ᠲᠡᠷᠢᠭᠦᠨ ᠨᠢᠭᠤᠷ>ᠲᠠᠯ᠎ᠠ᠎ᠶ᠋ᠢᠨ ᠲᠤᠶᠠᠭ᠎ᠠ>ᠦᠩᠭᠡᠲᠦ ᠰᠣᠯᠣᠩᠭ᠎ᠠ

2026-11-18 11:37:37

ᠵᠣᠬᠢᠶᠠᠭ᠍ᠴᠢ᠄ ᠸᠠᠩ ᠰᠢᠶᠣᠣ ᠮᠢᠩ ᠣᠩᠱᠢᠭ᠍ᠰᠠᠨ ᠣᠳᠠᠭ᠎ᠠ᠄ 3

ᠬᠦᠮᠦᠨ᠎ᠤ ᠦᠨᠦᠷ ᠦᠭᠡᠢ ᠭᠡᠵᠦ ᠦᠯᠢᠳᠭᠡᠵᠦ ᠬᠡᠯᠡᠪᠡᠯ ᠶᠠᠬ ᠴᠠᠭᠠᠰᠣᠨ ᠴᠡᠴᠡᠭ ᠮᠡᠳᠦ᠃ ᠴᠠᠭᠠᠰᠣᠨ ᠴᠡᠴᠡᠭ᠎ᠢ ᠣᠯᠠᠨ ᠶᠠᠩᠵᠦ ᠪᠡᠷ ᠣᠷᠠᠯᠠᠵᠦ ᠬᠠᠢᠴᠢᠯᠠᠵᠦ᠂ ᠦᠵᠡᠮᠦᠷᠢ ᠪᠣᠯᠭᠠᠨ ᠲᠠᠯᠪᠢᠵᠦ ᠪᠣᠯᠣᠨ᠎ᠠ᠃ ᠭᠡᠪᠡᠴᠦ ᠲᠡᠷᠡ ᠨᠢ ᠵᠦᠪᠬᠡᠨ ᠦᠩᠭᠡ ᠪᠣᠲᠣᠬ ᠢᠯᠭᠠᠷᠠᠬᠰᠠᠨ ᠦᠵᠡᠮᠦᠷᠢ ᠲᠡᠳᠦᠢ ᠪᠠᠢᠵᠦ᠂ ᠦᠵᠡᠬᠦ ᠳ᠋ᠦ ᠰᠠᠢᠬᠠᠨ ᠪᠣᠯᠪᠠᠴᠣ ᠦᠨᠦᠷ ᠠᠩᠬᠢᠯᠲᠠᠬ ᠦᠭᠡᠢ ᠲᠣᠯᠠ ᠠᠯᠠᠬ ᠡᠷᠪᠡᠬᠡᠢ ᠪᠣᠯᠣᠨ ᠠᠵᠢᠯᠴᠢ ᠵᠦᠭᠡᠢ᠎ᠶᠢ ᠲᠠᠲᠠᠵᠦ ᠴᠢᠲᠠᠬᠣ ᠦᠭᠡᠢ ᠪᠢᠯᠡ᠃


ᠠᠮᠢᠲᠣᠷᠠᠯ᠎ᠤᠨ ᠦᠨᠦᠷ ᠠᠮᠲᠠ ᠭᠡᠵᠦ ᠣᠯᠠᠨ ᠬᠦᠮᠦᠨ᠎ᠤ ᠶᠠᠷᠢᠬᠣ᠎ᠶᠢ ᠰᠣᠨᠣᠰᠴᠦ ᠦᠩᠭᠡᠷᠡᠭᠰᠡᠨ ᠳ᠋ᠠ᠃ ᠬᠠᠷᠢᠨ ᠠᠦᠢ᠍ᠲ᠋ᠣᠢ᠍ᠪᠣᠰ ᠲᠦ᠍ ᠪᠣᠯ ᠰᠣᠨᠣᠰᠣᠬᠰᠠᠨ ᠡᠴᠡ ᠨᠡᠩ ᠢᠯᠡᠬᠦᠦ ᠰᠢᠭᠣᠳ ᠲᠣᠲᠣᠷᠬᠠᠢ ᠮᠡᠳᠡᠷᠡᠬᠦ ᠶᠣᠮ᠃ ᠦᠩᠭᠡᠭᠲᠡᠭᠰᠡᠨ ᠴᠠᠭᠠᠰᠣ ᠰᠢᠬ ᠣᠯᠠᠨ ᠬᠦᠮᠦᠨ᠎ᠤ ᠲᠣᠮᠲᠠ ᠰᠢᠬᠠᠯᠲᠣᠨ ᠶᠠᠪᠣᠬᠣ ᠳ᠋ᠦ ᠡᠯᠲᠡᠪ ᠶᠠᠩᠵᠦ᠎ᠶᠢᠨ ᠦᠨᠦᠷ ᠠᠭᠠᠷ ᠲᠦ᠍ ᠬᠣᠯᠢᠯᠲᠣᠨ ᠰᠡᠩᠬᠢᠨᠠᠵᠦ ᠠᠷᠭ᠎ᠠ ᠠᠯᠲᠠᠷᠠᠭᠣᠯᠣᠨ᠎ᠠ᠃ ᠬᠦᠯᠦᠰᠦᠨ᠎ᠤ ᠦᠨᠦᠷ᠂ ᠲᠠᠮᠠᠬᠢᠨ᠎ᠤ ᠦᠨᠦᠷ᠂ ᠠᠷᠢᠬᠢᠨ᠎ᠤ ᠦᠨᠦᠷ᠂ ᠰᠦᠷᠴᠢᠭ᠎ᠤᠨ ᠦᠨᠦᠷ᠂ ᠣ ᠡᠩᠭᠡᠰᠭᠡ᠎ᠶᠢᠨ ᠦᠨᠦᠷ᠂ ᠡᠷᠳᠡ᠎ᠶᠢᠨ ᠵᠠᠬ᠎ᠠ ᠡᠴᠡ ᠡᠳᠦᠷ᠎ᠤᠨ ᠬᠡᠷᠡᠭᠯᠡᠬᠦ ᠨᠣᠭᠣᠭ᠎ᠠ ᠵᠠᠭᠣᠰᠢ ᠪᠠᠨ ᠬᠣᠷᠮᠣᠢᠯᠠᠭᠠᠳ ᠠᠮᠵᠢᠯᠲᠠ ᠲᠦᠬᠦᠷᠡᠩ ᠪᠣᠴᠠᠬᠣ ᠡᠪᠦᠭᠡᠳ ᠬᠦᠭᠰᠢᠳ᠎ᠤᠨ ᠰᠠᠬᠰᠣᠨ ᠳ᠋ᠡᠬᠢ ᠰᠣᠩᠬᠢᠨ᠎ᠠ᠂ ᠰᠠᠷᠢᠮᠰᠠᠬ᠂ ᠭᠣᠭᠣᠳ᠎ᠤᠨ ᠦᠨᠦᠷ ᠨᠡᠢᠯᠡᠭᠡᠳ ᠬᠠᠮᠠᠷ ᠴᠣᠷᠬᠢᠨ ᠬᠠᠩᠬᠣᠯᠣᠨ᠎ᠠ᠃ ᠲᠡᠢᠮᠦ ᠭᠡᠨᠡᠮ᠂ ᠠᠮᠢᠲᠣᠷᠠᠯ ᠲᠡᠩᠲᠡ ᠠᠲᠠᠯᠢ ᠪᠣᠰᠣ᠎ᠶᠢᠨ ᠦᠩᠭᠡ ᠦᠨᠦᠷ ᠶ᠋ᠢᠡᠷ ᠠᠩᠬᠢᠯᠣᠨ ᠲᠡᠯᠭᠡᠷᠡᠵᠦ ᠪᠠᠢᠲᠠᠬ ᠠᠵᠢ᠃

ᠪᠠᠢᠭᠠᠯᠢ ᠲᠡᠯᠡᠬᠡᠢ᠎ᠶᠢᠨ ᠪᠦᠬᠦ ᠶᠠᠭᠣᠮ᠎ᠠ ᠦᠨᠦᠷ ᠲᠠᠢ ᠭᠡᠵᠦ ᠪᠢ ᠲᠦᠰᠦᠭᠡᠯᠡᠲᠡᠭ᠃ ᠲᠡᠳᠡ ᠦᠩᠭᠡ ᠵᠢᠰᠦ᠂ ᠠᠶᠠᠯᠭᠣ ᠡᠭᠡᠰᠢᠭ ᠶ᠋ᠢᠡᠷ ᠶ᠋ᠢᠡᠨ ᠦᠵᠡᠭᠲᠡᠵᠦ᠂ ᠰᠣᠨᠣᠰᠣᠬᠲᠠᠬᠣ ᠲᠡᠳᠦᠢ ᠦᠭᠡᠢ ᠪᠠᠰᠠ ᠦᠨᠦᠷ ᠠᠮᠲᠠ ᠪᠡᠷ ᠶ᠋ᠢᠡᠨ ᠦᠪᠡᠷ᠎ᠢ ᠪᠠᠨ ᠮᠡᠳᠡᠷᠡᠬᠦᠯᠵᠦ ᠪᠠᠢᠲᠠᠬ᠃ ᠨᠠᠰᠣ ᠪᠡᠷ ᠶ᠋ᠢᠡᠨ ᠨᠠᠷᠠᠨ᠎ᠤ ᠲᠣᠣᠷ᠎ᠠ ᠶᠠᠪᠣᠬᠰᠠᠨ ᠮᠠᠯᠴᠢᠨ ᠡᠴᠡ ᠬᠡᠭᠡᠷ᠎ᠡ᠎ᠶᠢᠨ ᠰᠠᠯᠬᠢᠨ᠎ᠤ ᠦᠨᠦᠷ ᠰᠡᠩᠬᠢᠨᠡᠲᠡᠭ ᠶᠣᠮ ᠪᠣᠯ ᠬᠢᠴᠢᠶᠡᠯ ᠨᠣᠮ ᠳ᠋ᠦ ᠰᠢᠮᠲᠠᠬᠰᠠᠨ ᠰᠣᠷᠣᠬᠴᠢᠳ ᠡᠴᠡ ᠪᠢᠷ ᠪᠡᠬᠡᠰ᠎ᠤᠨ ᠦᠨᠦᠷ ᠬᠠᠩᠬᠣᠯᠲᠠᠬ᠃ ᠢᠩᠬᠢᠬᠦ ᠳ᠋ᠡᠭᠡᠨ ᠪᠢᠳᠡᠨ᠎ᠤ ᠬᠣᠪᠢ ᠳ᠋ᠦ ᠪᠦᠬᠦᠢᠯᠡ ᠵᠦᠢᠯᠡᠰ᠎ᠢ ᠢᠯᠭᠠᠨ ᠰᠢᠨᠵᠢᠬᠦ ᠴᠢᠬᠣᠯᠠ ᠵᠦᠢᠯ ᠪᠣᠯ ᠦᠨᠦᠷ ᠶᠣᠮ᠃ ᠬᠠᠶᠠ ᠵᠠᠷᠢᠮ ᠳ᠋ᠠᠭᠠᠨ ᠪᠢᠳᠡ ᠦᠨᠦᠷ᠎ᠢ ᠨᠢ ᠣᠮᠲᠣᠭᠠᠢᠯᠠᠵᠦ ᠦᠯᠦ ᠠᠩᠵᠠᠭᠠᠷᠠᠨ ᠦᠩᠭᠡᠷᠡᠬᠦ ᠪᠣᠯᠪᠠᠴᠣ ᠬᠡᠰᠡᠭ ᠬᠣᠭᠣᠴᠠᠭ᠎ᠠ ᠪᠣᠯᠪᠠᠯ ᠲᠡᠷᠡ ᠨᠢ ᠠᠶᠠᠨᠲᠠᠭᠠᠨ ᠭᠣᠯᠠᠰᠣᠨ ᠭᠠᠷᠴᠣ ᠢᠷᠡᠭᠡᠳ ᠣᠷᠣᠰᠢᠬᠣᠢ ᠪᠠᠨ ᠭᠡᠷᠡᠴᠢᠯᠡᠳᠡᠭ ᠪᠠᠢᠨᠠᠮ᠃ ᠡᠨᠡ ᠨᠢ ᠶᠠᠬ ᠭᠣᠲᠣᠯ ᠶ᠋ᠢᠡᠨ ᠲᠠᠢᠯᠬᠣ ᠦᠶ᠎ᠡ ᠳ᠋ᠦ ᠬᠠᠮᠠᠷ ᠭᠣᠲᠣᠮ᠎ᠠ ᠰᠢᠪᠡᠷᠢ᠎ᠶᠢᠨ ᠦᠨᠦᠷ ᠬᠠᠩᠬᠣᠯᠬᠣ ᠮᠡᠲᠦ᠃ ᠬᠡᠳᠦᠢᠪᠡᠷ ᠨᠦᠬᠦᠭᠡ ᠦᠨᠦᠷ ᠨᠢ ᠴᠣᠬᠣᠮ ᠬᠦᠯ ᠪᠣᠯᠣᠨ ᠣᠢᠮᠣᠰᠣ ᠡᠰᠡᠬᠦᠯ᠎ᠡ ᠭᠣᠲᠣᠯ᠎ᠤᠨ ᠠᠯᠢᠨ ᠡᠴᠡ ᠨᠢ ᠢᠷᠠᠯᠲᠡ ᠲᠠᠢ ᠭᠡᠲᠡᠭ᠎ᠢ ᠬᠡᠨ ᠬᠡᠵᠢᠶ᠎ᠡ ᠴᠦ᠍ ᠠᠰᠠᠭᠣᠵᠦ ᠣᠬᠣᠴᠢᠯᠠᠲᠠᠬ ᠦᠭᠡᠢ ᠪᠣᠯᠪᠠᠴᠣ ᠦᠨᠦᠷ ᠪᠣᠯ ᠦᠪᠡᠷ᠎ᠤᠨ ᠶ᠋ᠢᠡᠨ ᠵᠢᠮ᠎ᠡ ᠪᠡᠷ ᠣᠷᠣᠰᠢᠬᠰᠠᠭᠠᠷ ᠭᠡᠲᠡᠭ ᠨᠢ ᠪᠠᠲᠣᠲᠠᠢ᠃

