ᠲᠡᠷᠢᠭᠦᠨ ᠨᠢᠭᠤᠷ>ᠲᠠᠯ᠎ᠠ᠎ᠶ᠋ᠢᠨ ᠲᠤᠶᠠᠭ᠎ᠠ>ᠴᠢᠬᠢᠨ᠎ᠤ ᠴᠢᠮᠡᠭ

2025-03-05 11:31:18

ᠵᠣᠬᠢᠶᠠᠭ᠍ᠴᠢ᠄ ᠰᠠᠢᠨᠪᠠᠶᠠᠷ ᠣᠩᠱᠢᠭ᠍ᠰᠠᠨ ᠣᠳᠠᠭ᠎ᠠ᠄ 3


ᠯᠸᠢ ᠹᠧᠩ ᠬᠠᠮᠢᠭ᠎ᠠ ᠶᠠᠪᠤᠴᠢᠬᠠᠪᠠ?

ᠯᠸᠢ ᠹᠧᠩ ᠬᠠᠮᠢᠭ᠎ᠠ ᠴᠤ᠌ ᠶᠠᠪᠤᠭ᠎ᠠ ᠦᠭᠡᠢ



ᠠᠭᠤᠤ ᠨᠠᠮ᠎ᠤᠨ᠎ᠢᠶᠠᠨ ᠵᠢᠭᠠᠪᠤᠷᠢ᠎ᠪᠠᠷ ᠯᠸᠢ ᠹᠧᠩ ᠠᠵᠢᠯᠯᠠᠭ᠍ᠰᠠᠭᠠᠷ

ᠠᠷᠠᠳ ᠲᠦᠮᠡᠨ᠎ᠤ ᠦᠢᠯᠡᠰ᠎ᠲᠤ ᠯᠸᠢ ᠹᠧᠩ ᠵᠢᠳᠬᠦᠭᠰᠡᠭᠡᠷ

ᠠᠷᠠᠳ᠎ᠤᠨ ᠴᠡᠷᠢᠭ᠎ᠤᠨ ᠡᠩᠨᠡᠭᠡ᠎ᠳᠤ ᠯᠸᠢ ᠹᠧᠩ ᠭᠠᠪᠱᠢᠭᠠᠢᠯᠠᠭ᠍ᠰᠠᠭᠠᠷ

ᠠᠷᠠᠯ᠎ᠤᠨ ᠱᠠᠷ ᠱᠢᠭ᠋ ᠵᠢᠳᠭᠦᠨ ᠯᠸᠢ ᠹᠧᠩ ᠮᠦᠩᠬᠡᠷᠡᠭᠰᠡᠭᠡᠷ




ᠤᠭ ᠰᠠᠨᠠᠭ᠎ᠠ᠎ᠪᠠᠨ ᠴᠡᠭᠡᠵᠢᠯᠡᠨ ᠡᠭᠦᠷᠭᠡ ᠬᠠᠷᠢᠭᠤᠴᠠᠯᠭ᠎ᠠ᠎ᠪᠠᠨ ᠭᠦᠢᠴᠡᠳᠭᠡᠵᠦ

ᠤᠯᠤᠰ ᠲᠥᠷᠥ᠎ᠶ᠋ᠢᠨ ᠵᠣᠭ᠍ᠰᠣᠯᠲᠠ᠎ᠪᠠᠨ ᠴᠠᠭ ᠢᠮᠠᠭ᠍ᠲᠠ ᠪᠠᠲᠤᠳᠭᠠᠭ᠍ᠰᠠᠭᠠᠷ

ᠦᠭᠡᠭᠦᠦ ᠶᠠᠳᠠᠭᠤ᠎ᠶ᠋ᠢ ᠳᠡᠮᠵᠢᠬᠦ᠌᠎ᠪᠠᠷ ᠦᠨᠢ᠎ᠶᠢᠨ ᠵᠢᠷᠭᠠᠯ᠎ᠢᠶᠠᠨ ᠪᠣᠯᠭᠠᠨ

ᠡᠯᠢᠭᠡᠨ ᠬᠠᠢᠷᠠᠲᠤ ᠲᠦᠮᠡᠨ᠎ᠳᠡᠭᠡᠨ ᠦᠨᠡᠨᠴᠢ ᠱᠢᠳᠤᠷᠭᠤ᠎ᠪᠠᠷ ᠦᠢᠯᠡᠴᠢᠯᠡᠭ᠌ᠰᠡᠭᠡᠷ




ᠡᠷᠭᠢ ᠱᠤᠷᠠᠭ᠎ᠤᠨ ᠵᠣᠷᠢᠭ ᠰᠠᠨᠠᠭ᠎ᠠ᠎ᠪᠠᠷ ᠡᠷᠬᠢᠯᠡᠭ᠌ᠰᠡᠨ ᠠᠵᠢᠯ᠎ᠢᠶᠠᠨ ᠪᠡᠶᠡᠯᠡᠭᠦᠯᠵᠦ

ᠡᠭᠡᠯ ᠵᠢᠷ᠎ᠤᠨ ᠠᠵᠢᠯ ᠳ᠋ᠠᠭᠠᠨ ᠣᠨᠴᠠ ᠵᠢᠳᠭᠦᠯ ᠦᠵᠡᠭᠦᠯᠦᠭ᠌ᠰᠡᠭᠡᠷ

ᠡᠯ᠎ᠡ ᠳᠡᠰ᠎ᠤᠨ ᠬᠥᠬᠢᠭᠦᠯᠦᠯ᠎ᠢᠶᠠᠷ ᠡᠩᠭᠡᠷ ᠲᠦᠬᠦᠷᠡᠩ ᠮᠢᠯᠢᠶᠠᠯᠭᠠᠭ᠍ᠰᠠᠭᠠᠷ

