ᠲᠡᠷᠢᠭᠦᠨ ᠨᠢᠭᠤᠷ>ᠲᠠᠯ᠎ᠠ᠎ᠶ᠋ᠢᠨ ᠲᠤᠶᠠᠭ᠎ᠠ>ᠬᠦᠬᠦᠭᠡ᠎ᠶ᠋ᠢᠨ ᠳᠠᠭᠤᠨ

2022-07-27 10:05:03

ᠵᠣᠬᠢᠶᠠᠭ᠍ᠴᠢ᠄ ​ᠷᠢ᠊ · ᠰᠡᠴᠡᠨᠳᠤ ᠣᠩᠱᠢᠭ᠍ᠰᠠᠨ ᠣᠳᠠᠭ᠎ᠠ᠄ 3

ᠱᠢᠷᠭ᠎ᠠ ᠴᠠᠭᠠᠨ ᠨᠠᠷᠠ

ᠱᠢᠷᠡᠭᠡᠳ᠎ᠤᠨ ᠲᠡᠭᠡᠬᠦᠷ ᠠᠮᠢᠰᠭᠤᠯᠯᠠᠨ ᠴᠠᠩᠭᠠᠬᠤ᠎ᠳᠤ

ᠰᠠᠷᠳᠠᠭᠤᠯ᠎ᠤᠨ ᠬᠦᠬᠡ ᠠᠭᠤᠯᠠᠨ᠎ᠳᠤ

ᠱᠠ ᠬᠦᠱᠢᠭᠡ ᠨᠠᠮᠢᠷᠠᠭᠤᠯᠤᠭ᠍ᠰᠠᠨ ᠰᠠᠢᠬᠠᠨ ᠪᠤᠷᠤᠭ᠎ᠠ᠎ᠲᠠᠢ




ᠰᠤᠯᠤᠩᠭᠠᠨ ᠬᠦᠬᠡ ᠲᠤᠭᠤᠷᠤᠤ

ᠰᠠᠨᠰᠠᠷ᠎ᠤᠨ ᠴᠡᠭᠡᠯ᠎ᠢᠶᠠᠷ ᠬᠤᠷ᠎ᠠ ᠲᠠᠭᠤᠳᠠᠬᠤ᠎ᠳᠤ

ᠰᠠᠷᠳᠠᠭᠤᠯ᠎ᠤᠨ ᠬᠦᠬᠡ ᠠᠭᠤᠯᠠᠨ᠎ᠳᠤ

ᠰᠠᠷᠯᠤᠭ ᠬᠠᠷ᠎ᠠ ᠡᠬᠦᠯᠡᠰ ᠨᠡᠲᠦᠢᠭᠰᠡᠨ ᠨᠦᠮᠤᠷᠭᠡᠨ᠎ᠲᠠᠢ




ᠬᠤᠱᠢᠭᠤ ᠬᠤᠷᠭᠤᠢ ᠬᠦᠨᠳᠡᠢ

ᠬᠤᠨᠢᠳ᠎ᠢᠶᠠᠷ ᠰᠤᠪᠤᠳ ᠰᠠᠴᠤᠨ ᠠᠰᠭᠠᠷᠠᠭᠤᠯᠬᠤ᠎ᠳᠤ

ᠰᠠᠷᠳᠠᠭᠤᠯ᠎ᠤᠨ ᠬᠦᠬᠡ ᠠᠭᠤᠯᠠᠨ᠎ᠳᠤ

ᠰᠠᠴᠤᠭ ᠲᠤᠯᠤᠭᠠᠢᠳᠤ ᠦᠪᠤᠭᠡᠯᠵᠢ ᠢᠷᠠᠭᠤ ᠲᠤᠩᠭᠤᠳᠤᠭᠠᠨ᠎ᠲᠠᠢ




ᠬᠤᠨᠳᠡᠨ ᠱᠢᠷ᠎ᠡ ᠡᠷᠪᠡᠭᠡᠢ

ᠬᠤᠳᠳᠤᠭ᠎ᠤᠨ ᠱᠠᠯᠪᠠᠭ ᠴᠡᠴᠡᠭ᠌ᠯᠡᠬᠦᠯᠤᠨ ᠪᠦᠵᠢᠬᠦ᠌ ᠎ᠳᠤ

ᠰᠠᠷᠳᠠᠭᠤᠯ᠎ᠤᠨ ᠬᠦᠬᠡ ᠠᠭᠤᠯᠠᠨ᠎ᠳᠤ

ᠱᠢᠬᠦᠳᠡᠷᠢ ᠬᠤᠨᠳᠠᠭᠠᠯᠠᠭ᠍ᠰᠠᠨ ᠵᠦᠭᠡᠯᠡᠨ ᠮᠡᠯᠳᠡᠭ᠌ᠡᠨᠡᠭᠡᠨ᠎ᠲᠠᠢ




