬᠣᠰᠢᠭᠤᠨ᠎ᠤ ᠤᠤᠭᠠᠯ᠃ ᠣᠳᠣ᠌ ᠪᠠᠶᠠᠨᠬᠣᠲᠠ᠎ᠶᠢᠨ ᠰᠠᠭᠤᠭᠠᠯᠢ ᠃ ᠠᠯᠠᠱᠠ ᠠᠢᠮᠠᠭ᠎ᠤᠨ ᠤᠤᠯ᠎ᠤᠨ ᠮᠣᠩᠭᠣᠯ ᠦᠨᠳᠦᠰᠦᠲᠡᠨ᠎ᠦ ᠪᠦᠷᠢᠨ ᠳᠤᠮᠳᠠᠳᠤ ᠰᠤᠷᠭᠠᠭᠤᠯᠢ᠎ᠳᠦ ᠪᠠᠭ᠍ᠰᠢ᠎ᠶᠢᠨ ᠠᠯᠪᠠ ᠬᠠᠰᠢᠵᠤ ᠪᠠᠢᠭᠠᠳ ᠣᠳᠣ᠌ ᠲᠡᠳᠭᠦᠪᠦᠷᠢ᠎ᠳᠦ ᠭᠠᠷᠤᠭᠠᠳ ᠪᠠᠢᠨ᠎ᠠ ᠃ 1986 ᠣᠨ᠎ᠠᠴᠠ ᠤᠷᠠᠨ ᠵᠣᠬᠢᠶᠠᠯ᠎ᠤᠨ ᠶᠢᠷᠲᠢᠨᠴᠦ᠎ᠳᠦ ᠠᠩᠬ᠎ᠠ ᠬᠥᠯ ᠲᠠᠯᠪᠢᠭ᠍ᠰᠠᠨ᠎ᠠᠴᠠ ᠣᠳᠣ᠌ ᠪᠣᠯᠳᠠᠯ᠎ᠠ ᠠᠢᠮᠠᠭ᠂ ᠣᠷᠣᠨ᠂ ᠤᠯᠤᠰ᠎ᠤᠨ ᠳᠡᠰ᠎ᠦᠨ ᠰᠣᠨᠢᠨ ᠰᠡᠳᠬᠦᠯ᠎ᠳᠦ ᠮᠢᠩᠭᠠᠭᠠᠳ ᠰᠢᠯᠦᠭ᠂ ᠭᠤᠷᠪᠠᠨ ᠵᠠᠭᠤ ᠣᠷᠴᠢᠮ ᠨᠠᠢᠷᠠᠭᠤᠯᠤᠯ᠂ ᠪᠠᠰᠠ ᠴᠥᠭᠡᠨ ᠬᠡᠮᠵᠢᠶᠡᠨ᠎ᠦ ᠰᠢᠭᠦᠮᠵᠢ᠂ ᠥᠭᠥᠯᠡᠯᠭᠡ ᠨᠡᠢᠲᠡᠯᠡᠪᠡ᠃

《ᠭᠠᠵᠠᠷ ᠤ᠋ᠨ ᠲᠠᠮᠠᠭ᠎ᠠ》᠂《ᠲᠡᠭᠷᠢ ᠶ᠋ᠢᠨ ᠲᠠᠮᠠᠭ᠎ᠠ》᠂ 《 ᠬᠦᠮᠦᠨ᠎ᠤ ᠲᠠᠮᠠᠭ᠎ᠠ 》 ᠂《 ᠨᠡᠭᠦᠳᠡᠯ ᠡᠷᠴᠢᠰ》 ᠂ 《 ᠲᠣᠲᠣᠭᠠᠳᠤ ᠶᠢᠷᠲᠢᠨᠴᠦ᠎ᠶᠢᠨ ᠰᠠᠴᠤᠷᠠᠭ 》᠂《ᠬᠣᠶᠠᠷ ᠮᠣᠳᠣᠨ᠎ᠤ ᠳᠤᠷᠠᠯᠠᠯ》 ᠭᠡᠬᠦ ᠨᠠᠢᠷᠠᠭᠤᠯᠤᠯ ᠤ᠋ᠨ ᠲᠡᠭᠦᠪᠦᠷᠢ ᠪᠠ 《ᠲᠤᠯᠤᠭᠠᠠ ᠪᠤᠷᠬᠠᠠ᠎ᠤ ᠠᠶᠠᠯᠭᠤ》᠂ 《 ᠶᠢᠰᠦᠨ ᠡᠷᠳᠡᠨᠢ ᠶ᠋ᠢᠨ ᠠᠶᠠᠯᠭᠤ》《ᠳ᠋ᠸᠪᠠᠵᠠᠨ᠎ᠦ ᠰᠢᠪᠠᠭᠤ》᠂《 ᠨᠠᠮ ᠭᠦᠮ ᠤ᠋ᠨ ᠴᠠᠭᠠᠨ᠎ᠠ》 ᠭᠡᠬᠦ ᠰᠢᠯᠦᠭ ᠤ᠋ᠨ ᠨᠤᠮ ᠲᠠᠢ᠃ ᠵᠠᠷᠢᠮ ᠪᠦᠳᠦᠭᠡᠯ ᠨᠢ ᠬᠢᠳᠡᠳ᠂ ᠠᠩᠭ᠌ᠯᠢ᠂ ᠤᠷᠤᠰ᠂ ᠭᠸᠷᠮᠠᠨ ᠬᠡᠯᠡᠡ ᠳ᠋ᠥ ᠤᠷᠴᠢᠭᠤᠯᠤᠭᠳᠠᠵᠦ᠂《 ᠶᠢᠰᠦᠨ ᠡᠷᠳᠡᠨᠢ ᠶ᠋ᠢᠨ ᠠᠶᠠᠯᠭᠤ》《ᠢᠷᠠᠭᠤ ᠨᠠᠢᠷᠠᠭ ᠢ᠋ᠶ᠋ᠡᠷ ᠲᠠᠢᠳᠬᠤᠷᠠᠬᠤᠢ》《 ᠣᠶᠣᠨᠯᠢᠭ᠋ ᠮᠣᠳᠣᠨ᠎ᠤ ᠵᠢᠮᠢᠰ》᠂《ᠬᠦᠷᠦᠭ ᠰᠢᠯᠦᠭ》᠂《 ᠵᠡᠯᠢᠭᠦᠳ ᠵᠡᠭᠦᠳᠦᠨ᠎ᠦ ᠵᠡᠷᠭᠡᠯᠭᠡᠨ》 ᠵᠡᠷᠬᠡ ᠰᠢᠯᠦᠭ ᠤ᠋ᠨ ᠨᠣᠮ ᠪᠠ《ᠮᠤᠩᠭᠤᠯ ᠬᠠᠶᠢᠭ᠋ ᠲᠠᠢ ᠰᠠᠯᠬᠢ》 ᠨᠠᠢᠷᠠᠭᠤᠯᠤᠯ ᠤ᠋ᠨ ᠲᠡᠭᠦᠪᠦᠷᠢ ᠂《 ᠭᠦᠨ ᠪᠣᠳᠣᠯ᠎ᠤᠨ ᠳᠣᠯᠭᠢᠰ》 ᠥᠭᠦᠯᠡᠯᠭᠡ ᠨᠠᠢᠷᠠᠭᠤᠯᠤᠯ᠎ᠤᠨ ᠲᠡᠭᠦᠪᠦᠷᠢ᠎ᠪᠠᠨ ᠮᠤᠩᠭᠤᠯ ᠤᠯᠤᠰ ᠲᠣ᠌ ᠬᠡᠪᠯᠡᠭᠦᠯᠪᠡ᠃ 《 THE land where my dream revived 》 ᠪᠤᠶᠤ 《 ᠮᠥᠷᠥᠭᠡᠳᠦᠯ ᠠᠮᠢᠯᠠᠭᠰᠠᠨ ᠭᠠᠵᠠᠷ》᠂《Circle of Thought 》 ᠪᠤᠶᠤ 《 ᠰᠡᠳᠬᠢᠯ᠎ᠦᠨ ᠲᠣᠭᠣᠷᠢᠭ᠋ 》 ᠵᠡᠷᠭᠡ ᠠᠩᠭ᠌ᠯᠢ ᠬᠡᠯᠡᠨ᠎ᠤ ᠪᠠ《В ПОИСКАХ ᠁》 ᠪᠤᠶᠤ 《 ᠡᠷᠢᠯ᠎ᠦᠨ ᠦᠵᠦᠭᠦᠷ᠎ᠲᠦ ᠁ 》 ᠭᠡᠬᠦ ᠣᠷᠣᠰ ᠬᠡᠯᠡᠨ᠎ᠦ ᠡᠰᠰᠸ ᠪᠠ ᠥᠭᠦᠯᠡᠯᠭᠡ᠎ᠶᠢᠨ ᠨᠣᠮ ᠢ᠋ᠶ᠋ᠡᠨ ᠤᠷᠢᠳ ᠬᠣᠵᠢᠳ ᠮᠣᠩᠭᠤᠯ ᠤᠯᠤᠰ ᠤ᠋ᠨ ᠤᠯᠠᠭᠠᠨᠪᠠᠭᠠᠲᠤᠷ ᠲᠣ᠌ ᠬᠡᠪᠯᠡᠬᠦᠯᠦᠨ ᠲᠠᠷᠠᠬᠭᠠᠪᠠ᠃

