2024-10-16 17:00:37
ᠡᠷᠳᠡ ᠤᠷᠢᠳᠤ᠎ᠶ᠋ᠢᠨ ᠬᠠᠭᠤᠴᠢ ᠦᠯᠢᠭᠡᠷ ᠱᠢᠭ
ᠡᠮᠡᠭᠡ ᠠᠭᠤᠯᠠ ᠬᠤᠶᠠᠷ ᠮᠢᠨᠢ ᠬᠦᠳᠦᠯᠦᠭ᠌ᠰᠡᠨ
ᠤᠨ ᠵᠢᠯ᠎ᠤᠨ ᠪᠤᠭᠤᠷᠤᠯ ᠵᠠᠮ᠎ᠢ ᠡᠪᠬᠡᠬᠦ᠌ᠳᠤ
ᠤᠪᠤᠭᠠᠳᠤ᠎ᠶ᠋ᠢᠨ ᠬᠦᠨᠳᠡᠢ ᠮᠢᠨᠢ ᠲᠤᠰᠤᠨ᠎ᠠ
ᠠᠭᠤᠯᠠ ᠴᠡᠴᠡᠭ ᠬᠤᠶᠠᠷ᠎ᠤᠨ᠎ᠢᠶᠠᠨ ᠲᠤᠮᠳᠠ ᠬᠦᠶᠦᠨᠡᠮ
ᠲᠤᠷᠤᠢᠭ᠍ᠰᠠᠭᠠᠷ ᠬᠤᠴᠤᠷᠣᠭ᠍ᠰᠠᠨ ᠡᠵᠢ᠎ᠶ᠋ᠢᠨ ᠮᠢᠨᠢ
ᠲᠤᠷᠮᠤᠢᠵᠦ᠍ ᠰᠠᠭᠤᠭ᠎ᠠ ᠲᠡᠭ᠌ᠷᠢ᠎ᠶ᠋ᠢᠨ ᠦᠷ
ᠲᠤᠷᠳᠤᠩ᠎ᠤᠨ ᠦᠩᠭᠡ᠎ᠪᠠᠷ ᠡᠬᠢᠯᠡᠬᠦ᠌᠎ᠳᠤ
ᠲᠤᠤᠯᠢᠮ᠎ᠠ ᠬᠤᠷᠸ᠎ᠠ ᠬᠠᠳᠠᠭ᠎ᠤᠨ ᠴᠡᠩᠭᠡᠷ ᠨᠠᠮᠢᠷᠠᠨ᠎ᠠ
ᠲᠡᠩᠳᠡᠭᠦᠦ ᠶᠡᠭᠡ ᠠᠴᠢ᠎ᠶ᠋ᠢ᠎ᠨᠢ ᠰᠠᠨᠠᠬᠤ᠎ᠳᠤ
ᠲᠡᠯᠡᠬᠡᠢ ᠲᠦᠭᠦᠷᠡᠩ ᠬᠠᠢᠷ᠎ᠠ ᠡᠨᠡᠷᠢᠯ ᠦᠷᠭᠦᠯᠵᠢᠯᠡᠨᠡᠮ
ᠲᠤᠳᠠᠭᠤ᠎ᠲᠠᠢ ᠬᠤᠷᠸ᠎ᠠ᠎ᠶ᠋ᠢᠨ ᠬᠠᠳᠠᠭᠤ᠎ᠶ᠋ᠢ ᠲᠠᠨᠢᠭᠤᠯᠵᠦ᠍
ᠲᠠᠭᠤᠤ᠎ᠳᠤ ᠯᠡ ᠦᠯᠡᠳᠡᠭ᠌ᠰᠡᠨ ᠠᠪᠤ᠎ᠪᠠᠨ ᠮᠦᠷᠦᠭᠡᠳᠬᠦᠢ
ᠲᠠᠭᠤᠳᠤ᠎ᠶ᠋ᠢᠨ ᠪᠤᠷᠤ ᠲᠠᠯ᠎ᠠ ᠵᠡᠭᠦᠳᠦᠨ᠎ᠳᠤ ᠲᠡᠯᠭᠡᠭ᠌ᠳᠡᠭᠡᠳ
ᠲᠤᠰᠤᠭᠠᠳ ᠤᠭ᠍ᠳᠤᠳᠠᠭ ᠬᠦᠳᠦᠯ ᠵᠡᠬᠦᠳᠦᠨ᠎ᠳᠤ ᠲᠤᠷᠤᠢᠭᠠᠳ
ᠲᠤᠮᠤᠭ᠎ᠤᠨ ᠪᠠᠭᠠᠳᠤᠷ ᠱᠢᠭ᠋ ᠡᠷ᠎ᠡ ᠮᠤᠷᠢᠳᠠᠢ ᠢᠷᠡᠨ ᠪᠠᠭᠤᠵᠦ᠍
ᠲᠤᠰᠤ᠎ᠲᠠᠢ ᠴᠠᠢ ᠤᠤᠭᠤᠵᠦ᠍ ᠬᠦᠯᠦᠷᠡᠨ ᠰᠠᠭᠤᠨᠠᠮ
ᠲᠤᠷᠠᠳᠭᠠᠯ ᠪᠢᠳᠡ ᠬᠤᠶᠠᠷ ᠪᠡᠶ᠎ᠡ ᠪᠡᠶ᠎ᠡ᠎ᠳᠡᠭᠡᠨ ᠡᠷᠬᠡᠯᠡᠨᠡᠮ
