2024-12-25 11:42:15
ᠭᠡᠭᠡᠪᠴᠢᠨ ᠱᠢᠯ ᠲᠡᠭᠡᠷ᠎ᠡ
ᠭᠠᠢᠬᠠᠮᠱᠢᠭ᠍ᠳᠤ ᠵᠢᠷᠤᠭ᠎ᠢ ᠪᠦᠳᠦᠭᠡᠳᠡᠭ᠎ᠨᠢ
ᠡᠪᠦᠯ ᠭᠡᠮᠡᠬᠦ᠌ ᠵᠢᠷᠤᠭ᠍ᠴᠢᠨ
ᠮᠦᠩᠬᠦᠨ ᠴᠠᠭᠠᠨ ᠴᠠᠰᠤ
ᠮᠤᠳᠤᠨ᠎ᠤ ᠨᠠᠪᠴᠢ᠎ᠶ᠋ᠢ ᠤᠷᠤᠯᠠᠵᠦ᠍
ᠮᠦᠱᠢᠶᠠᠨ ᠲᠡᠯᠭᠡᠷᠡᠬᠦ᠌᠎ᠨᠢ ᠬᠠᠢᠷ᠎ᠠ
ᠬᠦᠷᠦᠰᠦᠨ ᠲᠤᠤᠷᠠᠭᠢ
ᠬᠦᠭᠡ ᠦᠨᠳᠦᠰᠦᠨ᠎ᠤ ᠠᠮᠢᠰᠭᠤᠭ᠎ᠠ
ᠵᠢᠷᠦᠭᠡᠨ ᠴᠤᠭᠢᠯᠭ᠎ᠠ᠎ᠲᠠᠢ ᠢᠵᠢᠯᠭᠡᠨ
ᠦᠳᠡᠰᠢ᠎ᠶ᠋ᠢᠨ ᠬᠠᠷᠠᠩᠭᠤᠢ᠎ᠳᠤ ᠠᠭᠤᠯᠠᠰ
ᠦᠷᠦᠴᠡ ᠵᠢᠷᠦᠭᠡᠨ᠎ᠠᠴᠠ᠎ᠪᠠᠨ ᠭᠡᠷᠡᠯᠳᠦᠭᠡᠳ
ᠤᠨᠢᠰᠤᠭ᠎ᠠ ᠮᠡᠳᠦ ᠬᠦᠨᠵᠡᠭᠡᠢ
ᠦᠨᠳᠦᠰᠦ᠎ᠳᠡᠭᠡᠨ ᠪᠤᠴᠠᠭ᠍ᠰᠠᠨ ᠨᠠᠪᠴᠢᠰ
ᠡᠪᠦᠯᠵᠢᠨ ᠬᠠᠪᠤᠷ᠎ᠢᠶᠠᠨ ᠵᠡᠬᠦᠳᠦᠯᠡᠬᠦ᠌ᠳᠤ
ᠤᠷᠭᠤᠬᠤ᠎ᠶ᠋ᠢᠨ ᠬᠦᠰᠡᠯ᠎ᠨᠢ ᠲᠡᠯᠭᠡᠷᠡᠨᠡᠮ
ᠪᠤᠯᠠᠭ᠎ᠤᠨ ᠤᠰᠤᠨ᠎ᠤ ᠠᠭᠤᠷ᠎ᠲᠤ
ᠪᠡᠭᠡᠷᠡᠭ᠌ᠰᠡᠨ ᠰᠠᠶ᠎ᠠ ᠤᠳᠤᠳ
ᠪᠡᠶ᠎ᠡ ᠰᠡᠳᠭᠢᠯ᠎ᠢᠶᠠᠨ ᠲᠤᠯᠠᠭᠠᠴᠠᠨᠠ
ᠱᠢᠭᠤᠷᠭ᠎ᠠ᠎ᠶ᠋ᠢ ᠵᠦᠰᠦᠨ
ᠱᠢᠯᠢ᠎ᠶ᠋ᠢᠨ ᠵᠡᠭᠡᠷ᠎ᠡ
ᠰᠤᠮᠤ ᠮᠡᠳᠦ ᠴᠠᠭᠢᠯᠤᠨᠠᠮ
ᠨᠢᠴᠦᠬᠦᠨ ᠤᠢ᠎ᠳᠤ
ᠨᠢᠭᠡᠨ ᠦᠨᠡᠭᠡ
ᠲᠤᠮᠤᠭ᠎ᠤᠨ᠎ᠬᠢ ᠱᠢᠭ
ᠲᠡᠰᠭᠢᠮ᠎ᠡ ᠡᠪᠦᠯ᠎ᠤᠨ ᠲᠡᠭ᠌ᠷᠢ
ᠲᠡᠮᠡᠭᠡᠴᠢᠨ ᠡᠷ᠎ᠡ᠎ᠶ᠋ᠢᠨ ᠲᠠᠭᠤᠤ᠎ᠳᠤ
ᠲᠤᠳᠤᠷ᠎ᠠ᠎ᠠᠴᠠ᠎ᠪᠠᠨ ᠬᠦᠯᠦᠷᠡᠨᠡ
ᠴᠢᠯᠠᠭᠤᠨ᠎ᠤ ᠭᠡᠷᠡᠯ᠎ᠢ
ᠴᠡᠪᠳᠡᠭ ᠡᠪᠦᠯ᠎ᠠᠴᠠ ᠯᠡ
ᠴᠢ ᠮᠢᠨᠢ ᠤᠢᠯᠠᠭᠠᠨ᠎ᠠ
ᠨᠢᠴᠦᠬᠦᠨ ᠮᠤᠳᠤᠨ᠎ᠤ ᠰᠠᠯᠠᠭᠠᠨ᠎ᠳᠤ
ᠨᠠᠷᠠ ᠰᠠᠭᠤᠭᠠᠳ ᠱᠢᠪᠠᠭᠤ ᠱᠢᠭ᠋ ᠵᠢᠷᠭᠢᠬᠦ᠌᠎ᠳᠤ
ᠨᠤᠭᠤᠭᠠᠨ ᠭᠡᠷᠡᠯ ᠰᠠᠴᠤᠷᠠᠨ᠎ᠠ
ᠮᠦᠩᠬᠦᠨ ᠰᠠᠷᠠᠨ᠎ᠤ ᠡᠭᠡᠱᠢᠭ
ᠮᠦᠰᠦᠳᠦᠭ᠌ᠰᠡᠨ ᠭᠤᠤᠯ᠎ᠤᠨ ᠱᠢᠷᠤᠩᠬᠠᠢ᠎ᠲᠠᠢ
ᠮᠦᠷᠦᠭᠡᠳᠦᠯ᠎ᠤᠨ ᠶᠤᠩᠬᠤᠷᠢ ᠮᠢᠨᠢ ᠴᠢᠪᠠᠭ᠍ᠳᠠᠨᠠ
ᠱᠢᠷᠭᠡᠭ ᠴᠠᠰᠤ ᠠᠯᠠᠭᠠᠨ ᠲᠡᠭᠡᠷ᠎ᠡ ᠲᠤᠰᠭᠤ᠎ᠳᠤ
ᠰᠤᠳᠠᠰᠤ ᠪᠦᠬᠦᠨ ᠦᠶᠡᠷᠯᠡᠭᠡᠳ
ᠰᠡᠳᠭᠢᠯ ᠰᠠᠨᠠᠭ᠎ᠠ ᠬᠦᠭ᠌ᠰᠡᠬᠦᠢ
ᠡᠪᠦᠯ᠎ᠤᠨ ᠨᠢᠳᠦᠨ᠎ᠠᠴᠠ
ᠢᠷᠭᠤᠢ᠎ᠶ᠋ᠢᠨ ᠮᠦᠱᠢᠶᠡᠳᠦ ᠲᠤᠳᠤᠷᠠᠨ᠎ᠠ
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠰᠠᠢᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