ᠪᠦᠬᠦ ᠤᠯᠤᠰ ᠤ᠋ᠨ《ᠳᠣᠷᠣᠨ᠎ᠠ》 ᠱᠠᠩᠨᠠᠯᠲᠤ ᠢᠷᠠᠭᠤ ᠨᠠᠢᠷᠠᠭ᠍ᠴᠢ᠂ ᠦᠪᠦᠷ ᠮᠣᠩᠭᠣᠯ ᠤ᠋ᠨ 《ᠰᠣᠯᠣᠩᠭ᠎ᠠ》ᠱᠠᠩᠨᠠᠯᠲᠤ ᠵᠣᠬᠢᠶᠠᠯᠴᠢ᠃ ᠪᠦᠬᠦ ᠤᠯᠤᠰ ᠤ᠋ᠨ ᠲᠦᠷᠪᠡᠳᠦᠭᠡᠷ ᠤᠳᠠᠭᠠᠠ᠎ᠤ 《ᠲᠡᠭᠷᠢ ᠶ᠋ᠢᠨ ᠪᠤᠳᠤᠭᠤ》 ᠰᠢᠯᠦᠭ ᠤ᠋ᠨ ᠨᠠᠭᠠᠳᠣᠮ᠎ᠳᠦ ᠲᠡᠷᠢᠬᠦᠨ ᠪᠠᠢᠷᠢ ᠡᠵᠡᠯᠡᠪᠡ᠃ 2012 ᠣᠨ ᠳ᠋ᠥ ᠮᠣᠩᠭᠣᠯ ᠤᠯᠤᠰ᠎ᠤᠨ ᠴᠢᠯᠦᠭᠡᠲᠦ ᠵᠣᠬᠢᠶᠠᠯᠴᠢᠳ᠎ᠤᠨ ᠬᠣᠯᠪᠣᠭᠠᠨ᠎ᠤ ᠤᠷᠢᠯᠭ᠎ᠠ ᠪᠠᠷ ᠮᠣᠩᠭᠣᠯ  ᠤᠯᠤᠰ ᠲᠦ᠍ ᠪᠣᠯᠣᠭᠰᠠᠨ《 ᠠᠯᠲᠠᠨ ᠭᠥᠷᠥᠭᠡᠰᠦ》ᠣᠯᠠᠨ ᠤᠯᠤᠰ᠎ᠤᠨ ᠵᠠᠯᠠᠭᠤ ᠵᠣᠬᠢᠶᠠᠯᠴᠢᠳ᠎ᠤᠨ ᠴᠢᠭᠤᠯᠭᠠᠨ ᠳ᠋ᠥ ᠣᠷᠣᠯᠴᠠᠭᠰᠠᠨ ᠪᠥᠭᠡᠳ 2016 ᠣᠨ᠎ᠤ 9 ᠰᠠᠷ᠎ᠠ ᠳ᠋ᠥ ᠮᠣᠩᠭᠣᠯ ᠤᠯᠤᠰ᠎ᠤᠨ ᠵᠣᠬᠢᠶᠠᠯᠴᠢᠳ᠎ᠤᠨ ᠡᠪᠯᠡᠯ᠎ᠡᠴᠡ ᠰᠣᠶᠣᠷᠬᠠᠭᠰᠠᠨ《ᠤᠳᠬ᠎ᠠ ᠵᠣᠬᠢᠶᠠᠯ᠎ᠤᠨ ᠲᠥᠯᠥᠭᠡ》 ᠬᠦᠨᠳᠦᠲᠦ ᠱᠠᠩᠨᠠᠯ᠎ᠢ ᠬᠦᠷᠲᠡᠭᠰᠡᠨ ᠶᠤᠮ᠃ 2017 ᠣᠨ᠎ᠤ 8 ᠰᠠᠷ᠎ᠠ ᠳ᠋ᠥ ᠮᠣᠩᠭᠤᠯ ᠤᠯᠤᠰ ᠤ᠋ᠨ ᠤᠯᠠᠭᠠᠨᠪᠠᠭᠠᠲᠤᠷ ᠬᠣᠲᠠᠨ᠎ᠠ ᠪᠣᠯᠣᠭᠰᠠᠨ ᠳᠡᠯᠡᠬᠡᠢ ᠶ᠋ᠢᠨ ᠢᠷᠠᠭᠤ ᠨᠠᠢᠷᠠᠭ ᠤ᠋ᠨ 37 ᠳ᠋ᠤᠭᠠᠷ ᠶᠡᠬᠡ ᠬᠤᠷᠠᠯ ᠳ᠋ᠥ ᠤᠷᠢᠯᠭ᠎ᠠ ᠪᠠᠷ ᠣᠷᠣᠯᠴᠠᠪᠠ᠃ 2019 ᠣᠨ᠎ᠤ 6 ᠰᠠᠷ᠎ᠠ ᠳ᠋ᠥ ᠪᠣᠯᠣᠭᠰᠠᠨ ᠪᠦᠬᠦ ᠤᠯᠤᠰ ᠤ᠋ᠨ ᠬᠡᠪᠴᠢᠶᠠᠨ᠎ᠤ《ᠦᠨᠢᠷ ᠴᠡᠴᠡᠭ》 ᠤᠷᠠᠨ ᠵᠣᠬᠢᠶᠠᠯ ᠤ᠋ᠨ ᠤᠷᠤᠯᠳᠤᠭᠠᠨ ᠳ᠋ᠥ 《ᠲᠥᠭᠡᠷᠢᠭᠰᠡᠨ ᠰᠦᠨᠡᠰᠦᠨ᠎ᠤ ᠦᠴᠢᠯ》(ᠨᠠᠢᠷᠠᠭᠤᠯᠤᠯ) ᠢ᠋ᠶ᠋ᠡᠷ ᠢ᠋ᠶ᠋ᠡᠨ ᠲᠡᠷᠢᠭᠦᠨ ᠪᠠᠢᠷᠢ ᠡᠵᠡᠯᠡᠪᠡ᠃ 2026 ᠣᠨ᠎ᠤ 8 ᠰᠠᠷ᠎ᠠ᠎ᠳᠤ᠂ ᠮᠣᠩᠭᠣᠯ ᠤᠯᠤᠰ᠎ᠲᠤ ᠪᠣᠯᠣᠭᠰᠠᠨ ᠳ·ᠨᠠᠴᠤᠭᠳᠣᠷᠵᠢ᠎ᠶᠢᠨ ᠮᠡᠨᠳᠦᠯᠡᠭᠰᠡᠨ᠎ᠦ 120 ᠵᠢᠯ᠎ᠦᠨ ᠣᠢ᠎ᠳᠤ ᠵᠣᠷᠢᠭᠤᠯᠤᠭᠰᠠᠨ 《ᠡᠬᠡ ᠨᠤᠲᠤᠭ》 ᠮᠣᠩᠭᠣᠯ ᠲᠤᠭᠤᠷᠭᠠᠲᠠᠨ᠎ᠤ ᠣᠯᠠᠨ ᠤᠯᠤᠰ᠎ᠤᠨ ᠢᠷᠠᠭᠤ ᠨᠠᠢᠷᠠᠭ᠎ᠤᠨ ᠨᠠᠭᠠᠳᠤᠮ᠎ᠳᠤ ᠣᠷᠣᠯᠴᠠᠨ ᠳᠡᠳ᠋ ᠪᠠᠢᠷᠢ ᠡᠵᠡᠯᠡᠭᠰᠡᠨ ᠪᠥᠭᠡᠳ ᠮᠣᠩᠭᠣᠯ ᠤᠯᠤᠰ᠎ᠤᠨ ᠰᠣᠶᠣᠯ᠂ ᠰᠫᠣᠷᠲ᠂ ᠠᠶᠠᠯᠠᠯ ᠵᠢᠭᠤᠯᠴᠢᠯᠠᠯ᠎ᠤᠨ ᠶᠠᠮᠤᠨ᠎ᠠᠴᠠ ᠣᠯᠭᠣᠭᠰᠠᠨ 《ᠰᠣᠶᠣᠯ᠎ᠤᠨ ᠲᠡᠷᠢᠭᠦᠨ᠎ᠦ ᠠᠵᠢᠯᠲᠠᠨ 》 ᠎ᠤ᠋ ᠬᠦᠨᠳᠦᠲᠦ ᠲᠡᠮᠳᠡᠭ᠎ᠢᠶᠡᠷ ᠱᠠᠩᠨᠠᠭᠤᠯᠵᠤ᠂ ᠦᠨᠡᠯᠡᠮᠵᠢ ᠭᠠᠷᠳᠠᠪᠠ᠃

ᠤᠳᠣ᠌᠂ ᠳᠤᠮᠳᠠᠳᠤ ᠤᠯᠤᠰ ᠤ᠋ᠨ ᠵᠣᠬᠢᠶᠠᠯᠴᠢᠳ ᠤ᠋ᠨ ᠡᠪᠯᠡᠯ ᠤ᠋ᠨ ᠭᠡᠰᠢᠭᠦᠨ᠂ ᠲᠤᠮᠳᠠᠳᠤ ᠤᠯᠤᠰ ᠤ᠋ᠨ ᠴᠦᠭᠡᠡ ᠲᠤᠭᠠᠳᠤ ᠦᠨᠳᠦᠰᠦᠳᠡᠡ᠎ᠤ ᠵᠤᠬᠢᠶᠠᠯᠴᠢᠳ ᠤ᠋ᠨ ᠡᠪᠯᠡᠯ ᠤ᠋ᠨ ᠭᠡᠰᠢᠬᠦᠨ᠂ ᠲᠤᠮᠳᠠᠳᠣ᠌ ᠤᠯᠤᠰ ᠤ᠋ᠨ ᠨᠠᠢᠷᠠᠭᠤᠯᠤᠯ ᠤ᠋ᠨ ᠵᠤᠬᠢᠶᠠᠯᠴᠢᠳ ᠤ᠋ᠨ ᠡᠪᠯᠡᠯ ᠤ᠋ᠨ ᠭᠡᠰᠢᠬᠦᠨ᠂ ᠦᠪᠦᠷ ᠮᠤᠩᠭᠤᠯ ᠤ᠋ᠨ ᠵᠤᠬᠢᠶᠠᠯᠴᠢᠳ ᠤ᠋ᠨ ᠡᠪᠯᠡᠯ ᠤ᠋ᠨ ᠭᠡᠰᠢᠬᠦᠨ᠃ ᠥᠪᠥᠷ ᠮᠣᠩᠭᠣᠯ᠎ᠤᠨ ᠰᠢᠭᠦᠮᠵᠢᠯᠡᠭᠴᠢᠳ᠎ᠦᠨ ᠨᠡᠢᠭᠡᠮᠯᠢᠭ᠎ᠦᠨ ᠪᠠᠢᠩᠭᠤ᠎ᠶᠢᠨ ᠬᠡᠷᠡᠭ ᠡᠷᠬᠢᠯᠡᠭᠴᠢ ᠂ ᠠᠯᠠᠱᠠ ᠠᠢᠮᠠᠭ᠎ᠤᠨ ᠤᠳᠬ᠎ᠠ ᠤᠷᠠᠯᠢᠭ᠋᠎ᠤᠨ ᠰᠢᠭᠦᠮᠵᠢᠯᠡᠭᠴᠢᠳ᠎ᠤᠨ ᠨᠡᠢᠭᠡᠮᠯᠢᠭ᠎ᠦᠨ ᠳᠡᠳ᠋ ᠲᠡᠷᠢᠭᠦᠯᠡᠭᠴᠢ᠂ ᠳᠡᠯᠡᠬᠡᠢ᠎ᠶᠢᠨ ᠵᠣᠬᠢᠶᠠᠯᠴᠢᠳ᠎ᠤᠨ ᠪᠠᠢᠭᠤᠯᠭ᠎ᠠ᠎ᠶᠢᠨ ᠭᠡᠰᠢᠭᠦᠨ ᠵᠡᠷᠭᠡ ᠴᠣᠯᠠ ᠮᠢᠨᠲᠠᠬ ᠲᠠᠢ ᠶᠠᠪᠣᠭ᠎ᠠ ᠃

