ᠲᠡᠷᠢᠭᠦᠨ ᠨᠢᠭᠤᠷ>ᠲᠠᠯ᠎ᠠ᠎ᠶ᠋ᠢᠨ ᠲᠤᠶᠠᠭ᠎ᠠ>ᠴᠢᠬᠢᠨ᠎ᠤ ᠴᠢᠮᠡᠭ

2024-09-30 17:16:17

ᠵᠣᠬᠢᠶᠠᠭ᠍ᠴᠢ᠄ ᠬᠤᠨᠢᠴᠢᠨ ᠠ᠊·ᠵᠢᠷᠠ ​ ᠣᠩᠱᠢᠭ᠍ᠰᠠᠨ ᠣᠳᠠᠭ᠎ᠠ᠄ 3

ᠰᠠᠷᠠᠪᠴᠢᠨ᠎ᠤ ᠴᠠᠭᠠᠨ᠎ᠠ ᠴᠡᠩᠬᠡᠷ ᠪᠣᠷᠤᠭ᠎ᠠ ᠱᠢᠭ᠋

ᠮᠢᠩᠭᠠᠨ ᠲᠤᠰᠤᠯ᠎ᠢᠶᠠᠷ ᠳᠣᠪᠱᠢᠯᠠᠨ ᠱᠢᠪᠡᠷᠡᠵᠤ

ᠭᠱᠠᠨ ᠵᠠᠭᠤᠷ᠎ᠠ

ᠦᠨᠢ ᠮᠥᠩᠬᠡ᠎ᠶ᠋ᠢᠨ ᠳᠦᠯᠭᠡᠭᠡᠨ ᠬᠠᠷᠠᠴᠠ᠎ᠪᠠᠷ

ᠠᠷᠢᠭᠤᠨ ᠰᠠᠴᠤᠯᠢ᠎ᠪᠠᠨ ᠢᠳᠠᠮᠯᠠᠵᠤ

ᠵᠤᠨ ᠣᠯᠠᠨ᠎ᠳᠠᠭᠠᠨ ᠲᠤᠤᠯᠢᠶᠠᠳᠣᠭ᠍ᠰᠠᠨ

ᠨᠤᠲᠤᠭ ᠬᠥᠮᠦᠨ ᠬᠤᠶᠠᠷ᠎ᠢ ᠳᠠᠭᠠᠵᠤ

ᠡᠬᠡ ᠭᠠᠵᠠᠷ᠎ᠤᠨ ᠤᠮᠳᠠᠯᠠᠭ᠍ᠰᠠᠨ ᠤᠰᠤ᠎ᠨᠢ ᠬᠦᠷᠲᠡᠯ᠎ᠡ

ᠡᠬᠡ ᠤᠷᠤᠨ᠎ᠤ ᠲᠤᠤᠯᠢ ᠪᠣᠯᠬᠤᠷ

ᠮᠥᠩᠭᠦᠨ ᠰᠠᠢᠬᠠᠨ ᠰᠡᠳᠭᠢᠯ᠎ᠨᠢ ᠬᠤᠯᠠ᠎ᠳᠤ ᠠᠰᠠᠬᠤ

ᠡᠭᠦᠷᠢᠳᠡ ᠠᠮᠤᠭᠤᠯᠠᠩ ᠵᠠᠶᠠᠭ᠎ᠠ ᠳᠦᠱᠢᠬᠦᠢ

ᠡᠬᠡ ᠤᠷᠤᠨ᠎ᠢᠶᠠᠨ ᠵᠢᠩᠭᠡᠷᠳᠡᠬᠦᠯᠥᠨ ᠳᠠᠭᠤᠯᠠᠨ᠎ᠠ




ᠡᠵᠢ᠎ᠶ᠋ᠢᠨ ᠮᠢᠨᠢ ᠪᠦᠪᠡᠢ᠎ᠶ᠋ᠢᠨ ᠳᠠᠭᠤᠤ᠎ᠳᠤ ᠨᠠᠷᠠ ᠥᠨᠵᠢᠵᠦ᠍

ᠡᠪᠡᠰᠦᠨ᠎ᠤ ᠭᠦᠨ᠎ᠳᠤ ᠭᠤᠯᠢᠶ᠎ᠠ ᠴᠠᠷᠭᠢᠨ

ᠬᠥᠬᠡ ᠠᠯᠠᠭ ᠴᠢᠯᠠᠭᠤᠳ ᠪᠢᠳᠠᠨ᠎ᠢ ᠳᠠᠯᠠᠯᠵᠤ

ᠬᠤᠨᠢᠨ ᠡᠭᠦᠯᠡᠰ ᠬᠠᠭᠤᠴᠢᠨ ᠪᠠᠭᠤᠷᠢ᠎ᠳᠤᠨᠢ

