ᠲᠡᠷᠢᠭᠦᠨ ᠨᠢᠭᠤᠷ>ᠲᠠᠯ᠎ᠠ᠎ᠶ᠋ᠢᠨ ᠲᠤᠶᠠᠭ᠎ᠠ>ᠴᠢᠬᠢᠨ᠎ᠤ ᠴᠢᠮᠡᠭ

2026-02-04 16:20:57

ᠵᠣᠬᠢᠶᠠᠭ᠍ᠴᠢ᠄ ᠠᠯᠳ᠋ᠭ᠍ᠭᠠᠷᠣᠳᠢ ᠣᠩᠱᠢᠭ᠍ᠰᠠᠨ ᠣᠳᠠᠭ᠎ᠠ᠄ 3

ᠵᠣᠭ᠍ᠰᠤᠭ᠎ᠠ᠎ᠪᠠᠷ᠎ᠢᠶᠠᠨ ᠦᠷᠬᠡᠯᠡᠬᠦ᠌ ᠣᠯᠠᠭᠠᠨ ᠮᠣᠷᠢᠨ᠎ᠤ

ᠵᠢᠷᠤᠭ᠎ᠠ ᠬᠡᠳᠡᠭ᠎ᠢ᠎ᠨᠢ ᠶᠠᠭᠠᠬᠢᠨᠠᠮ ᠪᠢᠯᠡ

ᠴᠣᠬᠤᠮ ᠬᠤᠯᠠ᠎ᠠᠴᠠ ᠲᠠᠪᠬᠢᠭᠤᠯᠵᠦ᠍ ᠢᠷᠡᠭ᠌ᠰᠡᠨ

ᠴᠣᠯᠠ ᠠᠯᠳᠠᠷ᠎ᠢ᠎ᠨᠢ ᠬᠡᠷᠬᠢᠨᠡᠮ ᠪᠢᠯᠡ


ᠵᠢᠯ ᠵᠢᠷᠬᠢᠭ᠌ᠰᠡᠨ ᠠᠢᠯ᠎ᠤᠨ᠎ᠢᠶᠠᠨ

ᠵᠡᠯ᠎ᠡ ᠲᠡᠭᠡᠷ᠎ᠡ ᠪᠠᠢᠨ᠎ᠠ ᠬᠡᠵᠦ᠍ ᠵᠡᠬᠦᠳᠦᠯᠡᠵᠦ᠍ ᠪᠠᠢᠨ᠎ᠠ

ᠵᠢᠮᠡᠯᠴᠡᠵᠦ᠍ ᠣᠣᠭᠤᠭ᠍ᠰᠠᠨ ᠡᠪᠦᠭᠡᠳ᠎ᠲᠠᠢ᠎ᠪᠠᠨ

ᠵᠡᠭᠡᠷᠳᠡ ᠪᠣᠯᠪᠠ ᠬᠡᠵᠦ᠍ ᠵᠡᠬᠦᠳᠦᠯᠡᠵᠦ᠍ ᠪᠠᠢᠨ᠎ᠠ


ᠬᠡᠯᠡᠮᠦᠷᠴᠢ ᠠᠬ᠎ᠠ᠎ᠶ᠋ᠢᠨ ᠬᠢᠨᠢ ᠲᠡᠬᠦᠪᠦᠷᠢ

ᠬᠡᠪᠯᠡᠯ᠎ᠳᠤ ᠣᠷᠣᠪᠠ ᠬᠡᠵᠦ᠍ ᠵᠡᠬᠦᠳᠦᠯᠡᠵᠦ᠍ ᠪᠠᠢᠨ᠎ᠠ

ᠬᠡᠳᠦᠨ ᠪᠠᠳᠠᠭ᠎ᠢ᠎ᠨᠢ ᠱᠢᠬᠢᠷ᠎ᠲᠠᠢ᠎ᠨᠢ

ᠬᠡᠮᠡᠯᠢᠵᠦ᠍ ᠪᠠᠢᠨ᠎ᠠ ᠬᠡᠵᠦ᠍ ᠵᠡᠬᠦᠳᠦᠯᠡᠵᠦ᠍ ᠪᠠᠢᠨ᠎ᠠ


ᠠᠢᠯ᠎ᠳᠤ ᠮᠣᠷᠳᠠᠭ᠍ᠰᠠᠨ ᠲᠡᠬᠦᠦ᠍᠎ᠪᠠᠨ

