ᠲᠡᠷᠢᠭᠦᠨ ᠨᠢᠭᠤᠷ>ᠲᠠᠯ᠎ᠠ᠎ᠶ᠋ᠢᠨ ᠲᠤᠶᠠᠭ᠎ᠠ>ᠴᠢᠬᠢᠨ᠎ᠤ ᠴᠢᠮᠡᠭ

2024-12-25 11:29:13

ᠵᠣᠬᠢᠶᠠᠭ᠍ᠴᠢ᠄ ᠵᠠ᠊ · ᠷᠢᠨᠴᠢᠨ ᠣᠩᠱᠢᠭ᠍ᠰᠠᠨ ᠣᠳᠠᠭ᠎ᠠ᠄ 3


ᠡᠪᠦᠯ᠎ᠤᠨ ᠬᠦᠢᠳᠡᠨ᠎ᠳᠤ ᠪᠢ ᠬᠠᠢᠷᠠᠳᠠᠢ ᠪᠠᠢᠳᠠᠭ ᠶᠤᠮ

ᠡᠪᠦᠯ᠎ᠳᠤ ᠬᠠᠢᠷᠠᠳᠠᠢ᠎ᠶ᠋ᠢᠨ ᠱᠢᠯᠳᠠᠭᠠᠨ᠎ᠨᠢ ᠶᠠᠭ ᠡᠨᠡ ᠶᠤᠮ

ᠡᠰᠭᠡᠮ᠎ᠡ ᠬᠦᠢᠳᠡᠨ᠎ᠠᠴᠠ ᠪᠢ ᠠᠵᠢᠶᠠᠷᠠᠬᠤ ᠦᠭᠡᠢ ᠵᠢᠨ ᠤᠴᠢᠷ᠎ᠨᠢ

ᠡᠪᠦᠯ᠎ᠤᠨ ᠬᠦᠢᠳᠡᠨ᠎ᠳᠤ ᠪᠢ ᠲᠤᠯᠠᠭᠠᠴᠠᠵᠤ ᠪᠠᠢᠳᠠᠭ᠎ᠲᠠᠭᠠᠨ ᠶᠤᠮ




ᠡᠪᠦᠯ᠎ᠤᠨ ᠠᠯᠮᠠᠩ ᠰᠠᠷᠠᠨ᠎ᠳᠤ ᠪᠢ ᠬᠠᠢᠷᠠᠳᠠᠢ ᠪᠠᠢᠳᠠᠭ ᠶᠤᠮ

ᠡᠪᠦᠯ᠎ᠳᠤ ᠬᠠᠢᠷᠠᠳᠠᠢ᠎ᠶ᠋ᠢᠨ ᠱᠢᠯᠳᠠᠭᠠᠨ ᠨᠢ ᠶᠠᠭ ᠡᠨᠡ ᠶᠤᠮ

ᠡᠩ ᠳᠡᠢ ᠲᠤᠷᠭ᠎ᠠ᠎ᠶ᠋ᠢ ᠲᠡᠯᠭᠡᠭ᠌ᠰᠡᠨ ᠱᠢᠭ ᠦ ᠦᠭᠡᠢ ᠲᠤᠶᠠᠭ᠎ᠠ᠎ᠨᠢ

ᠡᠮ ᠵᠢᠮᠭᠡᠨ᠎ᠢᠶᠠᠷ ᠮᠢᠨᠦ᠍ ᠶᠢᠷᠳᠢᠨᠴᠦ᠍᠎ᠶ᠋ᠢ ᠭᠤᠶᠤᠯᠠᠵᠤ ᠪᠠᠢᠳᠠᠭ᠎ᠲᠤᠨᠢ ᠶᠤᠮ




ᠡᠪᠦᠯ᠎ᠤᠨ ᠦᠳᠡ᠎ᠳᠤ ᠪᠢ ᠬᠠᠢᠷᠠᠳᠠᠢ ᠪᠠᠢᠳᠠᠭ ᠶᠤᠮ

ᠡᠪᠦᠯ᠎ᠤᠨ ᠪᠤᠭᠤᠨᠢᠬᠠᠨ ᠦᠳᠡ᠎ᠳᠤ ᠪᠢ ᠨᠠᠷᠠ ᠵᠢᠷᠤᠳᠠᠭ ᠶᠤᠮ

ᠪᠤᠭᠤᠷᠤᠯ ᠲᠤᠯᠤᠭᠠᠳ ᠬᠦᠦᠷᠨᠢᠯᠳᠦᠨ ᠲᠠᠮᠠᠬᠢᠯᠠᠵᠠᠭᠠᠳᠠᠭ ᠶᠤᠮ