ᠮᠦᠩᠬᠦᠨ ᠴᠠᠭᠠᠨ ᠰᠠᠷᠠ

ᠮᠦᠷᠤᠭᠡᠳᠤᠯ᠎ᠤᠨ ᠬᠤᠢᠮᠤᠷ ᠮᠦᠯᠴᠢᠷᠬᠡᠨ ᠭᠡᠢᠭᠡᠬᠦᠯᠬᠦ᠌᠎ᠳᠤ

ᠰᠠᠷᠳᠠᠭᠤᠯ᠎ᠤᠨ ᠬᠦᠬᠡ ᠠᠭᠤᠯᠠᠨ᠎ᠳᠤ

ᠰᠠᠢᠬᠠᠨ ᠴᠢᠨᠤ ᠮᠢᠨᠢ ᠦᠬᠦᠭᠡᠷᠭᠡᠨ ᠱᠢᠪᠠᠭᠤᠳ ᠨᠤᠢᠷᠰᠤᠭᠠᠨ᠎ᠲᠠᠢ




ᠮᠠᠷᠠᠯ ᠭᠤᠷᠪᠠᠨ ᠤᠳᠤ

ᠮᠠᠢᠬᠠᠨ᠎ᠤ ᠡᠬᠦᠳᠡ ᠤᠷᠤᠭᠤ ᠰᠤᠪᠤᠷᠡᠨ ᠭᠤᠳᠤᠢᠬᠤ᠎ᠳᠤ

ᠰᠠᠷᠳᠠᠭᠤᠯ᠎ᠤᠨ ᠬᠦᠬᠡ ᠠᠭᠤᠯᠠᠨ᠎ᠳᠤ

ᠰᠠᠭᠠᠬᠠᠯᠳᠡ᠎ᠶ᠋ᠢᠨ ᠬᠠᠳᠤᠯᠠᠩᠴᠢᠳ ᠪᠤᠬᠠᠯ ᠲᠡᠷᠡᠯᠡᠭ᠌ᠰᠡᠨ ᠲᠤᠭ᠍ᠵᠢᠷᠠᠭᠠᠨ᠎ᠲᠠᠢ




ᠬᠤᠩᠭᠤᠷ ᠶᠠᠭᠠᠨ ᠦᠤᠷ

ᠬᠠᠪᠢ᠎ᠶ᠋ᠢᠨ ᠲᠤᠯᠤᠭᠠᠳ᠎ᠢᠶᠠᠷ ᠭᠡᠷᠡᠯᠳᠤᠨ ᠮᠠᠨᠳᠤᠬᠤ᠎ᠳᠤ

ᠰᠠᠷᠳᠠᠭᠤᠯ᠎ᠤᠨ ᠬᠦᠬᠡ ᠠᠭᠤᠯᠠᠨ᠎ᠳᠤ

ᠰᠡᠷᠬᠦᠯᠠᠩ ᠱᠢᠪᠠᠭᠤᠳ᠎ᠤᠨ ᠤᠶᠠᠩᠭ᠎ᠠ ᠲᠤᠤᠯᠢᠶᠠᠨ ᠵᠢᠷᠭᠢᠭᠡᠨ᠎ᠲᠠᠢ




ᠬᠤᠯᠠᠨ ᠴᠢᠬᠢᠳᠤ ᠠᠳᠤᠭᠤ

ᠬᠤᠨᠤᠭ᠍ᠰᠠᠨ ᠭᠠᠵᠠᠷ᠎ᠢᠶᠠᠨ ᠡᠪᠱᠢᠶᠡᠨ ᠰᠤᠨᠢᠶᠠᠬᠤ ᠎ᠳᠤ

ᠰᠠᠷᠳᠠᠭᠤᠯ᠎ᠤᠨ ᠬᠦᠬᠡ ᠠᠭᠤᠯᠠᠨ᠎ᠳᠤ

ᠰᠠᠢᠬᠠᠨ ᠡᠳᠤᠷ᠎ᠤᠨ ᠴᠢᠯᠡᠭᠡ ᠪᠡᠷᠬᠡᠱᠢᠶᠡᠯ ᠦᠭᠡᠢ ᠠᠭᠤᠵᠢᠷᠠᠭᠠᠨ᠎ᠲᠠᠢ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠤᠶᠤᠨᠲᠠᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面