ᠲᠡᠷᠢᠭᠦᠨ ᠨᠢᠭᠤᠷ>ᠲᠠᠯ᠎ᠠ᠎ᠶ᠋ᠢᠨ ᠲᠤᠶᠠᠭ᠎ᠠ>ᠴᠢᠬᠢᠨ᠎ᠤ ᠴᠢᠮᠡᠭ

2024-12-11 16:23:43

ᠵᠣᠬᠢᠶᠠᠭ᠍ᠴᠢ᠄ ᠮ · ᠴᠢᠩᠪᠠᠲᠤ ᠣᠩᠱᠢᠭ᠍ᠰᠠᠨ ᠣᠳᠠᠭ᠎ᠠ᠄ 3

ᠤᠯᠠᠪᠢᠷ ᠱᠢᠷᠭᠠᠯ ᠨᠠᠷᠠᠨ᠎ᠤ ᠭᠡᠷᠡᠯ ᠲᠤᠶᠠᠭᠠᠨ ᠲᠡᠭᠡᠷ᠎ᠠ

ᠤᠢ ᠬᠦᠪᠴᠢ᠎ᠶ᠋ᠢᠨ ᠬᠦᠨ᠎ᠤ ᠰᠠᠯᠡᠬᠦᠨ ᠵᠠᠢᠴᠠ ᠲᠡᠭᠡᠷ᠎ᠠ

ᠤᠷᠤᠩᠨᠠᠵᠤ ᠪᠠᠢᠭ᠎ᠠ ᠬᠠᠯᠵᠠᠨ ᠪᠤᠭᠤᠨ᠎ᠤ ᠡᠪᠡᠷ ᠲᠡᠭᠡᠷ᠎ᠠ

ᠤᠴᠢᠯᠠᠵᠤ ᠪᠠᠢᠭ᠎ᠠ ᠬᠠᠯᠠᠭᠤᠨ ᠲᠤᠯᠠᠭᠠᠨ ᠭᠠᠯ ᠲᠡᠭᠡᠷ᠎ᠠ

ᠡᠪᠤᠯ ᠢᠷᠠᠯ᠎ᠠ!


ᠦᠷᠦᠨ᠎ᠠ᠎ᠶ᠋ᠢᠨ ᠲᠤᠭ᠍ᠰᠢᠨ ᠰᠠᠯᠬᠢᠨ᠎ᠤ ᠬᠤᠷᠴᠠ ᠭᠡᠯᠠ ᠲᠡᠭᠡᠷ᠎ᠠ

ᠦᠯᠴᠢᠷ ᠬᠦᠷᠡᠩ ᠲᠡᠮᠡᠭᠡᠳ᠎ᠤᠨ ᠬᠤᠤᠰ ᠪᠦᠬᠦ ᠲᠡᠭᠡᠷ᠎ᠠ

ᠦᠷᠦᠭᠡ ᠴᠠᠭᠠᠨ ᠭᠡᠷ᠎ᠤᠨ ᠬᠤᠷᠯᠤ ᠲᠤᠭᠤᠨᠤᠨ ᠲᠡᠭᠡᠷ᠎ᠠ

ᠦᠨᠠᠭᠡᠨ ᠠᠷᠠᠰᠤᠨ ᠮᠠᠯᠠᠭᠠᠢ᠎ᠶ᠋ᠢᠨ ᠲᠤᠷᠭᠠᠨ ᠰᠤᠷ ᠲᠡᠭᠡᠷ᠎ᠠ

ᠡᠪᠤᠯ ᠢᠷᠠᠯ᠎ᠠ!


ᠪᠤᠯᠵᠤᠮᠤᠷ ᠱᠢᠪᠠᠭᠤᠳ᠎ᠤᠨ ᠱᠤᠯᠣᠭᠠᠨᠠᠬᠣ ᠲᠠᠭᠤᠨ ᠲᠡᠭᠡᠷ᠎ᠠ

ᠪᠤᠳᠠᠨ᠎ᠤ ᠪᠤᠷᠤ ᠲᠠᠤᠯᠠᠢ᠎ᠶ᠋ᠢᠨ ᠰᠤᠴᠢᠭ᠍ᠰᠠᠨ ᠨᠢᠳᠤᠨ ᠲᠡᠭᠡᠷ᠎ᠠ

ᠪᠤᠭᠤᠷᠤᠯ ᠡᠪᠤᠭᠡᠳ᠎ᠤᠨ ᠬᠠᠭᠤᠴᠢ ᠶᠠᠷᠢᠶ᠎ᠠ ᠲᠤᠮᠤᠭ ᠲᠡᠭᠡᠷ᠎ᠠ

ᠪᠤᠰᠤᠭ᠎ᠠ ᠬᠡᠢᠮᠤᠷᠢ᠎ᠶ᠋ᠢᠨ ᠭᠡᠭᠡᠨ ᠰᠤᠪᠢᠡᠭ ᠠᠨᠢᠷ ᠲᠡᠭᠡᠷ᠎ᠠ

ᠡᠪᠤᠯ ᠢᠷᠠᠯ᠎ᠠ!


ᠴᠡᠩ ᠰᠡᠪᠰᠠᠭ᠍ᠰᠠᠨ ᠬᠦᠢᠳᠠᠨ ᠠᠭᠤᠷ ᠠᠮᠢᠰᠭᠤᠯ ᠲᠡᠭᠡᠷ᠎ᠠ

ᠴᠠᠰᠤ ᠬᠠᠶᠠᠯᠠᠬᠤ ᠬᠦᠡᠭ᠌ᠭᠡᠨ ᠵᠦᠭᠡᠯᠡᠨ ᠠᠢᠵᠠᠮ ᠲᠡᠭᠡᠷ᠎ᠠ

ᠴᠠᠭᠠᠨ ᠱᠢᠯᠦᠭ᠎ᠤᠨ ᠤᠶᠠᠩᠭ᠎ᠠ ᠢᠷᠠᠭᠤ ᠡᠭᠡᠱᠢᠭ ᠲᠡᠭᠡᠷ᠎ᠠ

ᠴᠠᠭ᠍ᠯᠠᠰᠢ ᠦᠭᠡᠢ ᠤᠬᠠᠭ᠎ᠠ ᠪᠤᠳᠤᠯ᠎ᠤᠨ ᠦᠵᠦᠬᠦᠷ ᠲᠡᠭᠡᠷ᠎ᠠ

ᠡᠪᠤᠯ ᠢᠷᠠᠯ᠎ᠠ!

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面