2026-11-11 11:25:37
ᠲᠦᠨᠡᠷ ᠬᠠᠷᠠᠩᠭᠤᠢ ᠦᠳᠡᠰᠢ᠎ᠶᠢ ᠭᠡᠭᠡ ᠲᠠᠲᠠᠲᠠᠯ᠎ᠠ ᠵᠤᠷᠠᠵᠤ
ᠲᠦᠷᠢᠮᠡᠬᠡᠢ ᠳᠠᠢᠰᠤᠨ᠎ᠤ ᠳᠡᠭᠡᠷ᠎ᠡ ᠯᠡ ᠤᠨᠤᠬᠤ ᠶᠤᠮᠰᠠᠨ ᠭᠡᠵᠦ ᠬᠠᠷᠪᠤᠵᠤ
ᠲᠦᠭᠡᠵᠦ ᠪᠠᠢᠭᠰᠠᠨ ᠲᠡᠭᠷᠢ᠎ᠡᠴᠡ᠎ᠪᠡᠨ ᠣᠳᠤ ᠪᠣᠯᠣᠨ ᠰᠤᠮᠤᠳᠠᠵᠤ
ᠲᠥᠭᠡᠯᠡᠵᠦ ᠲᠠᠯᠪᠢᠭ᠍ᠰᠠᠨ ᠪᠡᠶ᠎ᠡ᠎ᠶᠢ᠎ᠪᠡᠨ ᠲᠦᠮᠡ ᠬᠤᠪᠢᠶᠠᠨ ᠠᠮᠢᠯᠠᠭᠤᠯᠵᠤ
ᠠᠪᠤ ᠮᠢᠨᠢ ᠤᠯᠠᠭᠠᠨ ᠴᠡᠷᠢᠭ ᠪᠠᠢᠭᠰᠠᠨ
ᠦᠷᠡᠭᠳᠡᠨ᠎ᠡ ᠬᠡᠮᠡᠬᠦ ᠠᠶᠤᠯ᠎ᠢ ᠠᠷᠤ᠎ᠳᠠᠭᠠᠨ ᠣᠷᠬᠢᠨ ᠳᠠᠪᠬᠢᠵᠤ
ᠦᠯᠡᠳᠡᠨ᠎ᠡ ᠬᠡᠮᠡᠬᠦ ᠢᠲᠡᠭᠡᠯ᠎ᠢ ᠡᠮᠦᠨ᠎ᠡ᠎ᠪᠡᠨ ᠪᠠᠷᠢᠨ ᠬᠤᠰᠢᠭᠤᠷᠠᠵᠦ
ᠥᠩᠭᠡᠢᠵᠦ ᠢᠷᠡᠭᠰᠡᠨ ᠪᠥᠬᠦᠨ᠎ᠡᠴᠡ ᠭᠠᠵᠠᠷ ᠨᠤᠲᠤᠭ᠎ᠢᠶᠠᠨ ᠬᠠᠷᠠᠮᠨᠠᠵᠤ
ᠦᠭᠡᠢᠭᠦᠦ ᠬᠣᠭᠣᠰᠤᠨ ᠲᠦᠮᠡᠨ᠎ᠢᠶᠡᠨ ᠠᠮᠢ ᠲᠡᠮᠡᠴᠡᠨ ᠥᠮᠥᠭᠡᠷᠡᠵᠦ
ᠠᠪᠤ ᠮᠢᠨᠢ ᠤᠯᠠᠭᠠᠨ ᠴᠡᠷᠢᠭ ᠪᠠᠢᠭᠰᠠᠨ
ᠠᠳᠬᠤᠨᠤ ᠬᠤᠷᠴᠠ ᠰᠡᠯᠡᠮ᠎ᠡ ᠲᠠᠢ᠎ᠪᠠᠨ ᠵᠠᠯᠠᠭᠤ ᠨᠠᠰᠤᠨ᠎ᠳᠠᠭᠠᠨ ᠭᠢᠯᠠᠯᠵᠠᠵᠤ
ᠠᠭᠲᠠ ᠮᠣᠷᠢᠨ᠎ᠤ ᠨᠢᠷᠤᠭᠤᠨ ᠳᠡᠭᠡᠷ᠎ᠡ ᠲᠤᠭ ᠲᠠᠢ᠎ᠪᠠᠨ ᠬᠠᠮᠲᠤ ᠳᠦᠷᠡᠯᠵᠡᠵᠦ
ᠠᠶᠤᠩᠭᠠᠲᠤ ᠪᠣᠷᠣᠭᠠᠨ᠎ᠤ ᠮᠥᠨᠳᠥᠷ ᠮᠡᠲᠦ ᠰᠤᠮᠤᠨ ᠳᠤᠮᠳᠠᠭᠤᠷ ᠰᠢᠷᠭᠤᠯᠠᠵᠤ
ᠠᠲᠠᠭᠠᠲᠠᠨ ᠲᠦᠷᠢᠮᠡᠬᠡᠢ᠎ᠶᠢᠨ ᠡᠰᠡᠷᠭᠦ ᠦᠶᠡᠷ᠎ᠦᠨ ᠤᠰᠤ ᠰᠢᠭ᠋ ᠳᠠᠭᠠᠷᠢᠵᠤ
ᠠᠪᠤ ᠮᠢᠨᠢ ᠤᠯᠠᠭᠠᠨ ᠴᠡᠷᠢᠭ ᠪᠠᠢᠭᠰᠠᠨ