ᠮᠥᠩᠭᠥᠨ ᠪᠤᠭᠤᠷᠤᠯ ᠡᠪᠦᠯ ᠬᠠᠮᠤᠭ᠎ᠤᠨ ᠲᠦᠷᠦᠭᠦᠨ᠎ᠳᠤ ᠠᠯᠠᠱᠠ ᠠᠭᠤᠯᠠ᠎ᠶᠢᠨ ᠵᠤᠯᠠᠢ᠎ᠳᠤ ᠮᠣᠷᠢᠯᠠᠨ ᠢᠷᠡᠬᠦ ᠪᠥᠭᠡᠳ ᠶᠡᠬᠡ ᠣᠷᠣᠢᠲᠠᠵᠤ ᠪᠤᠴᠠᠨ᠎ᠠ᠃ ᠪᠦᠷ ᠵᠣᠨ᠎ᠤ ᠵᠢᠷᠭᠤᠭᠠᠨ ᠰᠠᠷ᠎ᠠ ᠪᠣᠯᠴᠢᠬᠠᠭᠰᠠᠨ ᠪᠠᠢᠬᠤ᠎ᠳᠤ ᠠᠭᠤᠯᠠ᠎ᠶᠢᠨ ᠲᠣᠯᠣᠭᠠᠢ᠎ᠳᠤ ᠴᠠᠰᠤ ᠴᠠᠢᠯᠵᠠᠨ ᠬᠠᠷᠠᠭᠳᠠᠭᠰᠠᠭᠠᠷ ᠪᠠᠢᠳᠠᠭ ᠪᠢᠯᠡ᠃ ᠡᠪᠦᠯ ᠬᠡᠮᠡᠬᠦ ᠴᠠᠭᠠᠨ ᠡᠪᠦᠭᠡᠨ ᠠᠯᠠᠱᠠ ᠠᠭᠤᠯᠠ᠎ᠶᠢᠨ ᠮᠢᠨᠢ ᠣᠩᠭᠣᠨ ᠨᠢᠷᠤᠭᠤᠨ ᠳᠡᠭᠡᠷ᠎ᠡ ᠤᠳᠠᠭᠠᠨ ᠲᠤᠬᠠᠯᠠᠨ ᠰᠠᠭᠠᠲᠠᠬᠤ ᠳᠤᠷᠠᠲᠠᠢ ᠶᠤᠮ ᠰᠠᠨᠵᠠᠢ᠃

ᠮᠠᠨ᠎ᠤ ᠬᠢᠨ ᠠᠯᠢ ᠡᠷᠲᠡᠨ᠎ᠡᠴᠡ ᠡᠪᠦᠭᠡᠨ ᠪᠤᠭᠤᠷᠤᠯ᠎ᠤᠳ᠎ᠢᠶᠠᠨ ᠠᠭᠤᠯᠠ᠎ᠪᠠᠷ ᠵᠦᠢᠷᠯᠡᠳᠡᠭ ᠨᠢ ᠤᠴᠢᠷᠲᠠᠢ᠃ ᠲᠡᠷᠡ ᠰᠦᠷ ᠪᠠᠷ᠎ᠠ᠂ ᠲᠡᠷᠡ ᠨᠥᠮᠥᠷᠢ ᠨᠥᠭᠡᠯᠭᠡ᠂ ᠲᠡᠷᠡ ᠪᠠᠭᠤᠷᠢ ᠰᠠᠭᠤᠷᠢ᠂ ᠲᠡᠷᠡ ᠦᠵᠡᠭᠰᠡᠨ ᠲᠤᠭᠤᠯᠤᠭᠰᠠᠨ ᠪᠥᠬᠥᠨ ᠁ ᠭᠡᠳ ᠠᠯᠢ ᠴᠤ᠌ ᠲᠠᠯ᠎ᠠ᠎ᠪᠠᠷ᠎ᠢᠶᠠᠨ ᠠᠳᠠᠯᠢ ᠲᠥᠰᠥᠭᠡᠲᠡᠢ᠎ᠶᠢ ᠬᠡᠯᠡᠭᠡᠳ ᠶᠠᠭᠠᠭᠢᠬᠤᠪ᠃

ᠠᠯᠠᠱᠠ ᠠᠭᠤᠯᠠ ᠪᠣᠯ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠯᠠᠱᠠ ᠠᠢᠮᠠᠭ ᠪᠣᠯᠣᠨ ᠨᠢᠩᠰᠢᠶᠠ᠎ᠶᠢᠨ ᠬᠣᠲᠣᠩ ᠦᠨᠳᠦᠰᠦᠲᠡᠨ᠎ᠦ ᠥᠪᠡᠷᠲᠡᠭᠡᠨ ᠵᠠᠰᠠᠬᠤ ᠣᠷᠣᠨ᠎ᠤ ᠨᠤᠲᠤᠭ ᠳᠡᠪᠢᠰᠭᠡᠷ᠎ᠦᠨ ᠵᠠᠭᠠᠭ ᠪᠣᠯᠣᠨ ᠰᠦᠨᠳᠡᠷᠯᠡᠵᠦ᠂ ᠤᠷᠲᠤ᠎ᠪᠠᠷ᠎ᠢᠶᠠᠨ 250 ᠭᠠᠷᠤᠢ ᠺᠢᠯᠣᠮᠧᠲᠷ᠂ ᠬᠠᠮᠤᠭ᠎ᠤᠨ ᠥᠨᠳᠥᠷ ᠣᠷᠭᠢᠯ ᠪᠣᠯᠬᠤ ᠳᠠᠯᠠᠩ ᠬᠣᠷᠣᠭ᠎ᠠ ᠨᠢ ᠳᠠᠯᠠᠢ᠎ᠶᠢᠨ ᠲᠦᠪᠰᠢᠨ᠎ᠡᠴᠡ 3556.1 ᠮᠸᠲᠷ ᠪᠠᠢᠳᠠᠭ᠃ ᠳᠤᠮᠳᠠᠳᠤ ᠤᠯᠤᠰ᠎ᠤᠨ ᠤᠯᠠᠷᠢᠯ᠎ᠤᠨ ᠰᠠᠯᠬᠢᠨ᠎ᠤ ᠣᠷᠣᠨ ᠪᠣᠯᠣᠨ ᠤᠯᠠᠷᠢᠯ᠎ᠤᠨ ᠪᠤᠰᠤ ᠰᠠᠯᠬᠢᠨ᠎ᠤ ᠣᠷᠣᠨ᠂ ᠡᠯᠡᠰᠦᠨ ᠴᠥᠯ ᠪᠣᠯᠣᠨ ᠲᠠᠯ᠎ᠠ ᠬᠡᠭᠡᠷ᠎ᠡ ᠨᠤᠲᠤᠭ᠎ᠤᠨ ᠴᠢᠬᠤᠯᠠ ᠵᠠᠭᠠᠭ ᠪᠣᠯᠣᠭᠠᠳ ᠲᠡᠭᠷᠢ ᠡᠯᠡᠰᠦᠨ᠎ᠦ ᠡᠮᠦᠨᠡᠰᠢ ᠠᠮᠠᠭᠠᠢ ᠵᠢᠯᠣᠭᠣ᠌ ᠦᠭᠡᠢ ᠳᠣᠪᠲᠣᠯᠬᠤ᠎ᠶᠢ ᠬᠥᠨᠳᠡᠯᠢᠰᠦᠨ ᠬᠣᠷᠢᠭ᠍ᠯᠠᠵᠤ᠂ ᠨᠢᠩᠰᠢᠶᠠ᠎ᠶᠢᠨ ᠲᠠᠷᠢᠶᠠᠯᠠᠩ᠎ᠤᠨ ᠣᠷᠣᠨ᠎ᠢ ᠦᠯᠡᠮᠵᠢ ᠲᠣᠮᠣ᠌ ᠯᠠᠭ᠍ᠱᠠᠨ ᠪᠡᠶ᠎ᠡ᠎ᠪᠡᠷ᠎ᠢᠶᠡᠨ ᠬᠠᠯᠬᠠᠯᠠᠵᠤ ᠬᠠᠮᠠᠭᠠᠯᠠᠵᠤ ᠢᠷᠡᠭᠰᠡᠨ 《 ᠭᠠᠪᠢᠶᠠᠲᠤ ᠵᠠᠩᠵᠦᠨ》 ᠠᠷᠭ᠎ᠠ ᠦᠭᠡᠢ ᠮᠥᠨ᠃

ᠪᠢ ᠪᠣᠯ ᠪᠠᠳᠠᠢ᠎ᠶᠢᠨ ᠵᠢᠷᠠᠨ᠎ᠤ 《ᠠᠯᠲᠠᠨ ᠵᠠᠯᠭᠠᠭᠠᠰᠤ ᠠᠷᠢᠭᠤᠨ ᠬᠡᠯᠬᠢᠶᠡᠰᠦ》 ᠪᠠᠯᠠᠷ ᠮᠠᠩᠬᠠᠨ ᠨᠤᠲᠤᠭ᠎ᠲᠤ ᠲᠥᠷᠥᠵᠦ ᠥᠰᠦᠭᠰᠡᠨ ᠬᠡᠦᠬᠡᠳ ᠪᠣᠯᠬᠣᠷ ᠳᠤᠮᠳᠠᠳᠤ ᠰᠤᠷᠭᠠᠭᠤᠯᠢ᠎ᠶᠢᠨ ᠡᠭᠦᠳᠡ ᠲᠠᠲᠠᠲᠠᠯ᠎ᠠ ᠵᠢᠩᠬᠢᠨᠢ ᠤᠳᠬ᠎ᠠ᠎ᠪᠠᠷ᠎ᠢᠶᠠᠨ ᠠᠭᠤᠯᠠ ᠭᠡᠳᠡᠭ᠎ᠢ ᠪᠡᠶᠡᠴᠢᠯᠡᠨ ᠦᠵᠡᠭᠡ ᠦᠭᠡᠢ ᠵᠦᠭᠡᠷ ᠯᠠ ᠲᠣᠮᠣᠴᠤᠤᠯ᠎ᠤᠨ ᠶᠠᠷᠢᠶᠠᠨ᠎ᠠᠴᠠ ᠶᠤᠮ ᠦᠦ᠂ ᠦᠯᠢᠭᠡᠷ ᠳᠣᠮᠣᠭ ᠪᠢᠰᠢ ᠪᠣᠯ ᠳᠠᠭᠤᠤ ᠰᠢᠯᠦᠭ᠎ᠦᠨ ᠮᠥᠷ ᠪᠠᠳᠠᠭ᠎ᠠᠴᠠ ᠬᠠᠶᠠ ᠠᠭᠤᠯᠠ᠎ᠶᠢᠨ ᠲᠤᠬᠠᠢ ᠠᠯᠳᠠᠭ ᠣᠨᠣᠭ ᠰᠣᠨᠣᠰᠴᠤ᠂ ᠵᠥᠪᠬᠡᠨ ᠦᠯᠢᠭᠡᠷ ᠲᠤᠤᠯᠢ᠎ᠳᠤ ᠭᠠᠷᠳᠠᠭ ᠨᠠᠷᠠ ᠰᠠᠷᠠ ᠬᠠᠯᠬᠠᠯᠠᠵᠤ ᠰᠡᠬᠦᠢᠭᠰᠡᠨ᠂ ᠨᠣᠶᠠᠨ ᠣᠷᠭᠢᠯ ᠨᠢ ᠭᠡᠷ᠎ᠦᠨ ᠡᠷᠦᠬᠡ᠎ᠪᠡᠷ ᠥᠩᠭᠡᠢᠵᠦ ᠬᠠᠷᠠᠭᠳᠠᠳᠠᠭ 《ᠰᠥᠮᠪᠥᠷ ᠠᠭᠤᠯᠠ》 ᠪᠠᠷ ᠯᠠ ᠤᠷᠭᠤᠭᠤᠯᠤᠨ ᠰᠠᠨᠠᠬᠤ᠎ᠶᠢᠨ ᠲᠡᠳᠦᠢ ᠪᠠᠢᠵᠤ᠂ ᠠᠭᠤᠯᠠ᠎ᠶᠢᠨ ᠲᠤᠬᠠᠢ ᠨᠢᠭᠡ ᠲᠠᠯ᠎ᠠ᠎ᠪᠠᠷ ᠰᠦᠷᠳᠡᠬᠦ ᠰᠢᠭ᠂ ᠨᠥᠭᠥᠭᠡ ᠲᠠᠯ᠎ᠠ᠎ᠪᠠᠷ ᠮᠥᠷᠥᠭᠡᠳᠬᠦ ᠰᠢᠭ ᠡᠷᠡᠭᠡᠯᠵᠡᠩᠭᠦᠢ ᠰᠣᠨᠢᠨ ᠲᠥᠰᠥᠭᠡᠯᠡᠯ ᠲᠠᠢ ᠥᠰᠴᠦ ᠲᠣᠷᠨᠢᠵᠤ ᠪᠢᠯᠡ᠃

