ᠲᠡᠷᠢᠭᠦᠨ ᠨᠢᠭᠤᠷ>ᠲᠠᠯ᠎ᠠ᠎ᠶ᠋ᠢᠨ ᠲᠤᠶᠠᠭ᠎ᠠ>ᠴᠢᠬᠢᠨ᠎ᠤ ᠴᠢᠮᠡᠭ

2024-10-16 17:19:00

ᠵᠣᠬᠢᠶᠠᠭ᠍ᠴᠢ᠄ ᠰᠸ᠊·ᠡᠩᠭᠡ ᠣᠩᠱᠢᠭ᠍ᠰᠠᠨ ᠣᠳᠠᠭ᠎ᠠ᠄ 3


ᠣᠯᠠᠭᠠᠨᠨᠠᠭᠤᠷ᠎ᠤᠨ ᠬᠤᠨ

ᠤᠷᠤᠭ᠍ᠰᠢ ᠬᠤᠢᠰᠢ᠎ᠪᠠᠨ ᠭᠠᠩᠭᠠᠨᠠᠯᠳᠤᠵᠤ

ᠤᠶᠠᠭᠠᠨ ᠲᠡᠭᠡᠷᠡᠭᠢ ᠮᠤᠷᠢᠳ

ᠰᠦᠷᠦᠭ᠎ᠤᠨ ᠬᠤᠢᠨ᠎ᠠ᠎ᠠᠴᠠ ᠢᠨᠴᠠᠭᠠᠯᠳᠤᠵᠤ

ᠤᠪᠤᠭᠠᠨ ᠱᠤᠩ᠎ᠤᠨ ᠲᠤᠷᠳᠤᠩ

ᠦᠩᠭᠡ᠎ᠨᠢ ᠪᠠᠭᠤᠷᠠᠨ ᠰᠡᠮᠡᠷᠡᠵᠤ

ᠤᠭ᠍ᠳᠠᠷᠭᠤᠢ᠎ᠶ᠋ᠢᠨ ᠴᠠᠭᠠᠨ ᠡᠬᠦᠯᠡᠰ

ᠤᠢᠳᠭᠠᠷ ᠲᠦᠷᠦᠬᠦᠯᠦᠮ᠎ᠡ ᠨᠡᠭᠦᠯᠳᠤᠵᠤ

ᠬᠤᠯᠠ᠎ᠶ᠋ᠢᠨ ᠬᠦᠬᠡ ᠠᠭᠤᠯᠠᠰ

ᠱᠢᠩᠭᠡᠨ ᠤᠨᠢᠶᠠᠷ᠎ᠲᠤ ᠪᠦᠳᠡᠭᠢᠷᠡᠵᠤ

ᠬᠤᠯᠪᠤᠭ᠎ᠠ ᠨᠠᠭᠤᠷ᠎ᠤᠨ ᠵᠡᠭᠡᠰᠦ

ᠱᠢᠪᠠᠭᠤᠳ᠎ᠢᠶᠠᠨ ᠦᠬᠡᠢᠯᠡᠨ ᠭᠠᠩᠬᠤᠵᠤ

ᠵᠢᠯᠠᠭ᠎ᠠ᠎ᠶ᠋ᠢᠨ ᠬᠤᠰᠤᠨ᠎ᠤ ᠨᠠᠪᠴᠢᠰ

ᠱᠢᠷᠭᠠᠯ ᠦᠩᠭᠡ᠎ᠪᠠᠷ ᠰᠤᠯᠢᠭ᠍ᠳᠠᠵᠤ

ᠵᠢᠷᠭᠢᠬᠡ ᠪᠤᠯᠵᠤᠮᠤᠷ᠎ᠤᠨ ᠬᠤᠱᠢᠭᠤ

ᠮᠤᠢᠯ᠎ᠤᠨ ᠱᠢᠬᠦᠰᠦᠨ᠎ᠳᠤ ᠪᠤᠳᠤᠭ᠍ᠰᠢᠵᠤ

ᠬᠠᠷᠢ᠎ᠳᠤ ᠮᠤᠷᠳᠠᠬᠤ ᠦᠬᠢᠳ᠎ᠤᠨ

ᠬᠠᠨᠴᠤᠢ᠎ᠨᠢ ᠨᠢᠯᠪᠤᠰᠤᠨ᠎ᠳᠤ ᠲᠡᠪᠳᠦᠵᠤ

ᠬᠤᠷᠢᠮ᠎ᠤᠨ ᠨᠢᠵᠢᠭᠢᠷ ᠪᠠᠶᠠᠷ

ᠬᠤᠭᠤᠷ ᠴᠤᠭᠤᠷ᠎ᠢᠶᠠᠷ ᠡᠭᠡᠱᠢᠭ᠌ᠷᠡᠵᠤ

ᠨᠠᠢᠷ᠎ᠤᠨ ᠱᠢᠷᠡᠭᠡᠨ᠎ᠤ ᠬᠡᠢᠴᠢᠳ