ᠬᠠᠷᠪᠤᠭᠰᠠᠨ ᠰᠤᠮᠤ ᠨᠢ ᠨᠢᠳᠦ ᠲᠠᠢ ᠪᠠᠢᠵᠤ ᠣᠨᠢᠯᠠᠭᠰᠠᠨ ᠪᠥᠬᠦᠨ᠎ᠢᠶᠡᠨ ᠣᠨᠣᠭᠠᠵᠤ
ᠬᠠᠯᠠᠭᠤᠨ ᠴᠢᠰᠤ ᠨᠢ ᠣᠷᠭᠢᠯ᠎ᠤᠨ ᠪᠠᠢᠵᠤ ᠡᠬᠡ ᠣᠷᠣᠨ᠎ᠳᠠᠭᠠᠨ ᠠᠰᠬᠠᠷᠠᠳᠠᠭ
ᠬᠠᠷᠠᠩᠭᠤᠢ ᠲᠡᠷᠡ ᠴᠠᠭ᠎ᠤᠨ ᠭᠡᠭᠡᠨ ᠳᠦᠯᠦ᠎ᠶᠢ ᠠᠰᠠᠭᠠᠬᠤ ᠭᠡᠵᠦ
ᠬᠠᠮᠲᠤ ᠣᠯᠠᠨ ᠳᠠᠢᠴᠢᠳ ᠲᠠᠢ᠎ᠪᠠᠨ ᠭᠠᠯ ᠰᠢᠭ᠋ ᠨᠣᠴᠣᠵᠤ ᠪᠠᠢᠭᠰᠠᠨ
ᠠᠪᠤ ᠮᠢᠨᠢ ᠤᠯᠠᠭᠠᠨ ᠴᠡᠷᠢᠭ ᠪᠠᠢᠭᠰᠠᠨ
ᠢᠯᠠᠯᠲᠠ᠎ᠶᠢᠨ ᠠᠯᠲᠠᠨ ᠪᠦᠷᠢᠶᠡᠨᠦ ᠳᠠᠭᠤᠨ ᠲᠠᠢ ᠬᠠᠮᠲᠤ ᠤᠷᠤᠭᠰᠢᠯᠠᠵᠤ
ᠢᠷᠡᠬᠦ ᠮᠠᠷᠭᠠᠰᠢ᠎ᠶᠢᠨ ᠨᠠᠷᠠ ᠲᠠᠢ ᠲᠤᠭ᠎ᠢᠶᠠᠨ ᠴᠤᠭ ᠡᠷᠭᠦᠵᠦ
ᠢᠷ ᠨᠢ ᠭᠢᠯᠠᠯᠵᠠᠵᠤ ᠬᠠᠷᠠᠭᠳᠠᠭᠰᠠᠨ ᠬᠢᠲᠤᠭ᠎ᠠ ᠰᠢᠭ᠋ ᠵᠠᠮ᠎ᠢᠶᠠᠷ ᠥᠭᠰᠥᠵᠦ
ᠢᠨᠢᠶᠡᠳᠦ ᠪᠠᠶᠠᠷ ᠴᠠᠯᠭᠢᠭᠤᠯᠤᠭᠰᠠᠨ ᠥᠨᠥᠳᠥᠷ᠎ᠦᠨ ᠵᠢᠷᠭᠠᠯ᠎ᠢ ᠠᠪᠴᠢᠷᠠᠭᠰᠠᠨ
ᠠᠪᠤ ᠮᠢᠨᠢ ᠤᠯᠠᠭᠠᠨ ᠴᠡᠷᠢᠭ ᠪᠠᠢᠭᠰᠠᠨ
ᠡᠷᠯᠢᠭ ᠲᠠᠮᠤ ᠰᠢᠭ᠋ ᠳᠠᠢᠨ᠎ᠤ ᠪᠠᠷᠠᠮ᠎ᠤᠨ ᠤᠯᠠᠭᠠᠨ ᠲᠣᠭᠣᠰᠣ᠌᠎ᠶᠢ
ᠡᠷᠭᠢᠵᠦ ᠪᠣᠰᠬᠤ᠎ᠶᠢᠨ ᠴᠢᠯᠦᠭᠡ ᠦᠭᠡᠢ ᠪᠡᠶ᠎ᠡ᠎ᠪᠡᠷ᠎ᠢᠶᠡᠨ ᠳᠠᠷᠤᠵᠤ ᠤᠨᠠᠭᠰᠠᠨ
ᠡᠩᠬᠡ ᠲᠠᠢᠪᠤᠩ᠎ᠤᠨ ᠮᠠᠨᠠᠭᠠᠨ᠎ᠳᠠᠭᠠᠨ ᠮᠥᠩᠬᠡ᠎ᠶᠢᠨ ᠪᠠᠢᠷᠢ ᠡᠵᠡᠯᠡᠵᠦ
ᠡᠬᠡ ᠣᠷᠣᠨ᠎ᠤ᠎ᠪᠠᠨ ᠬᠢᠯᠢ ᠳᠡᠭᠡᠷ᠎ᠡ᠎ᠡᠴᠡ ᠭᠡᠷ᠎ᠢᠶᠡᠨ ᠡᠷᠭᠢᠬᠦ᠎ᠪᠡᠨ ᠮᠠᠷᠲᠠᠭᠰᠠᠨ
ᠠᠪᠤ ᠮᠢᠨᠢ ᠤᠯᠠᠭᠠᠨ ᠴᠡᠷᠢᠭ ᠪᠠᠢᠭᠰᠠᠨ
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