ᠲᠡᠷᠢᠭᠦᠨ ᠨᠢᠭᠤᠷ>ᠲᠠᠯ᠎ᠠ᠎ᠶ᠋ᠢᠨ ᠲᠤᠶᠠᠭ᠎ᠠ>ᠦᠩᠭᠡᠲᠦ ᠰᠣᠯᠣᠩᠭ᠎ᠠ

2026-11-11 11:19:45

ᠵᠣᠬᠢᠶᠠᠭ᠍ᠴᠢ᠄ ᠷᠢ᠊·ᠰᠡᠴᠡᠨᠳᠤ ᠣᠩᠱᠢᠭ᠍ᠰᠠᠨ ᠣᠳᠠᠭ᠎ᠠ᠄ 3

ᠨᠠᠩᠬᠢ ᠬᠠᠷ᠎ᠠ ᠰᠢᠷᠤᠢ᠎ᠪᠠᠨ ᠬᠠᠪᠤᠷ ᠨᠢ ᠤᠷᠪᠠᠭᠤᠯᠵᠤ ᠨᠢᠭᠡ ᠨᠢᠭᠡ ᠮᠦᠬᠦᠯᠢᠭ᠎ᠢᠶᠡᠷ ᠰᠠᠴᠤᠵᠤ  ᠰᠠᠭᠤᠯᠭᠠᠭᠰᠠᠨ ᠦᠷ᠎ᠡ ᠨᠢ ᠨᠠᠷᠠᠨ᠎ᠤ ᠬᠠᠯᠠᠭᠤᠨ ᠢᠯᠴᠢ᠂ ᠬᠤᠷ᠎ᠠ᠎ᠶᠢᠨ ᠦᠭ᠌ᠬᠢᠶᠠᠮᠤᠷ ᠰᠢᠮ᠎ᠡ᠎ᠪᠡᠷ ᠨᠡᠢᠳᠡᠮ ᠭᠠᠵᠠᠷ ᠲᠡᠯᠡᠬᠡᠢ᠎ᠪᠡᠨ ᠪᠦᠷᠬᠦᠨ ᠰᠤᠭᠰᠣᠯᠵᠠᠵᠤ᠂ ᠨᠢᠷᠤᠭᠤ ᠰᠠᠢᠳᠠᠢ ᠬᠤᠨᠢᠳ᠎ᠤᠨ ᠠᠮᠪᠠᠨ ᠵᠤ ᠲᠦᠷᠪᠡᠯᠵᠢᠯᠡᠨ᠂ ᠨᠤᠤᠰᠤ ᠦᠰᠤᠨ᠎ᠤ ᠬᠢᠨᠢ ᠦᠵᠤᠬᠦᠷ᠎ᠲᠤ ᠭᠡᠷᠡᠯ ᠲᠤᠶᠠᠭ᠎ᠠ ᠰᠤᠯᠤᠩᠭᠠᠷᠠᠵᠤ᠂ ᠨᠠᠭᠤᠷ ᠤᠰᠤᠨ᠎ᠤ ᠰᠢᠪᠠᠭᠤᠳ ᠲᠡᠭᠷᠢ᠎ᠶᠢᠨ ᠤᠷᠠᠨ ᠰᠤᠷᠮᠤᠤᠰᠤ ᠪᠤᠯᠵᠤ᠂ ᠨᠢᠳᠤᠨ᠎ᠡ ᠬᠦᠩᠬᠦᠷ ᠠᠭᠠᠷ ᠬᠦᠨᠵᠡᠭᠡᠢ ᠴᠡᠩᠬᠡᠭ ᠠᠮᠢᠰᠬᠤᠯᠯᠠᠭᠳᠠᠵᠤ ᠡᠬᠢᠯᠡᠬᠦ᠎ᠳᠤ ᠨᠤᠳᠤᠭ ᠨᠤᠳᠤᠭ᠎ᠤᠨ ᠵᠠᠢᠴᠢᠨ᠎ᠳᠤ ᠨᠠᠮᠤᠷ ᠪᠤᠯᠳᠠᠭ᠃