ᠦᠨᠢ ᠮᠦᠩᠭᠡ᠎ᠶ᠋ᠢᠨ ᠵᠤᠭᠤᠭ᠎ᠨᠢ ᠨᠠᠳᠠ᠎ᠳᠤ ᠢᠷᠡᠳᠡᠭ ᠶᠤᠮ




ᠡᠪᠦᠯ᠎ᠤᠨ ᠡᠭᠡ ᠭᠠᠵᠠᠷ᠎ᠲᠤ ᠪᠢ ᠬᠠᠢᠷᠠᠳᠠᠢ ᠪᠠᠢᠳᠠᠭ ᠶᠤᠮ

ᠠᠮᠤᠷᠵᠢᠭ᠍ᠰᠠᠨ ᠡᠭᠡ᠎ᠶ᠋ᠢᠨ ᠲᠠᠢᠪᠤᠭᠤᠬᠠᠨ ᠨᠤᠢᠷ᠎ᠲᠤ ᠠᠪᠳᠠᠳᠠᠭ ᠶᠤᠮ

ᠠᠯᠵᠢᠶᠠᠭ᠍ᠰᠠᠨ ᠪᠡᠶ᠎ᠡ ᠴᠤᠭ᠍ᠴᠠᠰ᠎ᠢᠶᠠᠨ ᠲᠡᠨᠢᠢᠯᠭᠡᠬᠦ᠌ ᠡᠨᠡᠭᠡᠨ ᠴᠢᠯᠦᠭᠡ᠎ᠶ᠋ᠢ

ᠠᠮᠠᠷᠠᠭ ᠰᠠᠯᠬᠢ ᠬᠦᠭᠡᠮᠡᠢᠳᠡᠨ ᠵᠠᠷᠯᠠᠵᠤ ᠪᠠᠢᠳᠠᠭ ᠶᠤᠮ




ᠡᠪᠦᠯ᠎ᠤᠨ ᠮᠤᠳᠤᠳ᠎ᠲᠤ ᠪᠢ ᠬᠠᠢᠷᠠᠳᠠᠢ ᠪᠠᠢᠳᠠᠭ ᠶᠤᠮ

ᠦᠷ᠎ᠡ᠎ᠶ᠋ᠢᠨ᠎ᠢᠶᠠᠨ ᠬᠤᠢᠨ᠎ᠠ᠎ᠠᠴᠠ ᠪᠠᠷᠠᠯᠠᠭ᠍ᠰᠠᠨ ᠡᠴᠢᠭᠡ᠎ᠶ᠋ᠢᠨ ᠲᠦᠷᠢ᠎ᠲᠠᠢ ᠶᠤᠮ

ᠤᠨ ᠵᠢᠯ᠎ᠤᠨ ᠪᠤᠱᠤᠭ᠎ᠠ ᠬᠤᠳᠤᠢᠳᠠᠯ᠎ᠠ ᠡᠯᠡᠭᠡᠳᠡᠭ

ᠡᠢᠮᠦ᠍ ᠤᠪᠤᠷ᠎ᠨᠢ ᠨᠠᠮᠠᠶ᠋ᠢ ᠰᠡᠩᠭᠡᠷᠡᠬᠦᠯᠳᠡᠭ ᠶᠤᠮ




ᠡᠪᠦᠯ᠎ᠤᠨ ᠲᠤᠭᠤᠢ ᠤᠰᠤᠨ᠎ᠳᠤ ᠪᠢ ᠬᠠᠢᠷᠠᠳᠠᠢ ᠪᠠᠢᠳᠠᠭ ᠶᠤᠮ

ᠮᠦᠰᠦ ᠪᠤᠯᠤᠭᠠᠳ ᠴᠠᠰᠤᠨ ᠲᠤᠤᠷ᠎ᠠ ᠬᠠᠳᠠᠭᠤᠵᠢᠵᠤ ᠬᠦᠯᠢᠶᠡᠳᠡᠭ ᠶᠤᠮ

ᠠᠢᠰᠤᠢ ᠬᠠᠪᠤᠷ᠎ᠲᠤ ᠬᠦᠷᠦᠩᠭᠡ᠎ᠪᠠᠷ ᠨᠦᠭᠡᠴᠡᠯᠡᠭ᠌ᠳᠡᠵᠦ᠍

ᠬᠠᠨ ᠲᠡᠯᠡᠭᠡᠢ᠎ᠶ᠋ᠢᠨ ᠪᠤᠶᠠᠨ ᠲᠡᠯᠭᠡᠷᠡᠬᠦ᠎ᠳᠤ ᠢᠭ᠌ᠳᠦᠯᠵᠦ᠍ ᠪᠠᠢᠳᠠᠭ ᠶᠤᠮ




ᠡᠪᠦᠯ᠎ᠤᠨ ᠵᠢᠯᠮᠡᠬᠦᠨ ᠰᠠᠯᠬᠢᠨ᠎ᠳᠤ ᠪᠢ ᠬᠠᠢᠷᠠᠳᠠᠢ ᠪᠠᠢᠳᠠᠭ ᠶᠤᠮ