ᠳᠤᠮᠳᠠᠳᠤ ᠰᠤᠷᠭᠠᠭᠤᠯᠢ᠎ᠶᠢᠨ ᠬᠠᠭᠠᠯᠭ᠎ᠠ ᠲᠣᠭᠰᠢᠬᠤ᠎ᠪᠡᠷ ᠠᠯᠤᠰ᠎ᠤᠨ ᠠᠶᠠᠨ᠎ᠤ ᠠᠩᠬᠠᠨ᠎ᠤ ᠳᠥᠷᠥᠭᠡ ᠠᠪᠬᠤ᠎ᠶᠢᠨ ᠭᠱᠡᠨ᠎ᠳᠦ᠄ 《 ᠴᠢ ᠣᠳᠣ᠌ ᠠᠭᠤᠯᠠ ᠲᠠᠢ ᠭᠠᠵᠠᠷ᠎ᠢᠶᠡᠷ ᠶᠠᠪᠤᠵᠤ᠂ ᠡᠷᠳᠡᠮ ᠰᠡᠯᠭᠦᠨ ᠰᠤᠷᠬᠤ ᠬᠣᠯᠠ᠎ᠶᠢᠨ ᠵᠠᠮ᠎ᠢ  ᠡᠬᠢᠯᠡᠭᠦᠯᠵᠦ ᠪᠠᠢᠬᠤ ᠰᠢᠭ᠋ ᠪᠠᠢᠨ᠎ᠠ᠃ ᠢᠩᠭᠢᠭᠡᠳ ᠯᠠ ᠴᠠᠭᠠᠰᠢ ᠨᠢ ᠴᠢ ᠬᠡᠴᠢᠨᠡᠭᠡᠨ ᠠᠭᠤᠯᠠ᠎ᠶᠢᠨ ᠥᠨᠳᠥᠷ᠎ᠢ ᠦᠵᠡᠵᠦ᠂ ᠶᠠᠮᠠᠷᠬᠠᠨ ᠤᠰᠤᠨ᠎ᠤ ᠭᠦᠨ᠎ᠢ ᠬᠡᠮᠵᠢᠵᠦ ᠶᠠᠪᠤᠬᠤ᠎ᠶᠢ ᠮᠡᠳᠡᠬᠦ ᠦᠭᠡᠢ ᠃ ᠭᠡᠪᠡᠴᠦ ᠭᠠᠭᠴᠠᠬᠠᠨ ᠡᠩ᠎ᠦᠨ ᠶᠠᠭᠤᠮ᠎ᠠ ᠰᠠᠨᠠᠭᠤᠯᠤᠶ᠎ᠠ᠄ ᠠᠭᠤᠯᠠ᠎ᠶᠢᠨ ᠵᠢᠪᠠᠷ ᠵᠢᠩ ᠲᠠᠢ ᠰᠢᠦ ᠳᠡ᠃ ᠬᠤᠪᠴᠠᠰᠤ ᠬᠤᠨᠠᠷ᠎ᠢᠶᠠᠨ ᠵᠣᠬᠢᠴᠠᠭᠤᠯᠤᠨ ᠡᠮᠦᠰᠴᠦ᠂ ᠡᠷᠡᠭᠦᠯ ᠪᠡᠶ᠎ᠡ ᠰᠠᠷᠠᠭᠤᠯ ᠤᠬᠠᠭᠠᠨ ᠲᠠᠢ ᠶᠠᠪᠤᠬᠤ᠎ᠪᠠᠨ ᠶᠠᠭᠤᠨ᠎ᠤ ᠲᠦᠷᠦᠭᠦᠨ᠎ᠳᠦ ᠪᠣᠳᠣᠭᠠᠷᠠᠢ ! ᠬᠦᠦ ᠮᠢᠨᠢ᠃ ᠲᠠᠨᠢᠬᠤ ᠦᠭᠡᠢ ᠭᠠᠵᠠᠷ᠎ᠤᠨ ᠬᠥᠮᠥᠨ᠎ᠢ ᠪᠢᠲᠡᠭᠡᠢ ᠬᠡᠯᠡ᠂ ᠠᠭᠤᠯᠠ ᠤᠰᠤ ᠨᠢ ᠴᠤ᠌ ᠣᠨᠳᠣᠣ ᠪᠠᠢᠳᠠᠭ ᠶᠤᠮ ᠡ》 ᠭᠡᠵᠦ ᠦᠵᠡᠬᠦ᠎ᠶᠢᠨ ᠶᠡᠬᠡ᠎ᠶᠢ ᠦᠵᠡᠵᠦ᠂ ᠳᠤᠭᠤᠯᠬᠤ᠎ᠶᠢᠨ ᠶᠡᠬᠡ᠎ᠶᠢ ᠳᠣᠭᠣᠯᠤᠭᠰᠠᠨ ᠡᠮᠡᠭᠡ ᠡᠵᠢ ᠮᠠᠨᠢ ᠬᠠᠴᠠᠷ᠎ᠢ ᠢᠯᠪᠢᠵᠦ᠂ ᠵᠤᠯᠠᠢ᠎ᠶᠢ ᠵᠥᠭᠡᠯᠡᠬᠡᠨ ᠦᠨᠦᠷᠯᠡᠨ᠂ ᠬᠠᠯᠲᠤ ᠰᠣᠨᠣᠰᠬᠤ᠎ᠳᠤ ᠶᠡᠷᠦ᠎ᠶᠢᠨ ᠶᠤᠮ ᠰᠢᠭ᠋ ᠠᠲᠠᠯ᠎ᠠ᠎ᠪᠠᠨ ᠬᠠᠮᠤᠭ᠎ᠢ ᠤᠬᠠᠭᠠᠷᠠᠬᠤ᠎ᠳᠤ ᠬᠣᠯᠠ᠎ᠶᠢᠨ ᠲᠤᠰᠤᠯᠲᠠ ᠲᠠᠢ ᠰᠤᠷᠭᠠᠯ ᠬᠠᠢᠷᠠᠯᠠᠭᠰᠠᠨ ᠢ᠋ ᠮᠠᠷᠲᠠᠵᠤ ᠶᠡᠷᠦᠨᠢ ᠴᠢᠳᠠᠳᠠᠭ ᠦᠭᠡᠢ ᠶᠤᠮ᠃

ᠠᠩᠬ᠎ᠠ ᠪᠢ ᠠᠭᠤᠯᠠ᠎ᠶᠢ ᠬᠠᠷᠠᠬᠤ᠎ᠳᠤ ᠶᠡᠬᠡ ᠯᠠ ᠬᠣᠯᠠ᠎ᠠᠴᠠ ᠬᠠᠷᠠᠭᠰᠠᠨ᠃ ᠲᠡᠷᠲᠡᠭᠡ ᠬᠣᠯᠠ ᠲᠡᠭᠷᠢ᠎ᠶᠢᠨ ᠬᠠᠶᠠᠭᠠᠨ᠎ᠠ ᠤᠨᠢᠶᠠᠷ ᠬᠦᠳᠡᠩ ᠳᠤᠮᠳᠠ ᠭᠦᠨ ᠬᠥᠬᠡ ᠠᠭᠤᠯᠠ ᠰᠦᠮᠡᠯᠵᠡᠨ ᠳᠦᠩᠬᠦᠢᠭᠡᠳ ᠬᠤᠷ᠎ᠠ᠎ᠶᠢᠨ ᠵᠤᠵᠠᠭᠠᠨ ᠡᠯᠳᠡᠪ ᠳᠦᠷᠰᠦᠲᠦ ᠡᠭᠦᠯᠡ ᠶᠤᠮ ᠰᠢᠭ᠋ ᠡᠰᠡᠪᠡᠯ ᠮᠢᠨᠦ ᠨᠤᠲᠤᠭ᠎ᠲᠤ ᠳᠠᠩᠳᠠ ᠮᠠᠨᠠᠨ ᠨᠥᠮᠥᠷᠴᠦ ᠵᠡᠷᠭᠡᠯᠭᠡᠨ ᠨᠠᠭᠠᠳᠤᠭᠤᠯᠵᠤ ᠰᠦᠮᠡᠯᠵᠡᠳᠡᠭ ᠥᠨᠳᠥᠷ ᠥᠨᠳᠥᠷ ᠰᠢᠯᠢ ᠭᠠᠵᠠᠷ᠎ᠦᠨ ᠳᠠᠢᠲᠠᠢ ᠬᠠᠷᠠᠭᠳᠠᠭᠰᠠᠨ᠃ ᠲᠡᠭᠡᠭᠡᠳ ᠶᠠᠪᠤᠭᠠᠳ ᠶᠠᠪᠤᠭᠠᠳ ᠳᠡᠷᠭᠡᠳᠡ ᠨᠢ ᠬᠦᠷᠳᠡᠭ ᠦᠭᠡᠢ᠃ ᠬᠠᠷᠢᠨ ᠲᠡᠳᠡᠭᠡᠷ ᠠᠭᠤᠯᠠᠰ ᠤᠯᠠᠮ ᠪᠦᠷ ᠴᠠᠭᠠᠰᠢ ᠨᠢ ᠣᠷᠣᠭ᠎ᠠ ᠲᠡᠮᠡᠭᠡ ᠰᠢᠭ ᠵᠢᠭᠤᠲᠠᠭᠠᠳ ᠪᠠᠢᠬᠤ ᠰᠢᠭ᠋ ᠰᠠᠨᠠᠭᠳᠠᠭᠰᠠᠨ ᠃ ᠡᠨᠡ ᠦᠶ᠎ᠡ᠎ᠳᠦ ᠡᠮᠡᠭᠡ ᠡᠵᠢ᠎ᠶᠢᠨ ᠮᠢᠨᠢ ᠬᠠᠶᠠ ᠳᠠᠭᠤᠯᠠᠳᠠᠭ《 ᠬᠥᠬᠡᠷᠡᠭᠡᠳ ᠪᠠᠢᠭ᠎ᠠ ᠰᠢᠯᠢ᠎ᠶᠢ / ᠬᠥᠨᠳᠡᠯᠡᠨ ᠶᠠᠭᠠᠭᠢᠵᠤ ᠲᠤᠭᠤᠯᠤᠨ᠎ᠠ ᠳᠡ / ᠬᠥᠭᠰᠢᠨ ᠪᠤᠭᠤᠷᠤᠯ ᠡᠵᠢ ᠲᠠᠢ᠎ᠪᠠᠨ/ ᠬᠡᠵᠢᠶ᠎ᠡ ᠣᠴᠢᠵᠤ ᠵᠣᠯᠭᠠᠨ᠎ᠠ ᠳᠠ ᠁ 》 ᠭᠡᠰᠡᠨ ᠳᠠᠭᠤᠤ ᠰᠠᠨᠠᠭᠠᠨ᠎ᠳᠤ ᠪᠠᠭᠤᠵᠤ᠂ ᠭᠡᠷ ᠨᠤᠲᠤᠭ ᠬᠣᠶᠠᠷ᠎ᠢᠶᠠᠨ ᠰᠠᠨᠠᠰᠬᠢᠨ ᠤᠢᠳᠬᠠᠷᠯᠠᠨ ᠶᠠᠪᠤᠵᠤ ᠪᠠᠢᠵᠤ ᠪᠢᠯᠡ᠃ ᠪᠢ ᠶᠠᠪᠤᠵᠤ ᠠᠭᠤᠯᠠ ᠰᠠᠭᠤᠵᠤ ᠪᠠᠢᠭ᠎ᠠ ᠪᠣᠯᠬᠣᠷ ᠡᠴᠦᠰ ᠲᠡᠭᠡᠨ ᠠᠭᠤᠯᠠ᠎ᠶᠢᠨ ᠪᠠᠷᠠᠭᠤᠨ ᠬᠣᠢᠲᠦ ᠬᠣᠷᠮᠣᠢ᠎ᠳᠤ ᠭᠠᠯ ᠭᠣᠯᠣᠮᠲᠠ᠎ᠪᠠᠨ ᠪᠠᠳᠠᠷᠠᠭᠠᠭᠠᠳ ᠣᠯᠠᠨ ᠵᠠᠭᠤᠨ ᠵᠢᠯ ᠪᠣᠯᠵᠤ ᠪᠠᠢᠭ᠎ᠠ ᠪᠠᠶᠠᠨᠬᠣᠲᠠ ᠪᠠᠯᠭᠠᠰᠤᠨ᠎ᠳᠤ ᠠᠩᠬ᠎ᠠ ᠬᠥᠯ ᠲᠠᠯᠪᠢᠭ᠍ᠰᠠᠨ ᠶᠤᠮ᠃

ᠪᠢ ᠰᠤᠷᠭᠠᠭᠤᠯᠢ᠎ᠶᠢᠨ ᠪᠠᠢᠷᠢ᠎ᠶᠢᠨ ᠡᠭᠦᠳᠡ᠎ᠶᠢ ᠲᠠᠲᠠᠨ ᠲᠠᠲᠠᠲᠠᠯ᠎ᠠ ᠠᠯᠠᠱᠠ ᠠᠭᠤᠯᠠ᠎ᠪᠠᠨ ᠪᠠᠢᠨ ᠪᠠᠢᠨ ᠬᠠᠷᠠᠭᠰᠠᠭᠠᠷ ᠯᠠ ᠪᠠᠢᠯ᠎ᠠ᠃ ᠶᠠᠮᠠᠷ ᠭᠠᠢᠬᠠᠯᠲᠠᠢ ᠰᠦᠷᠯᠢᠭ ᠬᠠᠢᠷᠬᠠᠨ ᠪᠣᠢ ᠬᠡᠮᠡᠨ ᠳᠣᠲᠣᠷ᠎ᠠ᠎ᠪᠠᠨ ᠳᠠᠭᠤ ᠠᠯᠳᠠᠨ ᠪᠢᠰᠢᠷᠡᠭᠰᠡᠭᠡᠷ ᠯᠠ ᠪᠠᠢᠯ᠎ᠠ᠃ ᠮᠢᠨᠤ ᠠᠩᠬ᠎ᠠ ᠬᠠᠮᠤᠭ᠎ᠤᠨ ᠣᠢᠷᠠᠬᠠᠨ᠎ᠠᠴᠠ ᠬᠠᠷᠠᠭᠰᠠᠨ ᠥᠨᠳᠥᠷ ᠠᠭᠤᠯᠠ ᠡᠨᠡ ᠪᠠᠢᠪᠠ᠃ ᠲᠡᠷᠡ ᠯᠡ ᠦᠶ᠎ᠡ᠎ᠡᠴᠡ ᠬᠣᠢᠰᠢ ᠣᠳᠣ᠌ ᠪᠣᠯᠲᠠᠯ᠎ᠠ ᠡᠨᠡ ᠬᠦ᠌ ᠥᠪᠥᠷ ᠮᠣᠩᠭᠣᠯ᠎ᠳᠠᠭᠠᠨ ᠬᠠᠮᠤᠭ᠎ᠤᠨ ᠥᠨᠳᠥᠷ᠎ᠲᠦ ᠲᠣᠭᠠᠴᠠᠭ᠍ᠳᠠᠳᠠᠭ ᠠᠭᠤᠯᠠ᠎ᠪᠠᠨ ᠡᠳᠦᠷ ᠪᠦᠷᠢ ᠨᠢᠳᠦ ᠳᠦᠭᠦᠷᠡᠩ᠂ ᠪᠠᠬᠠᠷᠬᠠᠯ ᠳᠦᠭᠦᠷᠡᠩ᠂ ᠰᠡᠳᠬᠢᠯ ᠳᠦᠭᠦᠷᠡᠩ᠂ ᠰᠦᠵᠢᠭ ᠳᠦᠭᠦᠷᠡᠩ ᠬᠠᠷᠠᠭᠰᠠᠭᠠᠷ ᠯᠠ ᠶᠠᠪᠤᠨᠠᠮ ᠪᠦᠯᠦᠭᠡ᠃ ᠠᠯᠤᠰ᠎ᠤᠨ ᠠᠯᠤᠰ ᠭᠠᠵᠠᠷ ᠶᠠᠪᠤᠭᠰᠠᠨ ᠴᠤ᠌ ᠰᠡᠳᠬᠢᠯ ᠳ᠋ᠡᠭᠡᠨ᠂ ᠵᠡᠭᠦᠳᠦᠨ᠎ᠳᠡᠭᠡᠨ  ᠦᠷᠭᠦᠯᠵᠢ ᠲᠣᠳᠣᠬᠠᠨ ᠬᠠᠷᠠᠵᠤ ᠶᠠᠪᠤᠳᠠᠭ ᠰᠠᠨ᠃

ᠠᠯᠠᠱᠠ ᠠᠭᠤᠯᠠ ᠮᠢᠨᠢ᠃ ᠲᠡᠭᠦᠨ᠎ᠢ ᠡᠷᠲᠡᠨ᠎ᠦ ᠲᠡᠦᠬᠡ ᠰᠤᠳᠤᠷ᠎ᠲᠤ《ᠾᠸ ᠯᠠᠨ ᠱᠠᠨ》 ᠭᠡᠵᠦ ᠠᠪᠢᠶᠠᠯᠠᠨ ᠲᠡᠮᠳᠡᠭᠯᠡᠵᠦ ᠢᠷᠡᠵᠡᠢ᠃ 《ᠾᠸ ᠯᠠᠨ》 ᠭᠡᠳᠡᠭ ᠦᠭᠡ ᠨᠢ ᠾᠦᠩᠨᠤ ᠪᠤᠶᠤ ᠲᠥᠷᠥᠭ ᠭᠠᠷᠤᠯᠲᠠᠢ ᠦᠭᠡ ᠭᠡᠵᠦ  ᠶᠠᠩᠵᠤ ᠪᠦᠷᠢ᠎ᠪᠡᠷ ᠰᠤᠳᠤᠯᠤᠨ ᠲᠠᠢᠯᠪᠤᠷᠢᠯᠠᠬᠤ ᠨᠢ ᠪᠣᠢ᠃ ᠡᠨᠡ ᠦᠭᠡ ᠨᠢ ᠪᠠᠰᠠ ᠬᠤᠯᠠᠨ ᠭᠡᠰᠡᠨ ᠤᠳᠬ᠎ᠠ ᠲᠠᠢ ᠪᠠᠢᠵᠤ ᠮᠠᠭᠠᠳ ᠦᠭᠡᠢ ᠬᠡᠮᠡᠨ ᠵᠠᠷᠢᠮ ᠬᠥᠮᠥᠰ ᠳᠠᠭᠤᠤ ᠰᠢᠯᠦᠭ ᠲᠡᠭᠡᠨ 《 ᠬᠤᠯᠠᠨ ᠠᠭᠤᠯᠠ ᠁ ᠶᠠᠭᠠᠭᠢᠭ᠍ᠰᠠᠨ ᠶᠠᠭᠠᠭᠢᠭ᠍ᠰᠠᠨ》 ᠭᠡᠳ ᠳᠠᠭᠤᠯᠠᠵᠤ ᠪᠢᠴᠢᠭᠰᠡᠭᠡᠷ ᠯᠡ ᠪᠠᠢᠨ᠎ᠠ᠃ ᠡᠨᠡ ᠨᠢ ᠡᠷᠳᠡᠮ ᠰᠢᠨᠵᠢᠯᠡᠭᠡᠨ᠎ᠦ ᠬᠦᠷᠢᠶᠡᠨ᠎ᠳᠡᠬᠢ ᠭᠠᠵᠠᠷ ᠤᠰᠤᠨ᠎ᠤ ᠨᠡᠷ᠎ᠡ᠎ᠶᠢᠨ ᠪᠦᠷᠬᠦᠭ ᠠᠰᠠᠭᠤᠳᠠᠯ ᠪᠣᠯᠬᠣᠷ ᠮᠡᠬᠦᠰ ᠪᠢᠴᠢᠭᠡᠴᠢ ᠪᠢ᠎ᠪᠡᠷ ᠠᠶᠤᠮᠰᠢᠭ᠋ ᠦᠭᠡᠢ ᠳᠤᠷ᠎ᠠ᠎ᠪᠠᠷ ᠲᠠᠭᠠᠮᠠᠭᠯᠠᠨ ᠪᠢᠴᠢᠵᠦ ᠦᠯᠦ ᠵᠢᠷᠦᠬᠡᠯᠡᠪᠡᠢ᠃ ᠶᠠᠮᠠᠷ ᠴᠤ᠌ ᠪᠠᠢᠭᠰᠠᠨ ᠣᠯᠠᠩᠬᠢ ᠪᠠᠢᠳᠠᠯ᠎ᠳᠤ ᠬᠥᠮᠥᠰ 《 ᠠᠯᠠᠱᠠ ᠬᠠᠢᠷᠬᠠᠨ》 ᠭᠡᠵᠦ ᠬᠦᠨᠳᠦᠯᠡᠨ ᠳᠠᠭᠤᠳᠠᠬᠤ ᠪᠥᠭᠡᠳ《ᠤᠷᠭᠤᠬᠤ᠎ᠶᠢᠨ ᠤᠯᠠᠭᠠᠨ ᠨᠠᠷᠠ ᠮᠢᠨᠢ ! ᠠᠭᠤᠯᠠ ᠤᠰᠤᠨ᠎ᠤ ᠨᠠᠪᠳᠠᠭ ᠰᠠᠪᠳᠠᠭ ᠮᠢᠨᠢ !》 ᠭᠡᠳ ᠤᠯᠠᠮᠵᠢᠯᠠᠯ᠎ᠢᠶᠠᠨ ᠨᠠᠨᠳᠢᠩᠨᠠᠭᠰᠠᠨ ᠪᠤᠭᠤᠷᠤᠯ᠎ᠤᠳ ᠰᠠᠢᠨ ᠰᠠᠢᠬᠠᠨ᠎ᠢᠶᠡᠨ ᠰᠢᠪᠰᠢᠨ ᠥᠷᠯᠥᠭᠡ ᠪᠦᠷᠢ ᠴᠠᠢ ᠰᠦᠨ᠎ᠦ᠎ᠪᠡᠨ ᠳᠡᠭᠡᠵᠢ᠎ᠶᠢ ᠡᠷᠭᠦᠭᠰᠡᠭᠡᠷ ᠢᠷᠡᠭᠰᠡᠨ ᠠᠵᠤᠭᠤ᠃

