ᠲᠡᠷᠢᠭᠦᠨ ᠨᠢᠭᠤᠷ>ᠲᠠᠯ᠎ᠠ᠎ᠶ᠋ᠢᠨ ᠲᠤᠶᠠᠭ᠎ᠠ>ᠴᠢᠬᠢᠨ᠎ᠤ ᠴᠢᠮᠡᠭ

2025-01-08 11:25:55

ᠵᠣᠬᠢᠶᠠᠭ᠍ᠴᠢ᠄ ᠴᠢ᠊ · ᠨᠠᠷᠠᠨᠲᠣᠶᠠᠭ᠎ᠠ ᠣᠩᠱᠢᠭ᠍ᠰᠠᠨ ᠣᠳᠠᠭ᠎ᠠ᠄ 3


ᠬᠦᠦ᠍᠎ᠲᠠᠢ ᠮᠢᠨᠢ ᠬᠦᠲᠦᠯᠦᠯᠴᠡᠭᠡᠳ ᠢᠷᠡᠨ᠎ᠡ ᠬᠡᠨ᠎ᠡ

ᠲᠡᠢᠮᠦ᠍ ᠨᠢᠭᠡᠨ ᠬᠡᠷᠡᠯᠲᠦ ᠴᠠᠭ ᠮᠦᠴᠡ᠎ᠶ᠋ᠢ

ᠬᠦᠯᠢᠶᠡᠭᠡᠳ ᠳᠣᠭ᠍ᠳᠣᠯᠬᠤ ᠵᠢᠷᠦᠬᠡ ᠮᠢᠨᠢ

ᠲᠣᠳᠣᠭ᠍ᠰᠢ᠎ᠪᠠᠨ ᠳᠦᠷᠡᠯᠵᠡᠨ᠎ᠡ

ᠴᠠᠰᠣ ᠦᠭᠡᠢ

ᠴᠠᠭᠠᠨ᠎ᠠ᠎ᠪᠠᠨ ᠨᠢᠭᠡᠯᠡ ᠤᠢᠲᠡᠢ ᠡᠪᠦᠯ᠎ᠤᠨ ᠡᠳᠦᠷ᠎ᠢ

ᠴᠠᠰᠣᠨ ᠮᠡᠲᠦ ᠤᠶᠠᠰᠭᠠᠬᠤ᠎ᠨᠢ

ᠬᠡᠦᠬᠡᠳ ᠱᠢᠭ ᠣᠨ ᠰᠠᠷ᠎ᠠ᠎ᠤᠳ ᠡ

ᠨᠠᠮᠣᠷ᠎ᠤᠨ ᠱᠢᠷ᠎ᠠ ᠨᠠᠪᠴᠢᠨ᠎ᠤ ᠬᠠᠯᠠᠭᠤᠨ ᠱᠢᠭ᠋

ᠨᠢᠯ ᠬᠠᠯᠠᠭᠤᠨ ᠮᠦᠷᠦᠭᠡᠳᠦᠯ ᠠᠰᠠᠭᠠᠵᠦ᠍

ᠬᠡᠵᠢᠭᠡᠨ᠎ᠤ᠎ᠪᠠᠨ ᠮᠦᠩᠭᠦᠨ ᠰᠣᠷ᠎ᠤᠨ ᠲᠣᠭᠠᠯᠠᠩ᠎ᠢᠶᠠᠷ

ᠦᠪᠡᠷ᠎ᠢᠶᠠᠨ ᠪᠢ ᠬᠠᠭᠤᠴᠢᠷᠠᠨ᠎ᠠ

ᠬᠦᠦ᠍᠎ᠳᠡᠭᠡᠨ ᠱᠢᠨ᠎ᠡ ᠲᠡᠷᠯᠢᠭ ᠡᠰᠭᠡᠨ᠎ᠡ

ᠤᠶᠠᠭᠠᠨ ᠳᠡᠭᠡᠷ᠎ᠡ ᠱᠢᠨ᠎ᠡ ᠤᠨ᠎ᠲᠠᠢ ᠬᠠᠮᠳᠦ

ᠬᠦᠯᠦᠭ ᠱᠢᠭ ᠳᠠᠪᠬᠢᠭᠠᠳ ᠪᠠᠭᠤᠬᠤ

ᠬᠦᠭ᠌ᠵᠢᠯᠲᠡᠢ ᠬᠤᠷᠤᠮ᠎ᠳᠤᠨᠢ ᠴᠢᠮᠡᠭ ᠪᠣᠯᠭᠠᠵᠣ ᠁

ᠬᠤᠷᠢᠨ ᠲᠠᠪᠣᠨ ᠨᠠᠰᠣ᠎ᠶ᠋ᠢ᠎ᠨᠢ ᠪᠡᠯᠭᠡᠱᠢᠶᠡᠨ ᠪᠠᠢᠵᠣ

ᠬᠦᠰᠡᠯ ᠮᠦᠷᠦᠭᠡᠳᠦᠯ᠎ᠢᠶᠠᠨ ᠱᠢᠪᠡᠨᠡᠨ ᠪᠠᠢᠵᠣ

ᠬᠠᠢᠷ᠎ᠠ ᠰᠠᠨᠠᠯ᠎ᠢᠶᠠᠨ ᠱᠢᠩᠭᠡᠭᠡᠨ ᠪᠠᠢᠵᠣ

ᠰᠣᠷᠣᠯᠭ᠎ᠠ ᠠᠮᠢᠳᠣᠷᠠᠯ᠎ᠢ᠎ᠨᠢ ᠵᠥᠩᠨᠡᠨ ᠪᠠᠢᠵᠣ

ᠰᠠᠢᠨ᠎ᠤ ᠢᠷᠦᠭᠡᠯ᠎ᠢᠶᠠᠨ ᠳᠡᠪᠱᠢᠭᠦᠯᠦᠨ ᠪᠠᠢᠵᠣ

ᠬᠤᠷᠭᠤᠢ ᠲᠣᠷᠭ᠎ᠠ᠎ᠪᠠᠷ ᠡᠮᠵᠢᠶᠡᠷᠢ ᠳᠠᠷᠣᠵᠣ

ᠬᠤᠯᠠ ᠣᠢᠷ᠎ᠠ᠎ᠶ᠋ᠢ᠎ᠨᠢ ᠲᠡᠩᠴᠡᠭᠦᠯᠦᠨ ᠬᠠᠪᠠᠵᠤ

ᠬᠦᠦ᠍᠎ᠳᠡᠭᠡᠨ ᠲᠡᠷᠯᠢᠭ ᠤᠶᠤᠵᠤ ᠬᠦᠯᠢᠶᠡᠨ᠎ᠡ

ᠬᠦᠦ ᠮᠢᠨᠢ ᠱᠢᠨ᠎ᠡ ᠣᠨ ᠶᠣᠮ

ᠬᠦᠰᠡᠯ ᠮᠦᠷᠦᠭᠡᠳᠦᠯ᠎ᠤᠨ ᠱᠢᠨ᠎ᠡ ᠱᠢᠯᠦᠭ ᠶᠤᠮ

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面