ᠮᠢᠩᠭ᠎ᠠ ᠮᠢᠩᠭᠠᠨ ᠴᠡᠴᠡᠭ ᠪᠠᠳᠮᠠᠯᠠᠨ᠎ᠠ

ᠡᠭᠡ ᠤᠷᠤᠨ ᠭᠡᠳᠡᠭ




ᠵᠢᠷᠦᠬᠡᠨ᠎ᠳᠤ ᠤᠶᠠᠭᠠᠲᠠᠢ ᠲᠠᠯ᠎ᠠ᠎ᠳᠤᠨᠢ

ᠪᠣᠳᠤᠯ ᠮᠢᠨᠢ ᠨᠠᠮᠤᠷᠵᠢᠨ ᠴᠠᠯᠠᠢᠵᠤ

ᠮᠥᠩᠬᠡ᠎ᠶ᠋ᠢᠨ ᠣᠷᠤᠨ ᠬᠢᠵᠠᠭᠠᠷ ᠦᠭᠡᠢ᠎ᠳᠤ

ᠦᠨᠡᠨ᠎ᠤ ᠵᠦᠩᠴᠢ ᠱᠢᠳᠢ᠎ᠪᠠᠷ

ᠤᠩᠭᠤᠳ᠎ᠢ ᠰᠣᠪᠢᠳᠠᠭ ᠠᠮᠢᠲᠤ ᠵᠢᠷᠤᠬᠠᠢ

ᠲᠠᠭᠠᠨ᠎ᠠ᠎ᠶ᠋ᠢᠨ ᠴᠡᠴᠡᠭ᠎ᠲᠤ

ᠮᠥᠷ᠎ᠢᠶᠠᠨ ᠲᠠᠮᠠᠭᠠᠯᠠᠵᠤ ᠦᠯᠡᠳᠡᠭᠡᠨ

ᠠᠭᠠᠷᠤ ᠽᠠᠨᠳᠠᠨ ᠤᠶᠠᠭᠠᠨ ᠳᠡᠭᠡᠷ᠎ᠡ ᠪᠠᠭᠤᠴᠠᠯᠠᠭ᠍ᠰᠠᠨ ᠶᠤᠮ

ᠡᠭᠡ ᠤᠷᠤᠨ ᠭᠡᠳᠡᠭ




ᠨᠠᠮ ᠬᠥᠮ᠎ᠤᠨ ᠴᠢᠯᠦᠭᠡ᠎ᠪᠠᠷ ᠡᠭᠡᠳᠡᠷᠡᠭᠡ᠎ᠪᠠᠨ ᠳᠠᠪᠴᠢᠵᠤ

ᠨᠠᠨᠳᠢᠨ ᠵᠠᠶᠠᠭᠠᠨ᠎ᠤ ᠡᠵᠡᠨ ᠪᠤᠯᠤᠭ᠍ᠰᠠᠨ

ᠲᠡᠷᠡ ᠪᠣᠯ ᠪᠣᠯᠵᠤᠭ᠎ᠠ ᠪᠤᠶᠤ ᠮᠦᠷᠥᠭᠡᠳᠤᠯ

ᠤᠯᠠᠷᠢᠯ᠎ᠤᠨ ᠠᠷᠢᠭᠤᠨ ᠠᠮᠢᠰᠭᠤᠯ᠎ᠢ

ᠠᠮᠢᠰᠭᠤᠬᠤ ᠲᠣᠳᠣᠮ ᠳᠣᠮ ᠪᠠᠢᠵᠤ

ᠤᠯᠠᠷᠢᠭ᠍ᠰᠠᠨ ᠰᠤᠶᠤᠯ᠎ᠤᠨ ᠳᠡᠮᠲᠡᠭ ᠪᠣᠯᠬᠤᠢ

ᠠᠶᠠᠨ᠎ᠤ ᠵᠢᠯᠣᠭᠤ ᠤᠷᠲᠤᠰᠤᠨ ᠮᠥᠩᠬᠡᠵᠢᠨ᠎ᠡ

ᠡᠭᠡ ᠤᠷᠤᠨ ᠭᠡᠳᠡᠭ

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠠᠢᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面