ᠡᠪᠡᠰᠤᠨ᠎ᠤ ᠲᠤᠯᠤᠭᠠᠢ ᠪᠦᠬᠦᠯᠵᠡᠬᠦ᠌ ᠬᠢᠷᠠᠭᠤ᠎ᠳᠤ ᠦᠷᠯᠦᠭᠡ
ᠡᠭᠦᠯᠡ ᠲᠠᠯᠳᠠᠯᠠᠭ᠍ᠰᠠᠨ ᠪᠤᠭᠤᠷᠤᠯᠤᠳᠢᠶᠠᠨ ᠲᠤᠷᠠᠰᠭᠤᠢ
ᠡᠭᠡᠯ ᠦᠭᠡᠢ ᠤᠬᠠᠭᠠᠨ᠎ᠳᠤ ᠭᠡᠭᠡᠷᠡᠭᠦᠢᠶ᠋ᠢᠨ ᠰᠤᠷᠭᠠᠯ᠎ᠨᠢ
ᠡᠰ ᠪᠦᠬᠦᠨ᠎ᠢ ᠮᠢᠨᠢ ᠢᠪᠡᠭᠡᠨ ᠲᠠᠭᠤᠳᠠᠨᠠᠮ
ᠠᠭᠤᠯᠠᠰ᠎ᠤᠨ᠎ᠢᠶᠠᠨ ᠴᠢᠯᠠᠭᠤ᠎ᠶ᠋ᠢ ᠦᠭᠡᠳᠡ᠎ᠨᠢ ᠲᠡᠭ᠌ᠰᠢᠯᠡᠬᠦ᠌
ᠤᠬᠠᠭᠠᠨ᠎ᠤ ᠲᠡᠮ᠎ᠳᠤ ᠦᠷᠡᠰ᠎ᠨᠢ ᠦᠰᠦᠨᠡᠮ
ᠡᠷᠬᠢᠮᠰᠦᠭ ᠭᠤᠸ᠎ᠠ ᠤᠷᠤᠱᠢᠬᠤᠢ᠎ᠳᠤ ᠭᠠᠵᠠᠷ᠎ᠤᠨ ᠠᠮᠢᠰᠭᠤᠭ᠎ᠠ ᠲᠡᠨᠢᠢᠨ
ᠡᠩᠭᠡᠷ᠎ᠤᠨ ᠭᠤᠷᠪᠠᠨ ᠨᠠᠭᠤᠷ ᠢᠷᠭᠤᠢ ᠵᠠᠬᠠᠯᠠᠨ ᠤᠷᠢᠬᠠᠨ ᠬᠠᠪᠤᠷ ᠢᠷᠡᠵᠦ᠍
ᠡᠬᠢᠯᠡᠯ ᠲᠡᠭᠦᠰᠭᠡᠯᠢ ᠶᠢᠷᠳᠢᠨᠴᠦ᠍᠎ᠶ᠋ᠢᠨ ᠴᠢᠨᠠᠳᠤ᠎ᠳᠤ ᠠᠶᠠᠯᠭᠤ ᠲᠦᠷᠢᠨ
ᠢᠷᠦᠭᠡᠯ᠎ᠤᠨ ᠰᠠᠴᠤᠯᠢ᠎ᠲᠠᠢ ᠲᠡᠭ᠌ᠷᠢ᠎ᠳᠤ ᠨᠠᠮᠤᠷ᠎ᠤᠨ ᠱᠢᠪᠠᠭᠤᠳ ᠪᠤᠴᠠᠭ᠍ᠰᠠᠭᠠᠷ
ᠶᠢᠰᠦᠨ ᠬᠦᠰᠡᠯ᠎ᠤᠨ ᠡᠬᠡ ᠤᠷᠤᠨ ᠮᠢᠨᠢ ᠦᠷ᠎ᠡ᠎ᠪᠠᠨ ᠪᠠᠷᠠᠯᠠᠨᠠᠮ
ᠡᠩᠭᠡᠰᠭ᠌ᠡᠳᠤ ᠬᠠᠴᠠᠷ᠎ᠢᠶᠠᠨ ᠦᠭ᠌ᠴᠦ ᠦᠨᠦᠰᠦᠭᠦᠯᠬᠦ᠌
ᠡᠯᠢᠭᠡᠨ ᠬᠦᠷᠡᠩ ᠠᠭᠤᠯᠠᠰ ᠮᠢᠨᠢ ᠲᠡᠪᠡᠷᠢᠨᠡᠮ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠣᠷᠬᠢᠯ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