《 ᠮᠣᠩᠭᠣᠯ᠎ᠤᠨ ᠨᠢᠭᠣᠴᠠ ᠲᠣᠪᠴᠢᠶᠠᠨ》 ᠳ᠋ᠦ ᠶᠢᠰᠦᠭᠡᠢ ᠪᠠᠭᠠᠲᠣᠷ ᠠᠬ᠎ᠠ ᠨᠡᠬᠦᠨ ᠲᠠᠢᠵᠢ᠂ ᠲᠡᠬᠦᠦ ᠲᠠᠷᠢᠲᠠᠢ ᠣᠳᠴᠠᠬᠢᠨ ᠭᠣᠷᠪᠠᠭᠣᠯᠠ ᠪᠠᠨ ᠪᠠᠷᠢ ᠲᠣᠰᠣᠭᠠᠳ ᠪᠣᠴᠠᠵᠦ ᠶᠠᠪᠣᠬᠰᠠᠨ ᠮᠡᠷᠬᠢᠳ᠎ᠤᠨ ᠶᠡᠬᠡ ᠴᠢᠯᠡᠲᠦ᠎ᠶᠢ ᠨᠡᠬᠡᠨ ᠢᠷᠡᠬᠦ ᠳ᠋ᠦ ᠦᠭᠡᠯᠦᠨ ᠦᠵᠢᠨ ᠢᠳᠬᠠᠵᠦ᠄ 《ᠬᠡᠷᠪᠡ ᠨᠠᠮᠠᠶ᠋ᠢ ᠰᠠᠨᠠᠪᠠᠯ ᠲᠠᠬᠢᠨ ᠠᠪᠣᠬᠰᠠᠨ ᠭᠡᠷᠭᠡᠢ ᠪᠠᠨ ᠮᠢᠨᠦ ᠨᠡᠷ᠎ᠡ ᠪᠡᠷ ᠨᠡᠷᠡᠯᠡᠭᠲᠦᠨ᠂ ᠣᠲᠣ ᠠᠮᠢᠨ ᠶ᠋ᠢᠡᠨ ᠠᠷᠠᠴᠢᠯᠠ᠂ ᠮᠢᠨᠦ ᠦᠨᠦᠷ᠎ᠢ ᠦᠨᠦᠰᠴᠦ ᠶᠠᠪᠣ ᠭᠡᠳ ᠡᠮᠦᠰᠦᠭᠰᠡᠨ ᠴᠠᠮᠴᠠ ᠪᠠᠨ ᠲᠠᠢᠯᠵᠦ ᠦᠭᠪᠡ》 ᠭᠡᠵᠣ ᠲᠡᠮᠲᠡᠭᠯᠡᠲᠡᠭ᠃ ᠡᠢᠨ᠎ᠬᠦ ᠦᠨᠦᠷ᠎ᠢ ᠨᠢ ᠲᠣᠷᠠᠰᠴᠣ᠂ ᠦᠰ ᠰᠠᠨᠠᠵᠦ ᠶᠠᠪᠣᠬᠰᠠᠨ ᠮᠠᠷᠬᠢᠳ ᠠᠢᠮᠠᠬ᠎ᠤᠨ ᠬᠢᠨ ᠠᠷᠪᠠᠨ ᠬᠡᠳᠦᠨ ᠵᠢᠯ᠎ᠤᠨ ᠲᠠᠷᠠᠭ᠎ᠠ ᠠᠬᠢᠭᠠᠳ ᠲᠣᠪᠲᠣᠯᠣᠨ ᠢᠷᠡᠵᠦ ᠦᠯᠢᠭᠡᠷ ᠦᠢᠯᠡ ᠴᠢᠨᠠᠬᠰᠢ ᠦᠷᠬᠦᠯᠵᠢᠯᠡᠵᠦ ᠦᠷᠨᠢᠲᠡᠭ᠃ ᠢᠩᠬᠢᠵᠦ ᠪᠣᠲᠣᠬᠣᠯ᠎ᠠ ᠬᠦᠮᠦᠰ ᠶᠡᠬᠡ ᠡᠷᠳᠡᠨ ᠡᠴᠡ ᠦᠨᠦᠷ᠎ᠢ ᠰᠡᠷᠡᠵᠦ᠂ ᠰᠠᠨᠠᠵᠦ᠂ ᠰᠡᠳᠬᠢᠵᠦ ᠢᠷᠡᠭᠰᠡᠨ ᠠᠪᠠᠢ᠃

ᠦᠨᠦᠷ ᠭᠡᠵᠦ ᠵᠢᠬᠦᠷ ᠲᠠᠢ ᠶᠣᠮ᠃ ᠶᠠᠬ ᠡᠢᠮᠦ ᠡᠴᠡ ᠲᠡᠷᠡ ᠨᠢ 《ᠣᠢᠷ᠎ᠠ ᠠᠲᠠᠯ᠎ᠠ ᠦᠯᠦ ᠬᠠᠷᠠᠬᠲᠠᠵᠦ᠂ ᠬᠣᠯᠠ ᠪᠦᠭᠡᠲᠡᠯ᠎ᠡ ᠦᠯᠦ ᠲᠠᠰᠣᠷᠠᠨ》 ᠬᠠᠩᠬᠣᠯᠲᠠᠬ ᠣᠴᠢᠷᠲᠠᠢ᠃ ᠲᠡᠳᠡ ᠵᠦᠭ ᠵᠦᠭ ᠲᠡᠭᠡᠨ ᠲᠡᠷᠪᠡᠨ ᠨᠢᠰᠴᠦ ᠲᠡᠪᠲᠡᠷᠢᠨ ᠬᠠᠯᠢᠲᠠᠬ ᠣᠴᠢᠷ ᠡᠴᠡ ᠡᠵᠡᠨ ᠪᠡᠶ᠎ᠡ ᠨᠢ ᠦᠩᠭᠡᠷᠡᠵᠦ ᠣᠲᠣᠬᠰᠠᠨ ᠴᠦ᠍ ᠦᠨᠦᠷ ᠨᠢ ᠠᠩᠬᠢᠯᠣᠨ ᠬᠠᠩᠬᠣᠯᠵᠦ᠂ ᠦᠯᠦ ᠦᠵᠡᠭᠲᠡᠬᠦ ᠠᠯᠣᠰ ᠲᠦ᠍ ᠬᠦᠷᠲᠡᠯ᠎ᠡ ᠮᠡᠳᠡᠷᠡᠭᠲᠡᠨ᠎ᠠ᠃ ᠦᠯᠢᠶᠡᠬᠦ ᠰᠠᠯᠬᠢᠨ ᠳ᠋ᠦ ᠲᠠᠭᠣᠬᠲᠠᠪᠠᠯ ᠪᠠᠰᠠ ᠬᠠᠶᠠ ᠭᠡᠷᠡᠯᠲᠦᠵᠦ ᠬᠠᠶᠠ ᠪᠦᠲᠡᠬᠢᠷᠡᠵᠦ ᠨᠡᠩ ᠬᠣᠯᠠ ᠠᠶᠠᠯᠠᠬᠣ ᠪᠣᠯᠣᠨ᠎ᠠ᠃ ᠬᠦᠷᠢᠶᠡᠨ ᠲᠣᠮᠲᠠᠬᠢ ᠭᠣᠣᠯᠲᠣ ᠪᠣᠷᠣ ᠵᠠᠲᠠᠷᠠᠨ ᠲᠡᠯᠭᠡᠷᠡᠭᠰᠡᠨ᠎ᠢ ᠬᠠᠩᠬᠣᠯᠬᠣ ᠦᠨᠦᠷ ᠨᠢ ᠬᠣᠯᠠ ᠡᠴᠡ ᠮᠡᠳᠡᠬᠦᠯᠲᠡᠭ᠃ ᠵᠡᠭᠡᠯᠢ᠎ᠶᠢᠨ ᠴᠢᠨᠠᠲᠣ ᠬᠣᠭᠣᠯᠠᠨ ᠭᠡᠷ᠎ᠤᠨ ᠴᠢᠨᠠᠬᠰᠠᠨ ᠮᠢᠬᠠᠨ᠎ᠤ ᠦᠨᠦᠷ ᠬᠣᠪᠲᠣᠬ᠎ᠢ ᠬᠦᠷᠭᠡᠵᠦ᠂ ᠲᠡᠷᠡ ᠵᠦᠭ ᠲᠦ᠍ ᠬᠠᠷᠠᠬᠣ ᠦᠭᠡᠢ ᠪᠠᠢᠬᠣ ᠰᠠᠨ ᠭᠡᠵᠦ ᠬᠡᠳᠦᠢ ᠴᠢᠷᠮᠠᠢᠪᠠᠴᠣ ᠬᠦᠯ᠎ᠢ ᠲᠣᠱᠠᠭᠠᠳ ᠬᠡᠴᠡᠬᠦᠦ ᠰᠢᠨᠠᠯᠭᠠᠨ᠎ᠠ᠃ ᠲᠡᠷᠡᠴᠢᠯᠡᠨ ᠪᠢᠳᠡᠨ᠎ᠤ ᠦᠵᠡᠭᠰᠡᠨ᠂ ᠰᠣᠨᠣᠰᠣᠬᠰᠠᠨ᠂ ᠦᠩᠭᠡᠷᠡᠬᠦᠯᠵᠦ ᠲᠣᠭᠣᠯᠣᠬᠰᠠᠨ ᠵᠦᠢᠯ ᠪᠦᠬᠦᠨ ᠡᠳᠦᠷ᠎ᠤᠨ ᠣᠲᠠᠭᠠᠨ ᠳ᠋ᠦ ᠦᠪᠡᠷᠮᠢᠴᠡ ᠦᠨᠦᠷ ᠠᠮᠲᠠ ᠪᠣᠯᠵᠦ ᠣᠢ ᠲᠣᠷᠠᠳᠬᠠᠯ ᠳ᠋ᠦ ᠬᠣᠷᠠᠮᠲᠣᠲᠠᠬ᠃

ᠦᠨᠦᠷ ᠬᠢᠭᠡᠳ ᠠᠮᠲᠠ ᠡᠭᠡᠴᠢ ᠲᠡᠬᠦᠦ ᠬᠣᠶᠠᠷ ᠮᠡᠲᠦ ᠲᠣᠲᠣᠨᠣ ᠪᠠᠢᠲᠠᠬ᠃ 《ᠬᠠᠮᠠᠷ ᠠᠮᠠ᠎ᠶᠢᠨ ᠬᠣᠷᠰᠢᠶ᠎ᠠ ᠨᠢᠭᠡ᠂ ᠬᠠ ᠭᠣᠶ᠎ᠠ᠎ᠶᠢᠨ ᠲᠦᠰᠢᠶ᠎ᠡ ᠨᠢᠭᠡ》 ᠭᠡᠵᠦ ᠠᠷᠠᠳ᠎ᠤᠨ ᠦᠭᠡᠨ ᠳ᠋ᠦ ᠶᠠᠷᠢᠲᠠᠬ᠃  ᠪᠢᠳᠡᠨ᠎ᠤ ᠮᠡᠳᠡᠭᠡᠵᠢ ᠪᠡᠷ ᠬᠦᠮᠦᠰ ᠦᠨᠦᠷ᠎ᠢ ᠬᠠᠮᠠᠷ ᠶ᠋ᠢᠡᠷ᠂ ᠠᠮᠲᠠ᠎ᠶᠢ ᠠᠮᠠ ᠪᠣᠯᠣᠨ ᠬᠡᠯᠡ ᠪᠡᠷ ᠲᠠᠮᠵᠢᠨ ᠰᠡᠷᠡᠵᠦ ᠮᠡᠳᠡᠷᠡᠨ᠎ᠡ᠃ ᠡᠢᠨ᠎ᠬᠦ ᠦᠨᠦᠷ ᠠᠮᠲᠠ ᠭᠡᠵᠦ ᠦᠷᠬᠦᠯᠵᠢ ᠦᠬᠦᠯᠡᠵᠦ ᠶᠠᠷᠢᠵᠦ᠂ ᠡᠷᠢᠵᠦ ᠮᠣᠩᠭᠠᠨᠢᠲᠠᠬ᠎ᠤᠨ ᠦᠨᠳᠦᠰᠦᠯᠡᠯ ᠡᠨᠡ ᠪᠣᠯᠬᠣ ᠪᠦᠭᠡᠳ ᠠᠮᠲᠠ ᠨᠢ ᠡᠪᠲᠡᠷᠡᠪᠡᠯ ᠦᠨᠦᠷ ᠨᠢ ᠴᠦ᠍ ᠲᠠᠭᠠᠯᠲᠣᠨ ᠬᠣᠪᠢᠷᠠᠲᠠᠬ᠎ᠤᠨ ᠶᠣᠰᠣᠨ ᠲᠡᠷᠡ ᠪᠣᠶᠣ᠃ ᠡᠷᠳᠡᠨ᠎ᠤ ᠬᠦᠮᠦᠰ᠎ᠤᠨ ᠶᠠᠷᠢᠬᠰᠠᠨ 《ᠦᠨᠦᠷ ᠠᠮᠲᠠ᠎ᠶᠢ ᠨᠡᠢᠴᠡᠬᠦᠯᠦᠨ ᠵᠣᠬᠢᠴᠠᠭᠣᠯᠣᠭᠠᠳ ᠢᠲᠡᠵᠦ ᠣᠣᠭᠣᠪᠠᠰᠣ ᠬᠦᠴᠦᠨ ᠲᠠᠮᠢᠷ᠎ᠢ ᠰᠡᠯᠪᠢᠨ ᠰᠠᠢᠵᠢᠷᠠᠭᠣᠯᠣᠮᠣᠢ》᠂《ᠢᠲᠡᠭᠡᠨ ᠣᠮᠲᠠᠭᠠᠨ᠎ᠤ ᠦᠨᠦᠷ ᠠᠮᠲᠠ ᠦᠯᠦ ᠨᠡᠢᠴᠡᠪᠠᠰᠣ ᠴᠣᠬ ᠲᠦᠷᠰᠦ᠎ᠶᠢ ᠬᠡᠮᠲᠦᠭᠡᠮᠦᠢ》 ᠭᠡᠰᠡᠨ ᠦᠬᠦᠯᠡᠯᠲᠡ ᠮᠦᠨ ᠡᠬᠦᠨ᠎ᠢ ᠶᠠᠷᠢᠬᠰᠠᠨ ᠪᠢᠵᠠ⁈ ᠭᠡᠪᠡᠴᠦ ᠦᠨᠦᠷ ᠬᠢᠭᠡᠳ ᠠᠮᠲᠠ ᠪᠣᠯ ᠬᠣᠯᠪᠣᠭ᠎ᠠ ᠲᠠᠢ ᠮᠦᠷᠲᠡᠭᠡᠨ ᠪᠠᠰᠠ ᠢᠯᠭᠠᠭ᠎ᠠ ᠲᠠᠢ ᠭᠡᠲᠡᠭ᠎ᠢ ᠮᠡᠷᠲᠠᠵᠦ ᠦᠯᠦ ᠪᠣᠯᠣᠨ᠎ᠠ᠃ ᠠᠩᠬᠢᠯᠣᠮ᠎ᠠ ᠦᠨᠦᠷ᠎ᠢ ᠬᠣᠯᠠ ᠡᠴᠡ ᠮᠡᠳᠡᠷᠡᠵᠦ ᠪᠣᠯᠬᠣ ᠳ᠋ᠦ ᠠᠮᠲᠠ᠎ᠶᠢ ᠪᠣᠯ ᠠᠮᠠᠨ ᠳ᠋ᠠᠭᠠᠨ ᠡᠮᠬᠦᠵᠦ ᠬᠡᠯᠡ ᠲᠡᠭᠡᠷ᠎ᠡ ᠪᠠᠨ ᠬᠦᠷᠭᠡᠭᠰᠡᠨ᠎ᠤ ᠬᠣᠢᠨ᠎ᠠ ᠰᠠᠶᠢ ᠢᠯᠭᠠᠵᠦ ᠲᠠᠨᠢᠲᠠᠬ᠃ ᠢᠩᠬᠢᠵᠦ ᠬᠡᠯᠡᠬᠦ ᠳ᠋ᠦ ᠦᠨᠦᠷ ᠪᠣᠯ 《ᠠᠮᠲᠠ᠎ᠶᠢᠨ ᠭᠠᠲᠠᠨᠠᠬᠢ ᠠᠮᠲᠠ》 ᠪᠠᠢᠵᠦ ᠲᠠᠭᠠᠷᠠᠨ᠎ᠠ᠃

ᠦᠯᠢᠭᠡᠷ ᠲᠣᠮᠣᠬ ᠲᠦ᠍ ᠰᠠᠢᠨ ᠵᠦᠭ᠎ᠤᠨ ᠪᠠᠭᠠᠲᠣᠷ ᠵᠠᠯᠠᠷᠠᠵᠦ ᠮᠣᠷᠲᠠᠬᠣ ᠳ᠋ᠦ᠂ ᠰᠠᠩ ᠬᠦᠵᠢᠰ᠎ᠤᠨ ᠦᠨᠦᠷ ᠬᠠᠩᠬᠣᠯᠣᠨ᠂ 《ᠬᠢᠰᠭᠢᠭᠰᠡᠨ ᠭᠠᠵᠠᠷ ᠡᠴᠡ ᠨᠢ ᠭᠡᠷᠡᠯᠲᠦ ᠰᠣᠪᠣᠳ ᠲᠡᠯᠭᠡᠷᠡᠵᠦ》᠂  ᠴᠡᠴᠡᠭ ᠨᠠᠪᠴᠢ ᠮᠦᠰᠢᠶᠡᠨ ᠲᠡᠯᠭᠡᠷᠡᠲᠡᠭ ᠶᠣᠮ ᠪᠣᠯ ᠮᠠᠭᠣ ᠵᠦᠭ᠎ᠤᠨ ᠮᠠᠩᠭᠣᠰ ᠰᠢᠮᠨᠣ ᠬᠠᠷᠢᠨ 《ᠦᠮᠡᠬᠡᠢ ᠦᠨᠦᠷ ᠬᠠᠩᠬᠣᠯᠵᠦ ᠦᠲᠦᠨ ᠬᠣᠷᠣᠬᠠᠢ ᠬᠦᠶᠦᠯᠲᠦᠭᠰᠡᠨ》 ᠬᠠᠲᠠᠨ ᠠᠭᠣᠢ ᠳ᠋ᠦ ᠰᠠᠭᠣᠵᠦ ᠪᠠᠢᠲᠠᠬ ᠪᠦᠭᠡᠳ ᠠᠷᠵᠠᠬ ᠮᠠᠩᠭᠣᠰ᠎ᠤᠨ ᠣᠢᠷᠠᠲᠣᠬᠰᠨᠨ ᠵᠦᠭ ᠡᠴᠡ ᠦᠮᠡᠭᠡᠢ ᠦᠨᠦᠷ ᠦᠨᠦᠷᠲᠦᠵᠦ᠂ ᠡᠪᠡᠰᠦ ᠨᠣᠭᠣᠭ᠎ᠠ ᠬᠣᠪᠠᠬᠠᠢᠷᠠᠲᠠᠬ ᠭᠡᠯᠴᠡᠲᠡᠭ᠃ ᠠᠩᠬᠢᠯᠣᠮ᠎ᠠ ᠦᠨᠦᠷ ᠨᠢ ᠰᠣᠷᠢᠨᠵᠢᠨ ᠬᠦᠷᠦ ᠰᠢᠭ ᠲᠠᠲᠠᠬᠣ ᠬᠦᠴᠦᠨ ᠲᠠᠢ ᠭᠡᠬᠦ ᠳ᠋ᠦ ᠠᠷᠭ᠎ᠠ ᠦᠭᠡᠢ ᠫᠠᠬ ᠦᠮᠡᠭᠡᠢ ᠦᠨᠦᠷ ᠡᠴᠡ ᠬᠦᠮᠦᠰ ᠪᠠᠰᠠ ᠠᠮᠠ ᠬᠠᠮᠠᠷ ᠶ᠋ᠢᠡᠨ ᠪᠢᠲᠡᠬᠦᠯᠡᠵᠦ ᠵᠢᠭᠣᠲᠠᠨ ᠲᠣᠲᠠᠭᠠᠲᠠᠬ᠃ ᠦᠨᠦᠷ ᠭᠡᠵᠦ ᠶᠡᠷᠦ ᠡᠴᠡ ᠡᠢᠮᠦ ᠢᠯᠠ ᠲᠣᠲᠣ ᠣᠪᠣᠷ ᠵᠣᠬᠰᠣᠯᠲᠠ ᠲᠠᠢ ᠪᠢᠯᠡ᠃