ᠨᠠᠮᠬᠠᠨ ᠬᠦᠬᠡ ᠠᠭᠤᠯᠠᠰ ᠤᠨᠢᠶᠠᠷ ᠲᠤᠨᠢᠶᠠᠷ᠎ᠢᠶᠠᠷ᠎ᠢᠶᠡᠨ ᠨᠡᠢᠯᠡᠵᠤ᠂ ᠨᠠᠷᠠᠰᠤ ᠮᠠᠢᠯᠠᠰᠤᠨ᠎ᠤ ᠮᠦᠴᠢᠷ ᠨᠢ ᠨᠠᠮᠠᠭ᠎ᠠ ᠨᠠᠮᠠᠭ᠎ᠠ᠎ᠪᠠᠷ᠎ᠢᠶᠠᠨ ᠱᠦᠷᠬᠦᠭᠡᠯᠴᠡᠬᠦ᠎ᠳᠦ ᠨᠢᠵᠢ ᠤᠯᠠᠢᠭᠰᠠᠨ ᠵᠢᠮᠢᠰ ᠮᠤᠢᠯ ᠨᠢ ᠨᠢᠭᠡ ᠡᠳᠤᠷ ᠲᠡᠰᠬᠦᠶ᠎ᠡ ᠪᠡᠷᠬᠡ ᠲᠠᠰᠤᠷᠠᠨ ᠤᠨᠠᠬᠤ᠎ᠳᠤ ᠨᠤᠢᠷ᠎ᠠᠴᠠ᠎ᠪᠠᠨ ᠰᠡᠷᠡᠭᠰᠡᠨ ᠮᠠᠵᠠᠭᠠᠯᠠᠢ᠎ᠶᠢᠨ ᠪᠠᠮᠪᠤᠷᠰᠢ ᠨᠢᠭᠤᠴᠠᠬᠠᠨ ᠡᠬᠦᠷ ᠨᠦᠬᠡ ᠤᠷᠤᠭᠤ᠎ᠪᠠᠨ ᠦᠭ᠌ᠶᠤᠭᠡ᠎ᠪᠠᠨ ᠲᠡᠪᠡᠷᠢᠵᠤ ᠵᠦᠭᠡᠭᠡᠬᠦ᠎ᠳᠦ ᠨᠢᠭᠡ ᠬᠤᠶᠠᠷ᠎ᠢᠶᠠᠷ ᠰᠤᠭᠤᠷᠠᠵᠤ ᠭᠡᠭᠡᠭᠳᠡᠭᠰᠡᠨ ᠵᠢᠮᠢᠰ᠎ᠢ ᠨᠢ ᠨᠤᠬᠠᠢ ᠬᠠᠷ᠎ᠠ ᠬᠦᠷᠤᠭᠡᠰᠤ᠂ ᠬᠦᠯ ᠲᠠᠪᠠᠭ᠎ᠢᠶᠠᠨ ᠤᠯᠬᠤ ᠦᠭᠡᠢ ᠬᠤᠪᠳᠤᠭᠯᠠᠨ ᠲᠤᠯᠢᠶᠠᠵᠤ ᠴᠦᠮᠤᠬᠦ᠎ᠳᠤ ᠨᠠᠮᠤᠷ ᠪᠤᠯᠳᠠᠬ᠃

ᠨᠡᠬᠦᠳᠡᠯ ᠠᠯᠤᠰ᠎ᠤᠨ ᠪᠠᠷ᠎ᠠ ᠬᠤᠯᠠ᠎ᠳᠠᠭᠠᠨ ᠨᠢᠭᠡ ᠴᠡᠩᠬᠡᠷᠳᠤᠨ᠂ ᠨᠠᠷᠠᠨ ᠴᠡᠴᠡᠭ᠎ᠦᠨ ᠲᠤᠭᠤᠷᠢᠭ᠋᠂ ᠲᠤᠭᠤᠷᠤᠤ᠎ᠶᠢᠨ ᠡᠯᠢᠭᠡ ᠰᠢᠭ ᠲᠤᠳᠤᠷ᠎ᠠ᠎ᠠᠴᠠ ᠪᠠᠨ ᠡᠬᠢᠯᠡᠨ ᠬᠠᠷᠠᠯᠠᠨ ᠦᠷᠡᠯᠡᠵᠤ᠂ ᠨᠢᠴᠤᠬᠦᠨ ᠰᠢᠷᠭᠠᠯ ᠮᠠᠩᠬ᠎ᠠ ᠬᠡᠯᠪᠡᠷᠢ᠎ᠪᠡᠨ ᠤᠯᠬᠤ ᠦᠭᠡᠢ ᠨᠤᠮᠤᠯᠵᠢᠨ ᠲᠤᠭᠤᠢᠷᠠᠨ ᠤᠷᠤᠢ ᠲᠤᠯᠤᠭᠠᠳ᠎ᠢᠶᠠᠨ ᠦᠪᠡᠷ᠎ᠢᠶᠡᠨ ᠡᠪᠳᠡᠵᠤ᠂ ᠤᠯᠠᠨ ᠰᠢᠷᠬᠡᠭ ᠡᠯᠡᠰᠤ ᠨᠢ ᠤᠷᠤᠨ᠎ᠢᠶᠠᠨ ᠪᠤᠷᠤᠭᠤᠯᠠᠵᠤ ᠰᠡᠮᠡᠭᠡᠷ ᠨᠡᠬᠦᠬᠦ᠎ᠳᠦ ᠨᠠᠮᠤᠷ ᠪᠤᠯᠳᠠᠭ᠃ ᠨᠢᠳᠤᠨᠤᠨ ᠤᠷᠵᠢᠨᠤᠨ᠎ᠤ ᠲᠤᠳᠠᠭᠤ ᠬᠠᠳᠤᠭᠰᠠᠨ ᠬᠠᠳᠤᠯᠠᠩ᠎ᠦᠨ ᠤᠷᠤᠮ᠂ ᠨᠢᠯᠬ᠎ᠠ ᠵᠢᠭᠠᠯ ᠤ᠋ᠨ ᠲᠠᠷᠯᠠᠭᠳᠠᠭᠰᠠᠨ ᠲᠤᠬᠤ ᠲᠤᠯᠤᠭᠠᠢ ᠰᠢᠬ ᠬᠦᠭ ᠲᠠᠢ ᠬᠠᠷᠠᠭᠳᠠᠵᠤ᠂ ᠨᠦᠬᠦᠳ᠎ᠦᠨ ᠲᠤᠬᠠᠢ ᠪᠠᠭ᠎ᠠ ᠨᠠᠰᠤᠨ᠎ᠤ ᠬᠢᠨᠢ ᠲᠤᠬᠠᠢ ᠢᠨᠢᠶᠡᠳᠤ ᠬᠠᠨᠢᠶᠠᠳᠤ ᠲᠠᠢ ᠱᠤᠭ ᠲᠤᠭᠯᠠᠭᠠᠮ ᠡᠬᠢᠯᠡᠨ ᠶᠠᠪᠤᠭᠳᠠᠵᠤ᠂ ᠰᠠᠶᠢᠬᠢ ᠲᠡᠷᠡ ᠵᠢᠯ ᠭᠡᠳ ᠦᠯᠢᠭᠡᠷ ᠲᠤᠮᠤᠭ ᠬᠠᠭᠤᠴᠢᠯᠠᠬᠤ᠎ᠳᠤ ᠨᠠᠮᠤᠷ ᠪᠤᠯᠳᠠᠭ᠃

ᠨᠠᠭᠠᠰᠢ᠎ᠪᠠᠨ ᠯᠡ ᠭᠡᠰᠡᠨ ᠤᠷᠢᠯᠭ᠎ᠠ  ᠪᠤᠯᠵᠤᠭ᠎ᠠ᠂ ᠨᠠᠢᠷ ᠬᠤᠷᠢᠮ᠂ ᠨᠠᠰᠤᠨ ᠪᠠᠶᠠᠷ᠎ᠤᠨ ᠨᠠᠭᠠᠳᠤᠮ ᠴᠡᠩᠭᠡᠬᠦᠨ ᠤᠷᠳᠤ᠎ᠶᠢᠨ ᠲᠠᠭᠤᠤ᠎ᠶᠢᠨ ᠡᠭᠡᠰᠢᠭ ᠨᠤᠭᠤᠯᠤᠭᠠᠨ ᠲᠡᠭᠡᠷ᠎ᠡ ᠡᠷᠴᠢᠮ ᠲᠠᠢ ᠰᠠᠢᠷᠬ᠎ᠠ ᠬᠠᠩᠬᠢᠨᠠᠵᠤ  ᠵᠢᠷᠭᠠᠬᠤ᠎ᠳᠤ ᠤᠷᠢᠳᠤ ᠡᠮᠤᠨ᠎ᠡ ᠪᠠᠢᠭ᠎ᠠ ᠦᠭᠡᠢ ᠦᠨᠤ ᠯᠡ ᠰᠠᠶᠢ ᠡᠢᠮᠤ ᠨᠠᠢᠷ ᠨᠠᠭᠠᠳᠤᠮ ᠪᠤᠯᠵᠤ ᠪᠠᠢᠭ᠎ᠠ ᠮᠡᠳᠤ ᠬᠡᠳᠤᠨ ᠬᠤᠨᠳᠠᠭ᠎ᠠ ᠠᠷᠢᠬᠢᠨ᠎ᠤ ᠢᠳᠡᠨ᠎ᠳᠦ ᠬᠠᠯᠠᠮᠴᠠᠭᠤᠬᠠᠨ ᠮᠤᠷᠳᠠᠭᠰᠠᠨ ᠨᠢᠭᠡᠨ ᠡᠷ᠎ᠡ᠎ᠳᠦ ᠬᠡᠭᠡᠷ᠎ᠡ ᠲᠠᠯ᠎ᠠ ᠰᠢᠯᠢ ᠨᠢ ᠵᠠᠬ᠎ᠠ᠎ᠠᠴᠠ᠎ᠪᠠᠨ ᠡᠷᠢᠶᠡᠯᠵᠡᠵᠤ ᠢᠷᠡᠬᠦ᠎ᠳᠦ ᠨᠠᠮᠤᠷ ᠪᠤᠯᠳᠠᠭ᠃ ᠬᠡᠮᠵᠢᠶ᠎ᠡ ᠬᠢᠵᠠᠭᠠᠷ ᠦᠭᠡᠢ ᠶᠡᠬᠡ ᠲᠠᠯ᠎ᠠ᠎ᠶᠢᠨ ᠲᠤᠮᠳᠠ ᠵᠡᠭᠡᠷ᠎ᠡ᠎ᠶᠢᠨ ᠰᠦᠷᠦᠭ ᠡᠪᠡᠰᠤᠨ᠎ᠤ ᠦᠵᠤᠬᠦᠷ᠎ᠲᠤ ᠬᠤᠢᠯᠠᠷᠠᠭᠰᠠᠨ ᠬᠠᠭᠤᠷᠠᠢ ᠲᠦᠯᠤ ᠰᠢᠭ ᠰᠢᠷᠭᠠᠯᠳᠤᠨ ᠬᠦᠷᠢᠶᠡᠯᠡᠬᠦ ᠎ᠳᠤ ᠬᠡᠨ ᠴᠤ᠌ ᠠᠩᠵᠠᠭᠠᠷᠠᠯ ᠦᠭᠡᠢ ᠨᠠᠮ ᠰᠡᠯᠡᠬᠦᠨ ᠡᠳᠤᠷ᠎ᠤᠨ ᠭᠡᠷᠡᠯ ᠲᠤᠶᠠᠭ᠎ᠠ ᠭᠢᠯᠪᠠᠭᠤᠯᠵᠤ ᠬᠠᠷᠢᠶᠠᠴᠠᠢ ᠠᠳᠤᠭᠤᠨ ᠤᠷᠢᠳᠤᠭᠤᠷ ᠰᠠᠮᠨᠠᠵᠤ ᠤᠳᠬᠤ᠎ᠳᠤ ᠨᠠᠮᠤᠷ ᠪᠤᠯᠳᠠᠭ᠃ ᠬᠠᠳᠤᠯᠠᠩ ᠡᠪᠡᠰᠤᠨ᠎ᠳᠤ ᠭᠠᠷᠤᠭᠰᠠᠨ ᠠᠪᠤ ᠠᠬᠠᠮᠠᠳ ᠨᠢ ᠦᠭᠡᠢ ᠬᠤᠢᠭᠤᠷ᠂ ᠬᠠᠶᠠᠭ᠎ᠠ ᠲᠤᠭᠤᠷᠭᠠᠨ ᠵᠠᠢ ᠠ᠋ᠴᠠ ᠨᠢ ᠦᠯᠦᠩ ᠲᠤᠭᠤᠰᠤ ᠦᠨᠤᠷᠳᠤᠵᠤ᠂ ᠬᠡᠷᠰᠡᠤ ᠲᠤᠮᠤᠭ᠎ᠠ ᠲᠠᠢ ᠡᠭᠡᠴᠢ ᠎ᠶᠢᠨ᠎ᠢᠶᠡᠨ ᠦᠭᠡ ᠲᠤᠳᠤᠮᠳᠠᠯᠭ᠎ᠠ᠎ᠳᠦ ᠤᠷᠤᠯ ᠦᠭᠡᠢ ᠬᠡᠳᠤᠨ ᠲᠡᠬᠦᠤ ᠨᠠᠷ ᠨᠢ ᠡᠳᠤᠷᠵᠢᠨ ᠭᠡᠷ ᠲᠦᠭᠡᠷᠭᠡᠨᠳᠡᠨ  ᠪᠡᠷᠬᠢᠷᠡᠯᠴᠡᠵᠤ᠂  ᠬᠡᠷᠬᠢᠨ ᠶᠠᠭᠠᠬᠢᠵᠤ ᠦᠳᠡᠯᠡᠨ᠎ᠡ  ᠭᠡᠬᠦ᠎ᠡᠴᠡ ᠬᠠᠨ᠎ᠠ ᠤᠨᠢ᠎ᠪᠠᠨ ᠬᠤᠭᠤᠯᠵᠤ ᠢᠳᠡᠮᠡᠷ ᠠᠭᠠᠰᠢᠯᠠᠬᠤ᠎ᠳᠤ ᠬᠠᠳᠠᠭᠰᠠᠨ ᠪᠤᠷᠴᠠᠨ᠎ᠤ ᠦᠵᠤᠬᠦᠷ᠎ᠠᠴᠠ ᠡᠭᠡᠴᠢ ᠨᠢ ᠵᠢᠭᠠᠬᠠᠨ ᠲᠠᠰᠤᠳᠠᠵᠤ ᠦᠭᠬᠦᠭᠡᠳ᠂ ᠬᠠᠯᠠᠭᠤᠨ ᠰᠠᠪᠠ ᠲᠠᠢ ᠴᠠᠢ ᠠᠷᠤ᠎ᠠᠴᠠ ᠨᠢ ᠲᠠᠷᠤᠭᠤᠯᠵᠤ ᠤᠤᠭᠤᠯᠭᠠᠬᠤ᠎ᠳᠤ ᠬᠢᠮᠰᠠᠭᠠᠷ ᠪᠤᠷᠤ ᠭᠡᠳᠡᠰᠤ ᠨᠢ ᠨᠠᠭᠠᠰᠢᠯᠠᠭᠰᠠᠨ ᠵᠢᠭᠠᠯ᠎ᠤᠳ ᠬᠤᠢᠨ᠎ᠠ ᠬᠤᠢᠨ᠎ᠠ᠎ᠠᠴᠠ᠎ᠪᠠᠨ ᠰᠠᠪᠠᠵᠤ ᠤᠨᠠᠭᠠᠳ ᠨᠤᠢᠷᠰᠤᠬᠤ᠎ᠳᠤ ᠨᠠᠮᠤᠷ ᠪᠤᠯᠳᠠᠭ᠃

ᠬᠤᠢᠳᠤ ᠤᠷᠢᠳᠤ ᠬᠠᠩᠭᠠᠢ ᠬᠦᠪᠴᠢ᠎ᠳᠦ ᠪᠤᠭᠤ᠎ᠶᠢᠨ ᠤᠷᠤᠮᠳᠠᠭ᠎ᠠ ᠬᠠᠩᠭᠢᠨᠠᠨ ᠲᠠᠭᠤᠷᠢᠰᠴᠤ᠂ ᠬᠤᠯᠠ ᠶᠠᠪᠤᠭᠰᠠᠨ ᠬᠦᠮᠤᠨ ᠬᠤᠢᠳᠤᠨ ᠨᠢ ᠪᠤᠯᠤᠯ᠎ᠠ ᠰᠢᠤ ᠭᠡᠵᠤ ᠴᠠᠭ ᠬᠤᠭᠤᠴᠠᠭᠠᠨ᠎ᠤ ᠬᠤᠷᠳᠤᠨ᠎ᠳᠤ ᠰᠠᠨᠠᠭ᠎ᠠ ᠠᠯᠳᠠᠵᠤ᠂ ᠬᠠᠢᠰᠤ ᠲᠤᠭᠤᠭ᠎ᠠ ᠢᠷᠤᠭᠠᠷ᠎ᠠᠴᠠ᠎ᠪᠠᠨ ᠢᠮᠠᠭᠠᠳᠠᠵᠤ᠂ ᠬᠠᠭᠠᠯᠭ᠎ᠠ ᠡᠬᠦᠳᠡ ᠰᠠᠪᠠᠴᠢᠨ ᠰᠠᠯᠬᠢ ᠰᠢᠷᠤᠬᠦᠰᠴᠤ᠂ ᠬᠠᠮᠬᠤᠤᠯ ᠡᠪᠡᠰᠤ ᠭᠠᠳᠠᠭᠤᠷ ᠰᠡᠭᠰᠡᠭᠡᠨᠡᠨ ᠬᠦᠶᠤᠯᠳᠤᠵᠤ᠂ ᠠᠯᠤᠰ᠎ᠤᠨ ᠪᠡᠷ᠎ᠡ᠎ᠳᠦ ᠠᠭᠤᠯᠠᠰ ᠰᠡᠵᠢᠬᠦᠷ᠎ᠡᠴᠡ᠎ᠪᠡᠨ ᠨᠠᠢᠭᠤᠵᠤ᠂ ᠬᠦᠳᠡᠭᠡ ᠭᠠᠵᠠᠷ᠎ᠤᠨ ᠠᠭᠤᠵᠢᠮ ᠲᠡᠨᠢᠬᠦᠬᠡᠨ ᠠᠶᠠᠨᠴᠢ ᠰᠡᠳᠬᠢᠯ ᠬᠡᠢᠷᠭᠡᠯ᠎ᠳᠦ ᠲᠤᠪᠤ ᠲᠤᠯᠤᠭᠠᠳ᠎ᠠᠴᠠ᠎ᠪᠠᠨ ᠡᠬᠢᠯᠡᠨ ᠦᠨᠳᠡᠯᠵᠡᠨ ᠬᠦᠭᠰᠡᠬᠦ᠎ᠳᠦ ᠰᠠᠭᠤᠳᠠᠯ ᠠᠯᠳᠠᠨ  ᠨᠠᠮᠤᠷ  ᠪᠤᠯᠳᠠᠭ᠃