ᠠᠯᠠᠱᠠ ᠠᠭᠤᠯᠠ᠎ᠶᠢ ᠡᠷᠳᠡᠮᠲᠡᠳ18.4 ᠳ᠋ᠦᠩᠰᠢᠭᠤᠷ ᠨᠠᠰᠤ ᠲᠠᠢ ᠭᠡᠵᠦ ᠮᠠᠭᠠᠳᠯᠠᠭᠰᠠᠨ ᠪᠠᠢᠨ᠎ᠠ ᠯᠠᠢ ᠃ ᠪᠠᠷᠲᠠᠭ᠎ᠠ ᠪᠦᠬᠦᠢ ᠵᠢᠯᠠᠭ᠎ᠠ ᠭᠠᠵᠠᠷ᠎ᠤᠨ ᠬᠠᠳᠠᠨ ᠳᠡᠭᠡᠷ᠎ᠡ ᠪᠠᠷᠤᠭ ᠲᠦᠮᠡ ᠭᠠᠷᠤᠢ ᠵᠢᠯ᠎ᠦᠨ ᠲᠡᠷᠲᠡᠭᠡ ᠵᠢᠷᠤᠭᠳᠠᠭᠰᠠᠨ ᠬᠠᠳᠠᠨ᠎ᠤ ᠵᠢᠷᠤᠭ ᠪᠠᠢᠳᠠᠭ᠎ᠠᠴᠠ ᠦᠵᠡᠪᠡᠯ ᠡᠨᠡ ᠠᠭᠤᠯᠠᠨ᠎ᠳᠤ ᠶᠡᠬᠡ ᠡᠷᠲᠡᠨ᠎ᠦ ᠦᠶ᠎ᠡ᠎ᠡᠴᠡ ᠬᠥᠮᠥᠨ ᠲᠥᠷᠥᠯᠬᠢᠲᠡᠨ ᠤᠯᠠ ᠮᠥᠷ᠎ᠢᠶᠡᠨ ᠦᠯᠡᠳᠡᠭᠡᠵᠦ᠂ ᠲᠤᠬᠠᠢ᠎ᠶᠢᠨ ᠴᠠᠭ᠎ᠤᠨ ᠰᠣᠶᠣᠯ ᠰᠡᠳᠬᠢᠬᠦᠢ᠎ᠶᠢᠨ ᠢᠮ ᠲᠠᠮᠠᠭ᠎ᠠ᠎ᠪᠠᠨ ᠳᠠᠷᠤᠵᠤ ᠶᠠᠪᠤᠭᠰᠠᠨ ᠪᠠᠢᠬᠤ ᠶᠤᠮ᠃ ᠡᠨᠡ ᠠᠭᠤᠯᠠ᠎ᠶᠢᠨ ᠠᠷᠤ ᠥᠪᠥᠷ᠎ᠢᠶᠡᠷ ᠾᠦᠩᠨᠦ᠂ ᠲᠥᠷᠥᠭ ᠵᠡᠷᠭᠡ ᠡᠳᠦᠢ ᠲᠡᠳᠦᠢ ᠨᠡᠭᠦᠳᠡᠯᠴᠢᠨ ᠠᠢᠮᠠᠭ᠎ᠤᠳ ᠨᠡᠭᠦᠵᠦ ᠰᠠᠭᠤᠵᠤ ᠶᠠᠪᠤᠭᠰᠠᠨ ᠠᠭᠠᠳ ᠬᠣᠵᠢᠮ ᠨᠢ ᠲᠠᠩᠭᠤᠳ ᠪᠤᠶᠤ ᠪᠠᠷᠠᠭᠤᠨ ᠰᠢᠶᠠ ᠤᠯᠤᠰ ᠶᠠᠭ ᠠᠭᠤᠯᠠ᠎ᠶᠢᠨ ᠥᠪᠥᠷ  ᠬᠣᠷᠮᠣᠢ᠎ᠳᠤᠨᠢ ᠨᠡᠢᠰᠯᠡᠯ᠎ᠢᠶᠡᠨ ᠪᠠᠢᠭᠤᠯᠤᠨ ᠲᠥᠪᠬᠢᠨᠡᠵᠦ᠂ 1227 ᠣᠨ ᠪᠣᠯᠲᠠᠯ᠎ᠠ ᠣᠷᠣᠰᠢᠨ ᠲᠣᠭᠲᠠᠨᠢᠭ᠍ᠰᠠᠨ ᠪᠠ ᠨᠢᠭᠡ ᠬᠡᠰᠡᠭ ᠲᠡᠭᠡᠨ ᠣᠪᠣᠭ᠎ᠠ ᠬᠦᠴᠦᠷᠬᠡᠭ ᠭᠥᠷᠥᠨ ᠪᠠᠢᠵᠤ ᠥᠩᠭᠡᠷᠡᠵᠡᠢ᠃ ᠣᠳᠣ᠌ ᠠᠭᠤᠯᠠ᠎ᠶᠢᠨ ᠡᠪᠦᠷ ᠲᠠᠯ᠎ᠠ᠂ ᠢᠷᠭᠠᠢ ᠬᠣᠲᠠ᠎ᠶᠢᠨ ᠬᠣᠢᠲᠦ ᠳᠡᠭᠦᠷᠭᠡ᠎ᠳᠦ《ᠪᠠᠷᠠᠭᠤᠨ ᠰᠢᠶᠠ᠎ᠶᠢᠨ ᠸᠠᠩ᠎ᠤᠨ ᠣᠩᠭᠣᠨ》 ᠭᠡᠳ ᠤᠯᠠᠭᠠᠨ ᠭᠣᠶᠣᠣ᠎ᠶᠢᠨ ᠲᠣᠯᠣᠭᠠᠢ ᠰᠢᠭ᠋ ᠱᠣᠪᠣᠯᠵᠠᠨ ᠢᠷᠠᠢᠭᠰᠠᠨ ᠣᠯᠠᠨ ᠰᠢᠪᠠᠷ《ᠫᠢᠷᠠᠮᠢᠳ᠋》 ᠤ᠋ᠳ ᠲᠡᠦᠬᠡ᠎ᠶᠢᠨ ᠤᠴᠢᠭ᠋᠎ᠢ ᠵᠠᠩᠭᠢᠳᠤᠨ᠂ ᠲᠦᠮᠡᠨ ᠣᠯᠠᠨ᠎ᠤ ᠰᠣᠨᠢᠭᠤᠴᠢ ᠰᠡᠳᠬᠢᠯ᠎ᠢ ᠳᠠᠯᠠᠯᠬᠤ ᠮᠡᠲᠦ ᠳᠦᠩᠰᠦᠢᠨ ᠪᠠᠢᠳᠠᠭ ᠰᠠᠨ᠃