ᠨᠠᠩᠵᠢᠳ᠎ᠤᠨ ᠲᠡᠭᠡᠵᠢ ᠢᠳᠠᠮᠯᠠᠵᠤ

ᠲᠤᠰᠤᠨ ᠲᠠᠷᠭᠤ᠎ᠲᠠᠢ ᠬᠤᠨᠢᠳ

ᠤᠰᠤᠨ ᠵᠦᠭ ᠬᠦᠶᠦᠯᠳᠤᠵᠤ

ᠲᠤᠨᠳᠠᠭᠤᠷ ᠪᠤᠳᠤᠩ᠎ᠲᠠᠢ ᠱᠢᠷ᠎ᠠ ᠲᠤᠰᠤ

ᠬᠦᠵᠡᠭᠡ ᠤᠷᠤᠭᠤ ᠨᠡᠬᠦᠵᠤ

ᠬᠦᠨᠦᠭ᠎ᠲᠠᠢ ᠱᠢᠷ᠎ᠠ ᠠᠢᠷᠠᠭ

ᠬᠦᠬᠡᠰᠦ ᠬᠤᠷᠢᠶᠠᠨ ᠬᠦᠷᠦᠩᠭᠡᠱᠢᠵᠤ

ᠬᠦᠳᠦᠰᠦᠨ ᠲᠡᠪᠡᠯ᠎ᠤᠨ ᠦᠰᠦᠨ᠎ᠳᠤ

ᠡᠪᠡᠰᠦᠨ᠎ᠤ ᠦᠨᠦᠷ ᠱᠢᠩᠭᠡᠵᠤ

ᠤᠷᠤᠯᠳᠤᠭᠠᠨ ᠮᠤᠷᠢᠳ᠎ᠤᠨ ᠨᠤᠭ᠍ᠳᠤ

ᠬᠠᠨ᠎ᠠ᠎ᠶ᠋ᠢᠨ ᠲᠤᠯᠤᠭᠠᠢ᠎ᠳᠤ ᠵᠡᠭᠦᠭ᠌ᠳᠡᠵᠤ

ᠤᠯᠢᠶᠠᠷᠬᠠᠭ ᠪᠤᠯᠪᠠᠷᠡᠢ ᠬᠡᠤᠬᠡᠳ᠎ᠤᠳ

ᠰᠤᠷᠭᠠᠭᠤᠯᠢ ᠵᠦᠭ᠎ᠢᠶᠠᠨ ᠴᠣᠪᠣᠷᠠᠯᠳᠣᠵᠣ

ᠨᠠᠷᠠᠨ ᠱᠢᠷᠭᠠᠯ ᠲᠠᠯ᠎ᠠ᠎ᠪᠠᠷ

ᠡᠪᠡᠰᠦᠨ ᠲᠠᠪᠠᠯᠭᠠᠨ ᠬᠠᠶᠠᠯᠠᠵᠤ

ᠨᠠᠷᠠᠨ᠎ᠤ ᠪᠤᠷᠤ ᠮᠠᠯᠴᠢᠳ

ᠨᠠᠮᠤᠷ᠎ᠤᠨ ᠠᠵᠢᠯ᠎ᠳᠠᠭᠠᠨ ᠪᠣᠵᠢᠬᠢᠨᠡᠵᠤ

ᠤᠶᠠᠬᠠᠨ ᠬᠤᠩᠭᠤᠷ ᠰᠠᠯᠬᠢ

ᠦᠶ᠎ᠡ ᠦᠶ᠎ᠡ ᠰᠡᠪᠡᠯᠵᠡᠨ

ᠤᠰᠤᠷᠠᠬᠤ ᠬᠦᠢᠳᠡᠨ ᠪᠤᠷᠤᠭ᠎ᠠ

ᠬᠠᠶᠠ ᠨᠢᠭᠡ ᠰᠡᠩᠰᠡᠷᠡᠵᠤ

ᠤᠶᠠᠭᠠᠳᠠᠢ ᠡᠷᠦᠬᠡᠨ ᠤᠭᠤᠰᠤᠷ

ᠲᠡᠭᠡᠪᠦᠷ ᠴᠢᠪᠭ᠍ᠠᠳᠠᠨ ᠪᠢᠵᠢᠬᠢᠨᠡᠭ᠌ᠰᠡᠭᠡᠷ

ᠮᠤᠩᠭᠤᠯ ᠨᠤᠳᠤᠭ᠎ᠤᠨ ᠨᠠᠮᠤᠷ

ᠮᠤᠷᠢᠨ ᠤᠶᠠᠭᠠᠨ ᠲᠡᠭᠡᠷ᠎ᠡ ᠢᠷᠡᠴᠢᠬᠡᠯ᠎ᠡ


  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面