《 ᠪᠣᠲᠣᠯ ᠨᠢ ᠬᠦᠷᠲᠡᠯ᠎ᠡ ᠰᠦ᠎ᠶᠢᠨ ᠦᠨᠦᠷ ᠲᠠᠢ᠂ ᠪᠣᠷᠣᠭᠣ ᠨᠢ ᠬᠦᠷᠲᠡᠯ᠎ᠡ ᠪᠣᠷᠬᠠᠨ ᠰᠠᠨᠠᠭ᠎ᠠ ᠲᠠᠢ》 ᠭᠡᠵᠦ ᠬᠡᠦᠬᠡᠳ᠎ᠤᠨ ᠶᠢᠷᠲᠢᠨᠴᠦ᠎ᠶᠢ ᠰᠢᠯᠦᠭᠯᠡᠭᠰᠡᠨ ᠮᠦᠷ ᠪᠠᠲᠠᠬ ᠪᠣᠢ ᠃ ᠭᠡᠨᠡᠨ ᠴᠠᠢᠯᠭᠠᠨ ᠭᠡᠬᠦ ᠬᠣᠶᠠᠷ ᠦᠭᠡᠨ ᠳ᠋ᠦ ᠡᠬᠦᠨ ᠡᠴᠡ ᠢᠯᠡᠬᠦᠦ ᠦᠭᠡᠷ᠎ᠡ ᠴᠢᠮᠡᠭ ᠲᠣᠲᠣᠳᠬᠠᠯ ᠪᠣᠯᠣᠨ ᠰᠡᠷᠡᠯ ᠮᠡᠳᠡᠷᠡᠮᠵᠢ ᠪᠠᠢᠲᠠᠬ ᠪᠢᠯᠢᠦ⁈ 《 ᠠᠵᠠ ᠵᠢᠷᠭᠠᠯ ᠪᠣᠯ ᠣᠶᠣᠨ ᠰᠦᠨᠡᠰᠦᠨ᠎ᠤ ᠰᠣᠲᠣᠨ ᠦᠨᠦᠷ ᠮᠦᠨ》 ᠭᠡᠰᠡᠨ ᠠᠭᠣᠣ ᠬᠦᠮᠦᠨ᠎ᠤ ᠰᠣᠷᠭᠠᠯ ᠴᠦ᠍ ᠮᠦᠨ ᠡᠨᠡ ᠣᠳᠬ᠎ᠠ᠎ᠶᠢ ᠬᠡᠯᠡᠭᠰᠡᠨ ᠪᠠᠢᠵᠦ ᠲᠠᠭᠠᠷᠠᠬᠣ ᠶᠣᠮ᠃

ᠦᠨᠦᠷᠯᠡᠬᠦ ᠦᠷ᠎ᠡ ᠲᠠᠢ᠂ ᠡᠮᠦᠰᠬᠦ ᠬᠣᠪᠴᠠᠰᠣ ᠲᠠᠢ ᠪᠠᠢᠬᠣ ᠪᠣᠯ ᠦᠢ ᠣᠯᠠᠨ ᠬᠦᠮᠦᠰ᠎ᠤᠨ ᠨᠠᠭᠠᠲᠣ ᠵᠠᠬ᠎ᠠ᠎ᠶᠢᠨ ᠬᠦᠰᠡᠯ ᠮᠦᠷᠦᠭᠡᠲᠦᠯ ᠶᠣᠮ᠃ ᠠᠵᠢᠯ ᠶ᠋ᠢᠡᠨ ᠲᠠᠭᠣᠰᠬᠠᠵᠦ ᠬᠦᠰᠢᠵᠦ ᠴᠢᠯᠡᠭᠰᠡᠨ ᠬᠦᠯ ᠶ᠋ᠢᠡᠨ ᠴᠢᠷᠦᠭᠰᠡᠭᠡᠷ ᠭᠡᠷ ᠲᠡᠭᠡᠨ ᠬᠠᠷᠢᠬᠣ ᠳ᠋ᠦ ᠢᠨᠢᠶᠡᠲᠦ ᠪᠢᠯᠬᠠᠭᠣᠯᠣᠨ ᠣᠬᠲᠣᠬᠣ ᠦᠷ᠎ᠡ᠎ᠶᠢᠨ ᠶ᠋ᠢᠡᠨ ᠵᠢᠷᠭᠠᠯ᠎ᠢ ᠬᠠᠷᠠᠭᠠᠳ ᠠᠯᠵᠢᠶᠠᠯ ᠵᠦᠲᠡᠷᠡᠯ ᠬᠣᠷᠣᠮᠬᠠᠨ ᠵᠠᠭᠣᠷ᠎ᠠ ᠮᠠᠷᠲᠠᠬᠲᠠᠵᠦ᠂ ᠠᠮᠢᠲᠣᠷᠠᠯ ᠪᠠᠯ ᠮᠡᠲᠦ ᠠᠮᠲᠠᠲᠠᠢ ᠵᠢᠷᠭᠠᠯᠲᠠᠢ ᠰᠠᠨᠠᠬᠲᠠᠲᠠᠬ ᠪᠢᠯᠡ᠃

ᠦᠨᠦᠰᠬᠦ ᠭᠡᠰᠡᠨ ᠦᠢᠯᠡ ᠦᠭᠡ᠎ᠶᠢᠨ ᠣᠬ ᠢᠵᠠᠭᠣᠷ ᠨᠢ ᠴᠦ᠍ ᠦᠨᠦᠷ ᠡᠴᠡ ᠢᠷᠡᠯᠲᠠᠢ ᠬᠡᠮᠡᠳᠡᠭ᠃ ᠦᠨᠦᠷ ᠪᠦᠬᠦᠢ ᠶᠠᠭᠣᠮ᠎ᠠ᠎ᠶᠢᠨ ᠦᠨᠦᠷ᠎ᠢ ᠮᠡᠳᠡᠬᠦ᠎ᠶᠢᠨ ᠲᠣᠯᠠᠲᠠ ᠬᠠᠮᠠᠷ ᠲᠣᠷ ᠣᠢᠷᠠᠲᠣᠭᠣᠯᠬᠣ᠎ᠶᠢ ᠦᠨᠦᠰᠬᠦ ᠭᠡᠵᠦ ᠲᠣᠯᠢ ᠳ᠋ᠦ ᠲᠠᠢᠯᠪᠣᠷᠢᠯᠠᠲᠠᠬ᠃ ᠦᠭᠡᠲᠡ ᠦᠭᠡᠲᠡ ᠡᠴᠡ ᠪᠠᠨ ᠬᠠᠯᠠᠭᠣᠨ ᠬᠠᠷᠠᠴᠠ ᠮᠦᠷᠬᠦᠯᠲᠦᠵᠦ ᠪᠠᠢᠬᠰᠠᠨ ᠠᠮᠠᠷᠠᠬ ᠬᠣᠣᠰ ᠬᠠᠢᠷ᠎ᠠ᠎ᠶᠢᠨ ᠭᠠᠯ ᠳ᠋ᠦ ᠰᠢᠲᠠᠬᠣ᠎ᠶᠢᠨ ᠣᠯᠠᠮ ᠶ᠋ᠢᠡᠷ ᠬᠠᠯᠠᠭᠣᠨ ᠣᠷᠣᠭᠣᠯ ᠶ᠋ᠢᠡᠨ ᠨᠠᠭᠠᠯᠲᠣᠭᠣᠯᠵᠦ ᠰᠡᠳᠬᠢᠯ ᠶ᠋ᠢᠡᠨ ᠢᠯᠡᠳᠭᠡᠵᠦ ᠦᠨᠦᠰᠲᠡᠭ ᠭᠡᠨᠡᠮ᠃ ᠡᠷᠳᠡᠮᠲᠡᠳ᠎ᠤᠨ ᠰᠣᠲᠣᠯᠣᠬᠰᠠᠨ ᠶ᠋ᠢᠡᠷ᠂ ᠦᠨᠦ᠎ᠶᠢᠨ ᠬᠦᠮᠦᠰ᠎ᠤᠨ ᠬᠠᠯᠠᠭᠣᠨ ᠡᠯᠢᠭᠡ ᠪᠡᠷ ᠶ᠋ᠢᠡᠨ ᠲᠡᠪᠡᠷᠢᠯᠴᠡᠵᠦ ᠬᠠᠴᠠᠷ ᠨᠢᠭᠣᠷ ᠶ᠋ᠢᠡᠨ ᠲᠠᠭᠠᠯᠠᠵᠦ ᠵᠣᠯᠭᠠᠬᠣ ᠶᠣᠰᠣᠨ ᠪᠣᠯ ᠪᠠᠯᠠᠷ ᠡᠷᠳᠡᠨ᠎ᠤ ᠦᠶ᠎ᠡ᠎ᠶᠢᠨ ᠬᠠᠷᠢᠯᠴᠠᠨ ᠬᠡᠨ ᠨᠢᠭᠡᠨ᠎ᠤ ᠪᠠᠨ ᠠᠮᠢᠰᠬᠣᠭ᠎ᠠ᠎ᠶᠢ ᠴᠢᠩᠨᠠᠵᠦ ᠦᠨᠦᠷ᠎ᠢ ᠨᠢ ᠮᠡᠲᠡᠷᠡᠵᠦ ᠨᠦᠬᠦᠷ ᠲᠠᠢᠰᠣᠨ ᠶ᠋ᠢᠡᠨ ᠢᠯᠭᠠᠬᠣ ᠵᠠᠩᠰᠢᠯ ᠡᠴᠡ ᠣᠯᠠᠷᠢᠵᠦ ᠢᠷᠡᠭᠰᠡᠨ ᠠᠵᠢ᠃ ᠡᠨᠲᠡ ᠦᠨᠦᠷ ᠨᠢ ᠦᠭᠡ ᠪᠣᠯᠵᠦ᠂ ᠢᠯᠴᠢ ᠲᠦᠭᠡᠵᠦ᠂ ᠦᠶᠡᠷᠬᠡᠭᠰᠡᠨ ᠬᠣᠣᠰ᠎ᠤᠨ ᠬᠠᠢᠷ᠎ᠠ᠎ᠶᠢᠨ ᠰᠡᠳᠬᠢᠯ᠎ᠢ ᠢᠯᠡᠳᠭᠡᠨ ᠲᠠᠮᠵᠢᠭᠣᠯᠲᠠᠬ ᠣᠪᠠᠳᠢᠰ ᠰᠢᠲᠢ ᠲᠠᠢ ᠪᠣᠯᠲᠠᠬ᠃

ᠬᠦᠮᠦᠨ᠂ ᠬᠦᠮᠦᠨ ᠨᠡᠷ᠎ᠡ ᠲᠠᠢ ᠶᠠᠪᠣᠬᠣ ᠳ᠋ᠦ ᠪᠠᠲᠣ ᠴᠢᠨᠠᠷ ᠴᠡᠪᠡᠷ ᠦᠨᠦᠷ ᠬᠡᠷᠡᠭ ᠲᠠᠢ᠃ ᠬᠦᠮᠦᠨ᠎ᠤ ᠦᠨᠦᠷ ᠭᠡᠵᠦ ᠬᠦᠮᠦᠨ ᠮᠦᠰᠦ᠂ ᠬᠦᠲᠡᠯᠦᠯ ᠦᠢᠯᠡ ᠪᠡᠷ ᠢᠯᠡᠷᠡᠭᠰᠡᠨ ᠬᠦᠮᠦᠨ ᠴᠢᠨᠠᠷ᠎ᠤᠨ ᠨᠡᠷᠡᠢᠲᠦᠯ ᠰᠠᠨ᠃ 《ᠡᠪᠡᠰᠦᠨ ᠳ᠋ᠦ ᠪᠠᠬᠯᠠᠬᠰᠠᠨ ᠴᠦ᠍ ᠦᠬᠡᠷ ᠦᠨᠦᠷᠲᠦᠬᠦ ᠦᠭᠡᠢ ᠂ ᠦᠭᠡᠬᠦᠨ ᠳ᠋ᠦ ᠪᠣᠭᠣᠬᠰᠠᠨ ᠴᠦ᠍ ᠨᠣᠬᠠᠢ ᠰᠢᠩᠰᠢᠬᠦ ᠦᠭᠡᠢ》 ᠭᠡᠵᠦ ᠬᠦᠮᠦᠨ᠎ᠤ ᠦᠨᠦᠷ ᠦᠭᠡᠢ ᠠᠲᠠᠬ᠎ᠤᠨ ᠮᠠᠭᠣ ᠬᠦᠮᠦᠨ᠎ᠢ ᠠᠲᠠᠯᠠᠵᠦ ᠵᠦᠭᠡᠭᠰᠡᠨ ᠬᠡᠯᠡᠯᠭᠡ ᠪᠣᠢ᠃ ᠲᠡᠢᠮᠦ ᠬᠦᠮᠦᠰ ᠢᠴᠢᠵᠦ ᠰᠢᠷᠪᠡᠭᠡᠲᠦᠬᠦ᠎ᠶᠢ ᠮᠡᠳᠡᠬᠦ ᠦᠭᠡᠢ᠂ ᠡᠨᠡᠷᠢᠵᠦ ᠨᠢᠬᠦᠯᠡᠰᠬᠦ ᠰᠡᠳᠬᠢᠯ ᠦᠭᠡᠢ᠂ ᠢᠲᠡᠭᠡᠯ᠎ᠢ ᠲᠡᠷᠰᠯᠡᠨ ᠵᠢᠷᠣᠮ᠎ᠢ ᠦᠲᠡᠭᠡᠷᠴᠦ ᠰᠢᠷᠢᠨ ᠨᠢᠭᠣᠷ ᠲᠠᠢ ᠰᠢᠩᠰᠢᠯᠡᠵᠦ ᠬᠦᠶᠦᠲᠡᠭ᠃ ᠬᠦᠮᠦᠰ᠎ᠢ ᠪᠢᠳᠡ ᠨᠡᠷ᠎ᠡ ᠪᠣᠯᠣᠨ ᠨᠢᠭᠣᠷ ᠵᠢᠰᠦ ᠪᠡᠷ ᠨᠢ ᠲᠠᠨᠢᠬᠣ ᠳ᠋ᠦ ᠠᠮᠠᠷᠬᠠᠨ ᠴᠦ᠍ ᠦᠨᠦᠷ ᠪᠣᠯᠣᠨ ᠴᠢᠨᠠᠷ ᠡᠴᠡ ᠨᠢ ᠣᠢᠯᠠᠭᠠᠵᠦ ᠮᠡᠳᠡᠬᠦ ᠳ᠋ᠦ ᠪᠡᠷᠬᠡ᠃ 《ᠠᠷᠢᠬᠢᠨ᠎ᠤ ᠨᠦᠬᠦᠷ᠎ᠢ ᠣᠯᠬᠣ ᠳ᠋ᠦ ᠠᠷᠪᠠᠨ ᠠᠯᠬᠣᠮ ᠬᠡᠷᠡᠭᠲᠡᠢ᠂ ᠠᠮᠢᠲᠣᠷᠠᠯ᠎ᠤᠨ ᠨᠦᠬᠦᠷ᠎ᠢ ᠣᠯᠬᠣ ᠳ᠋ᠦ ᠠᠷᠪᠢᠨ ᠠᠯᠬᠣᠮ ᠬᠡᠷᠡᠭᠲᠡᠢ》 ᠭᠡᠵᠦ ᠮᠦᠨ ᠠᠷᠭ᠎ᠠ ᠦᠭᠡᠢ ᠣᠨᠣᠭᠠᠬᠰᠠᠨ ᠦᠭᠡ ᠪᠠᠢᠵᠦ ᠰᠢᠦ᠃ ᠬᠦᠮᠦᠨ᠎ᠤ ᠦᠨᠦᠷ ᠦᠭᠡᠢ ᠭᠡᠵᠦ ᠦᠯᠢᠳᠭᠡᠵᠦ ᠬᠡᠯᠡᠪᠡᠯ ᠶᠠᠬ ᠴᠠᠭᠠᠰᠣᠨ ᠴᠡᠴᠡᠭ ᠮᠡᠳᠦ᠃ ᠴᠠᠭᠠᠰᠣᠨ ᠴᠡᠴᠡᠭ᠎ᠢ ᠣᠯᠠᠨ ᠶᠠᠩᠵᠦ ᠪᠡᠷ ᠣᠷᠠᠯᠠᠵᠦ ᠬᠠᠢᠴᠢᠯᠠᠵᠦ᠂ ᠦᠵᠡᠮᠦᠷᠢ ᠪᠣᠯᠭᠠᠨ ᠲᠠᠯᠪᠢᠵᠦ ᠪᠣᠯᠣᠨ᠎ᠠ᠃ ᠭᠡᠪᠡᠴᠦ ᠲᠡᠷᠡ ᠨᠢ ᠵᠦᠪᠬᠡᠨ ᠦᠩᠭᠡ ᠪᠣᠲᠣᠬ ᠢᠯᠭᠠᠷᠠᠬᠰᠠᠨ ᠦᠵᠡᠮᠦᠷᠢ ᠲᠡᠳᠦᠢ ᠪᠠᠢᠵᠦ᠂ ᠦᠵᠡᠬᠦ ᠳ᠋ᠦ ᠰᠠᠢᠬᠠᠨ ᠪᠣᠯᠪᠠᠴᠣ ᠦᠨᠦᠷ ᠠᠩᠬᠢᠯᠲᠠᠬ ᠦᠭᠡᠢ ᠲᠣᠯᠠ ᠠᠯᠠᠬ ᠡᠷᠪᠡᠬᠡᠢ ᠪᠣᠯᠣᠨ ᠠᠵᠢᠯᠴᠢ ᠵᠦᠭᠡᠢ᠎ᠶᠢ ᠲᠠᠲᠠᠵᠦ ᠴᠢᠲᠠᠬᠣ ᠦᠭᠡᠢ ᠪᠢᠯᠡ᠃

ᠦᠩᠭᠡ ᠭᠡᠮᠡᠨ ᠨᠢᠲᠣ ᠬᠠᠭᠣᠷᠴᠦ ᠴᠢᠲᠠᠲᠠᠬ ᠴᠦ᠍ ᠡᠳᠦᠷ᠎ᠤᠨ ᠣᠲᠠᠭᠠᠨ ᠳ᠋ᠦ ᠦᠨᠦᠷ ᠶ᠋ᠢᠡᠷ ᠶ᠋ᠢᠡᠨ ᠠᠶᠠᠨᠲᠠᠭᠠᠨ ᠲᠠᠨᠢᠬᠲᠠᠲᠠᠬ ᠶᠣᠮ ᠡ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠵᠣᠣ ᠱᠦ᠍ ᠭᠤᠸᠠᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ ᠎ᠤᠨ ᠮᠤᠩᠭᠤᠯ ᠬᠡᠯᠡᠨ᠎ᠦ ᠰᠤᠨᠢᠨ ᠮᠡᠳᠡᠭᠡ ᠎ᠶ᠋ᠢᠨ ᠰᠦᠯᠵᠢᠶ᠎ᠡ
兼容浏览器的HTML页面