ᠡᠨᠡ ᠠᠭᠤᠯᠠ ᠮᠠᠨᠢ ᠭᠠᠵᠠᠷ ᠵᠦᠢ᠎ᠶᠢᠨ ᠤᠳᠬ᠎ᠠ᠎ᠪᠠᠷ᠎ᠢᠶᠡᠨ ᠶᠠᠮᠠᠷ ᠨᠢᠭᠡᠨ ᠶᠠᠭᠤᠮᠠᠨ᠎ᠤ ᠵᠠᠭᠠᠭ ᠬᠠᠯᠬᠠᠪᠴᠢ ᠲᠡᠳᠦᠢ ᠦᠭᠡᠢ ᠡᠷᠲᠡᠨ᠎ᠡᠴᠡ ᠨᠠᠭᠠᠰᠢ ᠰᠠᠭᠤᠷᠢᠰᠢᠮᠠᠯ ᠪᠣᠯᠣᠨ ᠨᠡᠭᠦᠳᠡᠯ ᠰᠣᠶᠣᠯ ᠢᠷᠭᠡᠨᠰᠢᠯ᠎ᠤᠨ ᠵᠠᠭᠠᠭ᠂ ᠲᠠᠷᠢᠶᠠᠯᠠᠩ ᠪᠣᠯᠣᠨ ᠮᠠᠯ ᠠᠵᠤ ᠠᠬᠤᠢ᠎ᠶᠢᠨ ᠵᠠᠭᠠᠭ ᠬᠢᠵᠠᠭᠠᠷ ᠪᠣᠯᠣᠭᠰᠠᠭᠠᠷ ᠢᠷᠡᠭᠰᠡᠨ ᠪᠠᠢᠨ᠎ᠠ ᠃ ᠠᠯᠠᠱᠠ ᠠᠭᠤᠯᠠᠨ᠎ᠳᠤ ᠠᠷᠴᠠ ᠠᠭᠠᠷᠤ᠂ ᠨᠠᠷᠠᠰᠤ ᠬᠠᠷᠭᠠᠢ ᠮᠡᠲᠦ᠎ᠶᠢᠨ ᠣᠯᠠᠨ ᠲᠥᠷᠥᠯ᠎ᠦᠨ ᠣᠢ ᠮᠣᠳᠣ᠌ ᠂ ᠡᠪᠡᠰᠦᠨ ᠡᠮ᠎ᠦᠨ ᠤᠷᠭᠤᠮᠠᠯ᠂ ᠶᠠᠩᠭᠢᠷ᠂ ᠬᠥᠬᠡ ᠢᠮᠠᠭ᠎ᠠ᠂ ᠪᠤᠭᠤ᠂ ᠢᠷᠪᠢᠰ ᠮᠡᠲᠦ᠎ᠶᠢᠨ ᠠᠮᠢᠲᠠᠨ ᠭᠥᠷᠥᠭᠡᠰᠦ ᠲᠠᠢ ᠪᠠ ᠳᠡᠯᠡᠬᠡᠢ ᠳᠡᠭᠡᠷ᠎ᠡ ᠲᠡᠢᠮᠦ ᠴᠤ᠌ ᠣᠯᠠᠨ ᠭᠠᠵᠠᠷ ᠪᠠᠢᠭᠠᠳ ᠪᠠᠢᠳᠠᠭ ᠦᠭᠡᠢ ᠴᠢᠯᠠᠭᠤᠨ ᠨᠡᠭᠦᠷᠡᠰᠦ ᠬᠡᠬᠦᠴᠢᠯᠡᠨ ᠭᠠᠵᠠᠷ ᠳᠣᠣᠷᠠᠬᠢ ᠪᠠᠶᠠᠯᠢᠭ᠋᠎ᠢᠶᠠᠷ᠎ᠢᠶᠠᠨ ᠬᠣᠯᠠ ᠣᠢᠷ᠎ᠠ᠎ᠳᠠᠭᠠᠨ  ᠭᠠᠢᠬᠠᠭᠳᠠᠳᠠᠭ᠎ᠢᠶᠠᠷ ᠪᠠᠷᠠᠬᠤ ᠦᠭᠡᠢ ᠪᠠᠰᠠ ᠪᠠᠷᠠᠭᠤᠨ ᠵᠡᠭᠦᠨ ᠬᠡᠢᠳ ᠮᠡᠲᠦ᠎ᠶᠢᠨ ᠠᠷᠢᠭᠤᠨ ᠳᠠᠭ᠍ᠰᠢᠨ ᠰᠣᠶᠣᠯ ᠵᠢᠭᠤᠯᠴᠢᠯᠠᠯ᠎ᠤᠨ ᠣᠷᠣᠨ ᠪᠠᠢᠳᠠᠭ᠎ᠢᠶᠠᠷ᠎ᠢᠶᠠᠨ ᠠᠯᠳᠠᠷᠲᠠᠢ ᠪᠢᠯᠡ᠃ ᠮᠥᠨ ᠡᠨᠡ ᠠᠭᠤᠯᠠ᠎ᠶᠢᠨ ᠪᠠᠷᠠᠭᠤᠨ ᠦᠵᠦᠭᠦᠷ ᠠᠯᠳᠠ᠎ᠳᠤ ᠲᠡᠮᠦᠷ  ᠡᠭᠦᠳᠡ ᠭᠡᠬᠦ  ᠠᠭᠤᠯᠠ᠎ᠶᠢᠨ  ᠠᠮᠠ  ᠪᠣᠢ᠃ ᠡᠨᠡ  ᠠᠮᠠ ᠪᠣᠯ  ᠠᠯᠠᠱᠠ  ᠪᠣᠯᠣᠨ ᠨᠢᠩᠰᠢᠶᠠ᠎ᠶᠢᠨ ᠡᠷᠲᠡᠨ᠎ᠡᠴᠡ 《ᠪᠢᠴᠢᠭᠳᠡᠭᠡ ᠦᠭᠡᠢ ᠬᠠᠤᠯᠢ》 ᠪᠠᠷ ᠲᠣᠭᠲᠠᠭᠠᠨ ᠵᠢᠷᠤᠭᠯᠠᠭᠰᠠᠨ《ᠬᠢᠯᠢ᠎ᠶᠢᠨ ᠱᠤᠭᠤᠮ》 ᠶᠤᠮ᠃ ᠬᠡᠵᠢᠶᠡᠨ᠎ᠦ ᠴᠤ᠌ ᠶᠤᠮ ᠮᠡᠳᠡᠬᠦ ᠦᠭᠡᠢ ᠡᠷᠲᠡᠨ᠎ᠦ ᠬᠡᠷᠡᠮ᠎ᠦᠨ ᠲᠠᠰᠤᠷᠬᠠᠢ᠎ᠶᠢ ᠪᠠᠰᠠ ᠡᠨᠳᠡ᠎ᠠᠴᠠ ᠬᠠᠷᠠᠵᠤ ᠪᠣᠯᠣᠨ᠎ᠠ᠃ ᠮᠢᠩ ᠤᠯᠤᠰ᠎ᠤᠨ ᠦᠶ᠎ᠡ᠎ᠶᠢᠨ ᠴᠠᠭᠠᠨ ᠬᠡᠷᠡᠮ᠎ᠦᠨ ᠦᠯᠡᠳᠡᠭᠳᠡᠯ ᠭᠡᠬᠦ ᠶᠤᠮ ᠪᠢᠯᠡ᠃ ᠡᠭᠦᠨ᠎ᠡᠴᠡ ᠬᠣᠢᠰᠢ ᠭᠠᠷᠪᠠᠯ ᠡᠵᠡᠨ ᠲᠠᠯ᠎ᠠ ᠦᠭᠡᠢ ᠶᠡᠬᠡ ᠭᠣᠪᠢ ᠬᠡᠭᠡᠷ᠎ᠡ᠎ᠶᠢᠨ ᠨᠤᠲᠤᠭ ᠬᠥᠪᠥᠷᠡᠵᠦ ᠡᠬᠢᠯᠡᠨ᠎ᠡ᠃ ᠰᠥᠷᠦᠭ ᠰᠥᠷᠦᠭ ᠲᠡᠮᠡᠭᠡᠨ᠎ᠦ ᠪᠠᠷ᠎ᠠ ᠨᠡᠯᠦᠭᠡᠷ ᠴᠡᠩᠭᠡᠷ ᠵᠡᠷᠭᠡᠯᠭᠡᠨ ᠳᠤᠮᠳᠠ ᠲᠠᠰᠤᠷᠠᠵᠤ ᠨᠢᠭᠡ ᠨᠡᠢᠯᠡᠵᠦ ᠨᠢᠭᠡ ᠬᠠᠷᠠᠭᠳᠠᠵᠤ ᠭᠠᠷᠤᠨ᠎ᠠ ᠳᠠ᠃ ᠡᠮᠦᠨ᠎ᠡ ᠵᠦᠭ (ᠲᠠᠯ᠎ᠠ) ᠡᠴᠡ ᠨᠢ ᠠᠪᠴᠤ ᠬᠡᠯᠡᠪᠡᠯ ᠠᠯᠠᠱᠠ ᠠᠭᠤᠯᠠ ᠪᠣᠯ ᠭᠣᠪᠢ᠎ᠶᠢᠨ ᠡᠬᠢᠯᠡᠯ ᠮᠥᠨ ᠴᠤ᠌ ᠲᠡᠭᠦᠰᠭᠡᠯ ᠭᠡᠰᠡᠨ ᠦᠭᠡ᠃ ᠢᠩᠭᠢᠭᠡᠳ ᠯᠡ ᠭᠣᠪᠢ᠎ᠶᠢᠨ ᠭᠦᠨ ᠤᠷᠤᠭᠤ ᠳᠤᠳᠤᠭᠰᠢᠯᠠᠬᠤ ᠲᠤᠰᠤᠮ ᠢᠩᠭᠡ ᠪᠣᠲᠣᠭᠣᠨ᠎ᠤ ᠪᠣᠢᠯᠠᠭᠠᠨ᠂ ᠠᠶᠠᠨ ᠵᠢᠩ᠎ᠦᠨ ᠬᠣᠩᠬᠣᠨ᠎ᠤ ᠳᠠᠭᠤ᠂ ᠠᠷᠭᠠᠯᠢ ᠵᠡᠭᠡᠷ᠎ᠡ᠎ᠶᠢᠨ ᠲᠣᠭᠣᠰᠣ᠌ ᠲᠠᠢ ᠪᠠᠷ᠎ᠠ᠂ ᠵᠠᠭ ᠰᠤᠬᠠᠢ᠎ᠶᠢᠨ ᠨᠠᠢᠭᠤᠭᠠᠨ᠂ ᠪᠤᠲᠠ ᠪᠤᠳᠠᠷᠭᠠᠨ᠎ᠠ᠎ᠶᠢᠨ ᠰᠡᠷᠴᠢᠭᠢᠨᠡᠭᠡᠨ᠂ ᠭᠠᠢᠬᠠᠭᠠᠳ ᠪᠠᠷᠠᠰᠢ ᠦᠭᠡᠢ ᠬᠠᠴᠢᠨ ᠰᠣᠨᠢᠨ ᠳᠦᠷᠢ ᠳᠦᠷᠰᠦ ᠲᠠᠢ ᠡᠷᠳᠡᠨᠢ᠎ᠶᠢᠨ ᠴᠢᠯᠠᠭᠤᠳ᠎ᠤᠨ ᠱᠠᠷᠭᠢᠶᠠᠨ᠂ ᠠᠭᠢ ᠬᠦᠮᠡᠯᠢ ᠶ᠋ᠢᠨ ᠦᠨᠦᠷ᠂ ᠥᠷᠥᠮᠡᠨ ᠰᠢᠷᠭᠠᠯ ᠡᠯᠡᠰᠦᠨ ᠴᠥᠯ᠂ ᠥᠩᠭᠡ ᠲᠤᠨᠤᠮᠠᠯ ᠨᠠᠭᠤᠷ ᠪᠦᠷᠢᠳᠦ ᠁ ᠭᠡᠳ ᠯᠡ ᠥᠭᠡᠷ᠎ᠡ ᠬᠠᠮᠢᠭ᠎ᠠ ᠨᠢ ᠴᠤ᠌ ᠪᠠᠢᠬᠤ ᠦᠭᠡᠢ ᠳᠠᠪᠲᠠᠭᠳᠠᠰᠢ ᠦᠭᠡᠢ ᠰᠣᠨᠢᠬᠠᠨ ᠦᠵᠡᠮᠵᠢ ᠲᠥᠰᠥᠭᠡᠯᠡᠯ᠎ᠤᠨ ᠶᠢᠷᠲᠢᠨᠴᠦ᠎ᠳᠦ ᠴᠢᠨᠢ ᠭᠢᠯᠠᠯᠵᠠᠨ ᠪᠠᠭᠤᠵᠤ᠂ ᠡᠷᠬᠢᠮ ᠲᠠᠨ᠎ᠢ ᠲᠣᠰᠣᠨ ᠤᠭᠲᠤᠬᠤ ᠪᠥᠭᠡᠳ 《 ᠥᠩ ᠥᠷᠭᠡᠨ ᠠᠯᠠᠱᠠ ᠣᠯᠳᠠᠬᠤᠶ᠎ᠠ ᠪᠡᠷᠬᠡ ᠨᠤᠲᠤᠭ》 ᠭᠡᠰᠡᠨ ᠤᠷᠲᠤ᠎ᠶᠢᠨ ᠳᠠᠭᠤᠤ᠎ᠶᠢᠨ ᠦᠭᠡ᠎ᠶᠢ ᠵᠢᠩᠬᠢᠨᠢ ᠤᠳᠬ᠎ᠠ ᠪᠡᠷ ᠨᠢ ᠣᠢᠯᠠᠭᠠᠵᠤ᠂ ᠶᠠᠰᠤᠨ᠎ᠠᠴᠠ᠎ᠪᠠᠨ ᠮᠡᠳᠡᠷᠡᠨ᠂ ᠰᠦᠨᠡᠰᠦᠨ᠎ᠠᠴᠠ᠎ᠪᠠᠨ ᠤᠬᠠᠭᠠᠷᠠᠵᠤ᠂ ᠶᠣᠰᠣᠲᠠᠢ ᠯᠠ ᠰᠡᠳᠬᠢᠯ᠎ᠦᠨ ᠴᠢᠨᠠᠳᠤ᠎ᠠᠴᠠ᠎ᠪᠠᠨ ᠳᠠᠭᠤ ᠠᠯᠳᠠᠬᠤ ᠪᠣᠯᠣᠨ᠎ᠠ᠃