ᠬᠤᠶᠠᠷ ᠨᠠᠷᠠᠨ᠎ᠤ ᠬᠤᠭᠤᠷᠤᠨᠳᠤ ᠬᠤᠷᠸ᠎ᠠ ᠶ᠋ᠢ ᠪᠦᠳᠤᠨ ᠪᠠᠭᠳᠠᠭᠠᠨ ᠡᠷᠬᠢᠬᠦ ᠭᠡᠵᠤ ᠬᠤᠳᠠᠯᠠ᠎ᠪᠠᠷ᠎ᠢᠶᠠᠨ ᠶᠠᠭᠠᠷᠠᠨ ᠲᠠᠪᠬᠢᠯᠳᠤᠨ᠎ᠡ᠃ ᠬᠤᠨᠢ ᠬᠤᠷᠠᠭ᠎ᠠ᠎ᠶᠢᠨ ᠦᠨ᠎ᠡ ᠬᠠᠩᠰᠢ᠂ ᠬᠠᠳᠤᠯᠠᠩ ᠡᠪᠡᠰᠤᠨ᠎ᠤ ᠬᠤᠮᠰᠡ ᠲᠤᠳᠠᠭᠳᠠᠯ᠎ᠳᠤ ᠤᠷᠤᠵᠤ ᠬᠠᠮᠢᠭ᠎ᠠ ᠰᠠᠢ ᠦᠭᠡᠢ ᠤᠢᠮᠡᠯᠳᠤᠨ᠎ᠡ᠃ ᠬᠤᠷᠰᠢᠶᠡᠵᠢᠯ᠂ ᠭᠡᠷ ᠪᠦᠯᠢ᠎ᠶᠢᠨ ᠮᠠᠯᠵᠢᠯ᠎ᠤᠨ ᠲᠠᠯᠠᠪᠠᠢ᠎ᠶᠢᠨ ᠡᠵᠡᠳ᠂ ᠬᠤᠶᠠᠷ ᠵᠢᠷᠢᠮ᠎ᠢᠶᠡᠷ ᠪᠤᠷᠳᠤᠭ᠎ᠠ ᠲᠡᠵᠢᠭᠡᠯ ᠬᠠᠢᠵᠤ᠂ ᠪᠠᠢᠨ ᠪᠠᠢᠨ ᠸᠢᠴᠠᠲ ᠵᠢᠷᠬᠢᠶ᠎ᠡ ᠭᠡᠳ ᠮᠣᠩᠭᠠᠨᠢᠨ᠎ᠠ᠃ ᠪᠠᠢᠰᠬᠢᠨ ᠪᠠᠢᠰᠬᠢᠨ ᠲᠤᠤᠷ ᠰᠦᠯᠵᠢᠶ᠎ᠡ᠎ᠪᠡᠷ ᠭᠠᠷᠴᠤ  ᠲᠡᠵᠢᠭᠡᠯ ᠪᠤᠷᠳᠤᠭ᠎ᠠ ᠠᠰᠠᠭᠤᠨ᠎ᠠ᠃ ᠬᠤᠰᠢᠭᠤ ᠵᠠᠰᠠᠭ ᠲᠦᠷᠤ᠎ᠠᠴᠠ ᠬᠤᠷᠠᠯ ᠴᠤᠭᠯᠠᠭᠠᠨ ᠬᠢᠵᠤ ᠪᠤᠳᠠᠳᠠᠢ᠎ᠳᠤ ᠬᠦᠨᠵᠡᠭᠡᠢᠷᠡᠨ ᠲᠤᠭᠳᠠᠭᠠᠯ ᠰᠢᠢᠳᠪᠤᠷᠢ ᠭᠠᠷᠭᠠᠪᠠᠯ ᠲᠠᠭᠠᠷᠠᠨ᠎ᠠ ᠭᠡᠵᠤ ᠵᠠᠷᠢᠮ ᠨᠢ ᠬᠡᠯᠡᠨ᠎ᠡ᠃ ᠬᠤᠪᠢ ᠬᠤᠪᠢ᠎ᠪᠠᠷ ᠪᠤᠯᠤᠭᠰᠠᠨ ᠴᠠᠭ᠎ᠲᠤ ᠬᠤᠷᠠᠯ ᠴᠤᠭᠯᠠᠭᠠᠨ ᠬᠢᠭᠡᠳ ᠲᠡᠢᠮᠤ ᠠᠷᠪᠢᠨ ᠵᠠᠷᠤᠳᠠᠯ ᠮᠦᠩᠬᠦ  