ᠡᠪ ᠬᠠᠮᠲᠤ᠎ᠶ᠋ᠢᠨ ᠨᠡᠢᠭᠡᠮ᠎ᠢ ᠪᠠᠢᠭᠤᠯᠬᠤ᠎ᠪᠠᠷ ᠬᠠᠨᠴᠤᠢ ᠱᠢᠮᠠᠯᠠᠨ ᠵᠢᠳᠬᠦᠭᠰᠡᠭᠡᠷ




ᠬᠠᠯᠠᠭᠤᠨ ᠵᠤᠨ᠎ᠤ ᠠᠶᠤᠩᠭᠠᠲᠤ ᠪᠣᠷᠣᠭᠠᠨ ᠡᠴᠡ ᠲᠠ ᠶᠡᠷᠦᠨᠢ ᠬᠠᠯᠠᠱᠢᠷᠠᠭ᠎ᠠ ᠦᠭᠡᠢ

ᠬᠠᠬᠢᠷ ᠡᠪᠦᠯ᠎ᠤᠨ ᠵᠤᠳ ᠱᠢᠭᠤᠷᠭᠠᠨ ᠡᠴᠡ ᠲᠠ ᠶᠡᠷᠦᠨᠢ ᠰᠦᠷᠳᠡᠭᠡ ᠦᠭᠡᠢ

ᠬᠠᠲᠠᠭᠤ ᠱᠢᠷᠭᠠᠭᠤ ᠠᠮᠢᠳᠤᠷᠠᠯ᠎ᠤᠨ ᠵᠠᠮ᠎ᠳᠤ ᠲᠠ ᠶᠡᠷᠦᠨᠢ ᠲᠥᠭᠡᠷᠢᠭᠡ ᠦᠭᠡᠢ

ᠬᠠᠮᠤᠭ ᠪᠥᠬᠦᠨ ᠠᠵᠢᠯ ᠶᠠᠪᠤᠳᠠᠯ᠎ᠳᠤ ᠲᠠ ᠶᠡᠷᠦᠨᠢ ᠤᠬᠤᠷᠢᠭ᠎ᠠ ᠦᠭᠡᠢ




ᠬᠦᠴᠢᠷ᠎ᠢ ᠢᠯᠠᠨ ᠲᠠᠪᠰᠢᠬᠣ᠎ᠳᠤ ᠯᠸᠢ ᠹᠧᠩ ᠮᠠᠨ᠎ᠢ ᠵᠣᠷᠢᠭ᠍ᠵᠢᠭᠤᠯᠤᠭ᠍ᠰᠠᠭᠠᠷ

ᠬᠦᠨᠳᠦ ᠡᠭᠦᠷᠭᠡ᠎ᠶ᠋ᠢ ᠪᠡᠶᠡᠯᠡᠭᠦᠯᠬᠦ᠌᠎ᠳᠤ ᠯᠸᠢ ᠹᠧᠩ ᠮᠠᠨ᠎ᠢ ᠤᠷᠮᠠᠱᠢᠭᠤᠯᠤᠭ᠍ᠰᠠᠭᠠᠷ

ᠬᠦᠰᠡᠯ ᠵᠡᠭᠦᠳᠦ᠍᠎ᠪᠠᠨ ᠲᠡᠷᠭᠡᠯᠱᠢᠭᠦᠯᠬᠦ᠌᠎ᠳᠤ ᠯᠸᠢ ᠹᠧᠩ ᠮᠠᠨ᠎ᠢ ᠣᠣᠬᠠᠢᠯᠠᠬᠰᠠᠭᠠᠷ

ᠬᠥᠭ᠌ᠵᠢᠨ ᠳᠠᠪᠱᠢᠬᠤ ᠦᠢᠯᠡᠰ᠎ᠲᠤ ᠯᠸᠢ ᠹᠧᠩ ᠮᠠᠨ᠎ᠢ ᠳᠠᠯᠠᠯᠤᠭ᠍ᠰᠠᠭᠠᠷ




ᠯᠸᠢ ᠹᠧᠩ ᠦᠨᠡᠨᠳᠡᠭᠡᠨ ᠳᠡᠷᠭᠡᠳᠡ ᠪᠠᠢᠭ᠍ᠰᠠᠭᠠᠷ

ᠯᠸᠢ ᠹᠧᠩ ᠡᠭᠦᠷᠢᠳᠡ ᠵᠢᠷᠦᠬᠡᠨ᠎ᠳᠤ ᠠᠮᠢᠯᠠᠬᠰᠠᠭᠠᠷ ᠡ !


  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠠᠢᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面