ᠪᠢ ᠡᠢᠮᠦ ᠯᠡ ᠦᠯᠢᠭᠡᠷ ᠴᠤᠤᠷᠢᠶᠠᠯᠠᠵᠤ ᠦᠵᠡᠮᠵᠢ ᠴᠠᠬᠢᠯᠤᠭᠰᠠᠨ ᠭᠠᠢᠬᠠᠮᠰᠢᠭ᠍ᠲᠠᠢ ᠠᠭᠤᠯᠠ᠎ᠶᠢᠨ ᠭᠠᠯ ᠲᠠᠢ ᠬᠣᠷᠮᠣᠢ᠎ᠳᠤ ᠪᠠᠭᠲᠠᠵᠤ᠂ ᠡᠷᠳᠡᠮ ᠨᠣᠮ᠎ᠢᠶᠠᠷ ᠴᠠᠭᠠᠰᠢ ᠠᠶᠠᠯᠠᠬᠤ ᠮᠥᠩᠭᠥᠨ ᠳᠥᠷᠥᠭᠡ᠎ᠶᠢ ᠡᠨᠳᠡ᠎ᠡᠴᠡ ᠵᠢᠭᠢᠵᠦ ᠪᠢᠯᠡ᠃ ᠲᠡᠭᠡᠭᠡᠳ ᠯᠠ ᠠᠭᠤᠯᠠ ᠪᠣᠯᠭᠠᠨ᠎ᠠᠴᠠ ᠠᠳᠢᠰ ᠠᠪᠴᠤ᠂ ᠤᠰᠤ ᠪᠥᠬᠥᠨ᠎ᠡᠴᠡ ᠷᠠᠰᠢᠶᠠᠨ ᠠᠮᠰᠠᠵᠤ ᠶᠠᠪᠤᠬᠤ᠎ᠳᠠᠭᠠᠨ ᠨᠠᠰᠤᠲᠠᠨ ᠪᠤᠭᠤᠷᠤᠯ ᠡᠮᠡᠭᠡ᠎ᠶᠢᠨ᠎ᠢᠶᠡᠨ ᠨᠠᠨᠳᠢᠨ ᠵᠠᠬᠢᠶᠠᠰᠤ᠎ᠶᠢ ᠳᠠᠩᠳᠠ ᠰᠠᠨᠠᠵᠤ᠂ ᠵᠢᠩ ᠳ᠋ᠤᠨᠢ ᠵᠢᠩᠳᠡᠭᠡ ᠦᠭᠡᠢ᠂ ᠵᠢᠮ  ᠳ᠋ᠤᠨᠢ ᠲᠥᠭᠡᠷᠢᠭᠡ ᠦᠭᠡᠢ ᠯᠠ ᠶᠠᠪᠤᠨᠠᠮ ᠃

ᠣᠳᠣ᠌ ᠮᠢᠨᠤ ᠠᠵᠢᠯ ᠠᠮᠢᠳᠤᠷᠠᠯ᠎ᠤᠨ ᠠᠶᠠᠭᠠᠨ᠎ᠤ ᠠᠮᠠᠰᠠᠷ ᠵᠠᠭᠤᠵᠤ᠂ ᠠᠯᠪᠠᠨ ᠰᠢᠷᠡᠭᠡ ᠲᠦᠰᠢᠭᠰᠡᠨ ᠭᠠᠵᠠᠷ ᠮᠢᠨᠢ ᠭᠡᠪᠡᠯ ᠤᠷᠭᠤᠬᠤ ᠨᠠᠷᠠᠨ᠎ᠤ ᠵᠦᠭ᠎ᠲᠡᠭᠡᠨ ᠠᠭᠤᠯᠠ᠎ᠶᠢᠨ ᠲᠦᠰᠢᠭ ᠲᠠᠢ《 ᠭᠣᠪᠢ᠎ᠶᠢᠨ ᠭᠡᠷᠡᠯᠲᠦ ᠰᠤᠪᠤᠳ 》 — ᠪᠠᠶᠠᠨᠬᠣᠲᠠ— ᠪᠠᠬᠠᠷᠬᠠᠯᠲᠤ ᠬᠣᠲᠠ ᠶᠤᠮ ᠳᠠ᠃ ᠲᠡᠭᠡᠭᠡᠳ ᠠᠭᠤᠯᠠ ᠪᠢᠳᠡ ᠬᠣᠶᠠᠷ ᠰᠠᠯᠤᠰᠢ ᠦᠭᠡᠢ ᠪᠠᠷᠢᠯᠳᠤᠯᠭ᠎ᠠ ᠲᠠᠢ ᠪᠣᠯᠪᠠ᠃ ᠠᠯᠤᠰ ᠭᠠᠵᠠᠷ ᠶᠠᠪᠤᠭᠠᠳ ᠭᠡᠷ᠎ᠲᠡᠭᠡᠨ ᠢᠷᠡᠬᠦ ᠪᠦᠷᠢ ᠠᠯᠠᠱᠠ ᠠᠭᠤᠯᠠ᠎ᠶᠢᠨ᠎ᠢᠶᠡᠨ ᠪᠠᠷ᠎ᠠ᠎ᠶᠢ ᠠᠯᠤᠰ᠎ᠠᠴᠠ ᠬᠠᠷᠠᠬᠤ ᠲᠠᠢ ᠵᠡᠷᠭᠡ ᠠᠶᠠᠨ᠎ᠤ ᠶᠠᠳᠠᠷᠠᠭ᠎ᠠ ᠰᠡᠳᠬᠢᠯ᠎ᠦᠨ ᠴᠢᠯᠡᠭᠡ ᠵᠠᠮ᠎ᠤᠨ ᠭᠤᠲᠤᠰ ᠲᠤ᠌ ᠰᠤᠭᠤᠷᠠᠭᠠᠳ ᠤᠨᠠᠬᠤ ᠰᠢᠭ᠋ ᠪᠣᠯᠳᠠᠭ ᠰᠠᠨ᠃ ᠪᠠᠶᠠᠨᠬᠣᠲᠠ ᠵᠣᠨ᠎ᠳᠠᠭᠠᠨ ᠪᠣᠷᠣᠭ᠎ᠠ᠂ ᠡᠪᠦᠯ᠎ᠳᠡᠭᠡᠨ ᠴᠠᠰᠤ ᠲᠠᠰᠤᠷᠠᠳᠠᠭ ᠦᠭᠡᠢ ᠪᠠᠢᠭᠰᠠᠨ ᠨᠢ ᠰᠠᠶᠢᠬᠠᠨ ᠪᠢᠯᠡ᠃ ᠲᠡᠢᠮᠦ ᠪᠣᠯᠬᠣᠷ ᠪᠠᠶᠠᠨᠬᠣᠲᠠ᠎ᠶᠢᠨ ᠮᠠᠨᠢ ᠠᠭᠤᠷ ᠠᠮᠢᠰᠬᠤᠯ ᠵᠣᠨ᠎ᠳᠠᠭᠠᠨ ᠬᠠᠷᠢᠴᠠᠩᠭᠤᠢ ᠰᠡᠷᠢᠭᠦᠨ᠂ ᠡᠪᠦᠯ᠎ᠳᠡᠭᠡᠨ ᠨᠡᠯᠢᠶᠡᠳ ᠳᠤᠯᠠᠭᠠᠨ ᠪᠠᠢᠳᠠᠭ᠎ᠢᠶᠠᠷ᠎ᠢᠶᠠᠨ《 ᠬᠥᠮᠥᠰ᠎ᠦᠨ ᠠᠮᠢᠳᠤᠷᠠᠬᠤ ᠬᠠᠮᠤᠭ᠎ᠤᠨ ᠲᠠᠭᠠᠲᠠᠢ ᠭᠠᠵᠠᠷ᠎ᠤᠨ ᠨᠢᠭᠡ》 ᠬᠡᠮᠡᠨ ᠤᠯᠤᠰ ᠨᠡᠢᠲᠡ᠎ᠳᠦ ᠦᠨᠡᠯᠡᠭᠳᠡᠭᠰᠡᠨ ᠶᠤᠮ᠃ ᠡᠨᠡ ᠪᠣᠯ ᠠᠯᠠᠱᠠ ᠬᠠᠢᠷᠬᠠᠨ᠎ᠤ ᠯᠠ ᠪᠤᠶᠠᠨ ᠬᠡᠰᠢᠭ ᠰᠢᠦ ᠳᠡ᠃

《 ᠠᠭᠤᠯᠠ᠎ᠠᠴᠠ ᠰᠠᠢᠬᠠᠨ ᠶᠠᠭᠤᠮ᠎ᠠ ᠨᠢ ᠠᠭᠤᠯᠠ ᠯᠠ ᠪᠠᠢᠬᠤ᠎ᠠᠴᠠ ᠠᠷᠭ᠎ᠠ ᠦᠭᠡᠢ》 ᠃ ᠠᠪᠤ ᠡᠵᠢ᠎ᠡᠴᠡ ᠥᠭᠡᠷ᠎ᠡ ᠠᠴᠢᠲᠠᠢ ᠡᠨᠡᠷᠢᠩᠭᠦᠢ ᠬᠥᠮᠥᠨ ᠴᠥᠭᠡᠭᠡᠨ ᠲᠣᠬᠢᠶᠠᠯᠳᠤᠳᠠᠭ ᠰᠢᠭ᠋ ᠠᠯᠠᠱᠠ ᠠᠭᠤᠯᠠ᠎ᠠᠴᠠ ᠢᠯᠡᠭᠦᠦ ᠰᠦᠷᠯᠢᠭ ᠰᠠᠢᠬᠠᠨ ᠦᠵᠡᠮᠵᠢ ᠲᠡᠭᠦᠰ ᠠᠭᠤᠯᠠ ᠪᠠᠢᠬᠤ ᠦᠭᠡᠢ ᠰᠢᠭ ᠰᠠᠨᠠᠭᠳᠠᠳᠠᠭ᠎ᠢ ᠮᠢᠨᠢ ᠠᠭᠤᠴᠢᠯᠠᠭᠠᠷᠠᠢ ! ᠤᠴᠢᠷ ᠨᠢ ᠠᠯᠠᠱᠠ ᠠᠭᠤᠯᠠᠨ᠎ᠳᠠᠭᠠᠨ ᠶᠠᠭᠠᠭᠢᠬᠤ᠎ᠶᠢᠨ ᠠᠷᠭ᠎ᠠ ᠦᠭᠡᠢ ᠬᠠᠢᠷᠠᠲᠠᠢ ᠪᠣᠯᠬᠣᠷ ᠁

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠲᠤᠮᠳᠠᠳᠦ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ ᠎ᠤ ᠰᠦᠯᠵᠢᠶ᠎ᠡ
兼容浏览器的HTML页面