ᠶ᠋ᠢ ᠴᠢᠨᠢ ᠬᠡᠨ ᠭᠠᠷᠭᠠᠵᠤ ᠦᠭᠬᠦᠨ᠎ᠡ᠃ ᠬᠡᠳᠤ ᠬᠤᠨᠤᠬᠤ ᠦᠭᠡᠢ ᠬᠡᠳᠤᠨ ᠪᠠᠩᠬᠢᠨ᠎ᠤ ᠵᠢᠭᠡᠯᠡᠯᠭᠡ ᠶ᠋ᠢ ᠤᠷᠤᠭᠤᠯᠵᠤ ᠭᠠᠷᠭᠠᠬᠤ ᠪᠤᠯᠤᠯ᠎ᠡ᠂ ᠤᠳᠤ ᠲᠡᠷᠡ  ᠮᠦᠩᠬᠦ ᠶ᠋ᠢ ᠬᠠᠮᠢᠭ᠎ᠠ᠎ᠠᠴᠠ ᠤᠯᠤᠨ᠎ᠠ᠂ ᠬᠡᠳᠤᠬᠡᠨ ᠬᠤᠨᠤᠭ ᠪᠠᠢᠨ᠎ᠠ ᠰᠢᠤ᠂ ᠬᠤᠭᠤᠴᠠᠭ᠎ᠠ ᠨᠢ ᠲᠤᠯᠤᠭᠠᠳ ᠢᠷᠡᠯ᠎ᠡ ᠭᠡᠵᠤ ᠬᠤᠸᠠᠩᠯᠢ᠎ᠶᠢᠨ ᠬᠠᠭᠤᠳᠠᠰᠤ ᠵᠢ ᠬᠤᠷᠤᠭᠤ ᠴᠡᠴᠡᠷᠡᠬᠦᠯᠵᠤ ᠰᠠᠨᠠᠭ᠎ᠠ ᠵᠤᠪᠠᠨ ᠡᠷᠬᠢᠬᠦᠯᠦᠭᠰᠡᠨ ᠮᠢᠨᠦ᠋ᠲ ᠰᠸᠺᠦ᠋ᠨ᠋ᠳ᠋᠎ᠤᠨ ᠲᠤᠭᠠᠯᠠᠩ ᠴᠤᠬᠢᠯᠠᠭᠰᠠᠨ ᠡᠳᠤᠷ ᠪᠤᠯᠬᠤ᠎ᠳᠤ ᠨᠠᠮᠤᠷ ᠪᠤᠯᠳᠠᠭ᠃

ᠬᠠᠯᠠᠵᠤ ᠬᠠᠯᠠᠭᠳᠠᠬᠤ᠂ ᠬᠠᠢᠷ᠎ᠠ ᠨᠠᠢᠷ ᠦᠭᠡᠢ ᠬᠦᠮᠤᠨ᠎ᠤ ᠠᠮᠢᠳᠤᠷᠠᠯ᠎ᠤᠨ ᠡᠭᠡᠯᠵᠢ ᠤᠯᠠᠷᠢᠭᠠᠨ ᠳ᠋ᠤ᠌ ᠨᠠᠮᠤᠷ ᠪᠤᠯᠳᠠᠭ᠃ ᠬᠡᠯᠡᠭᠰᠡᠨ ᠶᠠᠷᠢᠭ᠍ᠰᠠᠨ᠎ᠳᠠᠭᠠᠨ ᠬᠦᠷᠤᠯ ᠦᠭᠡᠢ ᠬᠡᠨ ᠨᠢᠭᠡ ᠨᠢ ᠢᠳᠡᠭᠡᠯ ᠠᠯᠳᠠᠬᠤ᠎ᠳᠤ ᠬᠡᠴᠢᠨᠡᠬᠡᠨ ᠰᠡᠳᠬᠢᠯ ᠪᠤᠳᠤᠯ᠎ᠢᠶᠠᠷ᠎ᠢᠶᠠᠨ ᠤᠨᠠᠵᠤ᠂ ᠬᠡᠮᠵᠢᠶ᠎ᠡ ᠬᠢᠵᠠᠭᠠᠷ ᠦᠭᠡᠢ ᠭᠤᠮᠤᠳᠠᠬᠤ᠎ᠳᠤ  ᠨᠠᠮᠤᠷ ᠪᠤᠯᠳᠠᠭ᠃ ᠬᠡᠳᠤᠨ ᠵᠢᠯ᠎ᠢᠶᠡᠷ ᠠᠯᠠᠭ᠎ᠠ ᠪᠤᠯᠤᠭᠰᠠᠨ ᠤᠨᠠᠭᠠᠨ ᠠᠳᠤᠭᠤ ᠨᠢ ᠰᠦᠷᠦᠭ᠎ᠲᠠᠭᠠᠨ ᠢᠷᠡᠬᠦ᠎ᠳᠦ ᠨᠠᠮᠤᠷ  ᠪᠤᠯᠳᠠᠭ᠃ ᠬᠡᠯᠡᠭᠡᠢ ᠴᠠᠭᠠᠨ ᠪᠠᠬᠪᠠᠭᠠᠢ ᠴᠡᠴᠡᠭᠡᠰ ᠬᠡᠭᠡᠷ᠎ᠡ᠎ᠶᠢᠨ ᠰᠠᠯᠬᠢᠨ᠎ᠳᠤ ᠶᠠᠮᠠᠷ ᠴᠤ᠌ ᠵᠤᠷᠢᠯᠭ᠎ᠠ ᠦᠭᠡᠢ ᠵᠠᠮᠬᠠᠷᠠᠨ ᠵᠠᠳᠠᠷᠠᠬᠤ᠎ᠳᠤ ᠬᠡᠵᠢᠶᠡᠨ᠎ᠤ ᠮᠠᠷᠳᠠᠭᠰᠠᠨ ᠨᠢᠭᠡ ᠶᠠᠪᠤᠳᠠᠯ᠎ᠢᠶᠠᠨ ᠰᠠᠨᠠᠵᠤ ᠤᠯᠬᠤ᠎ᠳᠤ ᠨᠠᠮᠤᠷ ᠪᠤᠯᠳᠠᠭ᠃ ᠬᠦᠰᠢᠭᠰᠡᠨ ᠦᠷᠤᠮ᠎ᠠ ᠰᠢᠷᠭᠠᠯᠳᠤᠨ ᠴᠤᠬᠤᠷᠯᠠᠨ ᠰᠠᠭᠤᠵᠤ᠂ ᠬᠦᠬᠡ ᠯᠤᠩᠬᠤᠨ ᠲᠤᠭᠤᠷᠤᠤ ᠲᠤᠭᠤᠨᠤ ᠠᠷᠯᠠᠨ ᠭᠠᠷ ᠭᠤᠷ ᠲᠤᠤᠭᠠᠷᠠᠯᠴᠠᠬᠤ᠎ᠳᠤ ᠨᠠᠮᠤᠷ ᠪᠤᠯᠳᠠᠭ᠃

ᠨᠠᠮᠤᠷ ᠪᠤᠯᠳᠠᠭ᠎ᠢᠶᠠᠷ᠎ᠢᠶᠠᠨ ᠪᠤᠯᠬᠤ᠎ᠳᠦ ᠨᠠᠰᠤ ᠨᠠᠷᠠ ᠮᠢᠨᠢ ᠡᠷᠭᠢᠨ᠎ᠡ᠂ ᠨᠠᠪᠴᠢ ᠴᠡᠴᠡᠭᠡᠰ ᠰᠢᠷᠡᠯᠡᠨ᠎ᠡ᠃

ᠨᠠᠮᠤᠷ ᠪᠤᠯᠳᠠᠭ᠎ᠢᠶᠠᠷ᠎ᠢᠶᠠᠨ ᠪᠤᠯᠬᠤ᠎ᠳᠤ ᠨᠠᠭᠠᠳᠤ ᠤᠷᠴᠢᠯᠠᠩ ᠮᠢᠩᠭᠠᠨ ᠪᠤᠳᠤᠯ ᠰᠢᠬ ᠨᠠᠭᠤᠷ ᠤᠰᠤ ᠲᠠᠢ᠎ᠪᠠᠨ ᠵᠠᠢᠷᠳᠣᠨ ᠵᠠᠢᠷᠮᠠᠭᠯᠠᠨ᠎ᠠ᠃

ᠨᠠᠮᠤᠷ ᠪᠤᠯᠳᠠᠭ᠎ᠢᠶᠠᠷ᠎ᠢᠶᠠᠨ ᠯᠡ ᠪᠤᠯᠤᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤᠨ ᠮᠣᠩᠭᠣᠯ ᠬᠡᠯᠡᠨ᠎ᠦ ᠰᠣᠨᠢᠨ ᠮᠡᠳᠡᠭᠡ᠎ᠶᠢᠨ ᠰᠦᠯᠵᠢᠶ᠎ᠡ
兼容浏览器的HTML页面