ᠬᠠᠢᠷ᠎ᠠ ᠨᠠᠢᠷ ᠦᠭᠡᠢ ᠤᠷᠢᠶᠠᠯᠭᠠᠳᠠᠭ᠎ᠲᠤᠨᠢ ᠲᠤᠷᠠᠳᠠᠢ ᠪᠠᠢᠳᠠᠭ ᠶᠤᠮ

ᠬᠠᠳᠠᠭᠤ᠎ᠪᠠᠷ ᠡᠨᠡᠷᠢᠳᠡᠭ ᠪᠠᠳᠤ ᠰᠡᠳᠭᠢᠯ᠎ᠤᠨ ᠬᠢᠨᠢ ᠬᠠᠷᠢᠭᠤ᠎ᠳᠤ

ᠬᠠᠷᠢᠨ ᠴᠦ᠍ ᠶᠠᠰᠤ ᠴᠢᠩᠭ᠎ᠠ ᠪᠠᠢᠬᠤ᠎ᠨᠢ ᠵᠦᠪ ᠭᠡᠵᠤ ᠱᠢᠢᠳᠳᠡᠭ ᠶᠤᠮ




ᠡᠪᠦᠯ᠎ᠤᠨ ᠤᠷᠳᠤ ᠰᠦᠨᠢ᠎ᠳᠤ ᠪᠢ ᠬᠠᠢᠷᠠᠳᠠᠢ ᠪᠠᠢᠳᠠᠭ ᠶᠤᠮ

ᠲᠤᠯᠭᠠᠨ᠎ᠤ᠎ᠪᠠᠨ ᠲᠡᠷᠭᠡᠳᠡ ᠦᠯᠢᠭᠡᠷ᠎ᠤᠨ ᠭᠡᠪ ᠮᠤᠰᠭᠢᠵᠤ ᠰᠠᠭᠤᠳᠠᠭ ᠶᠤᠮ

ᠠᠯᠠᠭᠠᠨ᠎ᠳᠤ ᠭᠡᠷᠡᠯᠳᠦᠬᠦ᠌ ᠠᠯᠳᠠᠨ ᠬᠤᠷᠤᠮ᠎ᠤᠨ᠎ᠢᠶᠠᠨ ᠭᠡᠭᠡᠨ ᠮᠦᠬᠦᠯᠢᠭ᠎ᠲᠤ

ᠠᠵᠠ ᠵᠢᠷᠭᠠᠯ᠎ᠤᠨ ᠱᠢᠪᠠᠭᠤᠬᠠᠢ ᠡᠬᠦᠷᠯᠡᠵᠦ᠍ ᠪᠠᠢᠬᠤ᠎ᠶ᠋ᠢ ᠢᠳᠡᠭᠡᠳᠡᠭ ᠶᠤᠮ




ᠡᠪᠦᠯ᠎ᠤᠨ ᠴᠠᠰᠤᠨ᠎ᠳᠤ ᠪᠢ ᠬᠠᠢᠷᠠᠳᠠᠢ ᠪᠠᠢᠳᠠᠭ ᠶᠤᠮ

ᠤᠢᠬᠤ ᠲᠤᠶᠠᠭᠠᠨ᠎ᠳᠤᠨᠢ ᠲᠤᠮᠤᠭᠠᠵᠢᠵᠤ ᠦᠰᠳᠡᠭ ᠶᠤᠮ

ᠤᠷᠴᠢᠯᠠᠩ᠎ᠳᠤ ᠢᠵᠢᠯ ᠦᠭᠡᠢ ᠪᠤᠷᠤ ᠪᠠᠯᠭᠠᠰᠤᠨ᠎ᠤ ᠡᠳᠦᠷ ᠰᠦᠨᠢ᠎ᠶ᠋ᠢ

ᠦᠮᠴᠢᠯᠡᠬᠦ᠌ ᠵᠠᠶᠠᠭ᠎ᠠ᠎ᠳᠠᠭᠠᠨ ᠪᠠᠷᠳᠠᠮ ᠠᠮᠢᠰᠭᠤᠳᠠᠭ ᠶᠤᠮ

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠠᠢᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面