ᠠᠢᠰᠦᠢ ᠬᠡᠮᠡᠨ ᠵᠡᠬᠦᠳᠦᠯᠡᠵᠦ᠍ ᠪᠠᠢᠨ᠎ᠠ

ᠠᠪᠤ ᠡᠵᠢ ᠬᠤᠶᠠᠷ᠎ᠲᠠᠭᠠᠨ

ᠠᠷᠢᠭᠢ ᠪᠠᠷᠢᠵᠦ᠍ ᠪᠠᠢᠨ᠎ᠠ ᠬᠡᠵᠦ᠍ ᠵᠡᠬᠦᠳᠦᠯᠡᠵᠦ᠍ ᠪᠠᠢᠨ᠎ᠡ


ᠨᠠᠶᠠᠨ ᠲᠠᠪᠣᠳᠠᠢ ᠠᠪᠤ᠎ᠶ᠋ᠢᠨ᠎ᠬᠢᠨ᠎ᠳᠤ

ᠨᠠᠭᠠᠳᠣᠮ᠎ᠲᠠᠢ ᠬᠡᠮᠡᠨ ᠵᠡᠬᠦᠳᠦᠯᠡᠵᠦ᠍ ᠪᠠᠢᠨ᠎ᠠ

ᠢᠷᠡᠭᠤ ᠨᠠᠢᠷᠠᠭ᠎ᠤᠨ ᠣᠷᠣᠯᠳᠣᠭᠠᠨ᠎ᠢᠶᠠᠷ

ᠤᠯᠠᠨ ᠵᠢᠡᠨ ᠪᠠᠶᠠᠰᠬᠠᠵᠦ ᠪᠠᠢᠨ᠎ᠠ ᠬᠡᠵᠦ᠍ ᠵᠡᠬᠦᠳᠦᠯᠡᠵᠦ᠍ ᠪᠠᠢᠨ᠎ᠠ


ᠲᠠᠯᠠᠨ ᠭᠤᠷᠪᠠᠳᠠᠢ ᠡᠵᠢ᠎ᠶ᠋ᠢᠨ᠎ᠬᠢᠨ᠎ᠳᠤ

ᠲᠠᠯᠠᠢ ᠪᠠᠶᠠᠷ᠎ᠲᠠᠢ ᠬᠡᠵᠦ᠍ ᠵᠡᠬᠦᠳᠦᠯᠡᠵᠦ᠍ ᠪᠠᠢᠨ᠎ᠠ

ᠠᠷᠠᠳ᠎ᠤᠨ ᠲᠠᠭᠤᠣ᠎ᠶᠢᠨ ᠮᠦᠷᠦᠢᠴᠡᠭᠡᠨ᠎ᠳᠤ

ᠠᠭ᠍ᠳᠠ᠎ᠨᠢ ᠲᠡᠷᠢᠬᠦᠯᠡᠪᠡ ᠬᠡᠵᠦ᠍ ᠵᠡᠬᠦᠳᠦᠯᠡᠵᠦ᠍ ᠪᠠᠢᠨ᠎ᠠ


ᠣᠯᠠᠭᠠᠨ ᠮᠣᠷᠢᠨ᠎ᠤ ᠵᠡᠬᠦᠳᠦᠨ

ᠠᠭᠤᠯᠠᠰ᠎ᠢᠶᠠᠨ ᠲᠠᠭᠠᠭᠠᠳ ᠦᠷᠬᠦᠯᠵᠢᠯᠡᠨ᠎ᠡ

ᠴᠠᠭᠠᠨ ᠰᠠᠷ᠎ᠠ᠎ᠶ᠋ᠢᠨ ᠱᠢᠨ᠎ᠡ᠎ᠶ᠋ᠢᠨ ᠨᠢᠬᠡᠨ᠎ᠤ

ᠴᠠᠭ᠍ᠯᠠᠰᠢ ᠦᠬᠡᠢ ᠪᠠᠶᠠᠷ᠎ᠲᠤ ᠨᠡᠢᠯᠡᠭ᠌ᠰᠡᠭᠡᠷ ᠰᠡᠷᠡᠨ᠎ᠡ ᠡ

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面