ᠲᠡᠷᠢᠭᠦᠨ ᠨᠢᠭᠤᠷ>ᠲᠠᠯ᠎ᠠ᠎ᠶ᠋ᠢᠨ ᠲᠤᠶᠠᠭ᠎ᠠ>ᠴᠢᠬᠢᠨ᠎ᠤ ᠴᠢᠮᠡᠭ

2026-01-14 11:48:40

ᠵᠣᠬᠢᠶᠠᠭ᠍ᠴᠢ᠄ ᠶᠤ·ᠡᠷᠳᠡᠨᠢᠳᠤᠭ᠍ᠳᠠᠬᠤ ᠣᠩᠱᠢᠭ᠍ᠰᠠᠨ ᠣᠳᠠᠭ᠎ᠠ᠄ 3

— ᠳᠦᠷᠦ᠍᠎ᠶ᠋ᠢᠨ ᠰᠤᠶᠤᠷᠬᠠᠯᠲᠤ ᠠᠯᠳᠠᠷᠲᠤ ᠳᠠᠭᠤᠴᠢᠨ ᠵᠠᠭ᠍ᠳᠠᠰᠦ᠋ᠷᠦᠩ ᠠᠬ᠎ᠠ᠎ᠳᠤ ᠵᠤᠷᠢᠭᠤᠯᠪᠠᠢ


ᠰᠦᠮᠡᠢᠨ ᠰᠦᠮᠡᠢᠨ ᠬᠠᠷᠠᠭ᠍ᠳᠠᠬᠤ᠎ᠨᠢ

ᠰᠦᠮᠡᠳᠡᠢ ᠪᠤᠳᠠᠷ᠎ᠤᠨ ᠴᠢᠯᠠᠭᠤ ᠶᠤ᠌ ᠳ᠋ᠠ

ᠰᠦᠷᠦᠭ᠎ᠢᠶᠠᠨ ᠭᠡᠯᠢᠭᠡᠳ ᠨᠠᠭᠠᠱᠢᠯᠠᠬᠤ᠎ᠨᠢ

ᠰᠦᠨᠢᠳ᠎ᠤᠨ ᠰᠠᠢᠬᠠᠨ ᠠᠬ᠎ᠠ ᠮᠢᠨᠤ ᠵᠧ




ᠠᠷᠤᠬᠠᠨ ᠬᠦᠪᠴᠢ᠎ᠶ᠋ᠢᠨ ᠳᠠᠭᠤᠤ

ᠠᠯᠤᠰ᠎ᠤᠨ ᠠᠯᠤᠰ᠎ᠠᠴᠠ ᠬᠠᠩᠭᠢᠨᠠᠨ᠎ᠠ

ᠠᠳᠤᠭᠤᠨ ᠰᠦᠷᠦᠭ᠎ᠨᠢ ᠬᠡᠢᠮᠦᠷᠢᠯᠠᠨ

ᠠᠶ᠎ᠠ᠎ᠶ᠋ᠢ᠎ᠨᠢ ᠬᠤᠭᠤᠷᠳᠠᠨ ᠲᠡᠷᠭᠡᠨ᠎ᠡ




ᠡᠷ᠎ᠡ ᠪᠤᠷᠤ ᠬᠠᠷᠴᠠᠭᠠᠢ᠎ᠶ᠋ᠢᠨ ᠬᠢᠨᠢ

ᠡᠷᠡᠮᠡᠬᠡᠢ ᠵᠢᠬᠦᠷ ᠤᠯᠠᠳᠠᠭ᠎ᠠ᠎ᠨᠢ ᠦᠬᠡᠢ

ᠡᠷᠳᠡᠨᠢ ᠵᠠᠰᠠᠭ᠎ᠤᠨ ᠤᠨᠠᠭᠠᠨ᠎ᠤ ᠬᠢᠨᠢ

ᠡᠬᠡᠱᠢᠭ᠌ᠯᠡᠩᠲᠦ ᠬᠢᠰᠭᠢᠳᠡᠯ ᠰᠤᠯᠢᠳᠠᠭ᠎ᠠ᠎ᠨᠢ ᠦᠬᠡᠢ




ᠵᠢᠷᠤᠭ᠎ᠠ᠎ᠶ᠋ᠢᠨ ᠵᠢᠷᠤᠭ᠎ᠠ ᠮᠤᠷᠢᠨ᠎ᠤ᠎ᠪᠠᠨ

ᠵᠢᠯᠤᠭᠤ᠎ᠶ᠋ᠢ᠎ᠨᠢ ᠳᠠᠲᠠᠰᠭᠢᠭᠡᠳ ᠮᠤᠷᠲᠠᠭ᠍ᠰᠠᠨ ᠶᠤᠮ

ᠵᠤᠷᠢᠭ᠍ᠰᠠᠨ ᠭᠠᠵᠠᠷ᠎ᠤᠨ ᠬᠤᠯᠠ᠎ᠶ᠋ᠢ

ᠵᠤᠷᠢᠭ ᠮᠤᠬᠤᠯ ᠦᠬᠡᠢ ᠲᠤᠭᠤᠯᠤᠭ᠍ᠰᠠᠨ ᠶᠤᠮ




ᠲᠠᠮᠠᠴᠢ᠎ᠶ᠋ᠢᠨ᠎ᠢᠶᠠᠨ ᠶᠡᠭᠡ ᠲᠠᠯ᠎ᠠ᠎ᠶ᠋ᠢ

ᠳᠠᠭᠤᠤ᠎ᠳᠠᠭᠠᠨ ᠪᠠᠭ᠍ᠲᠠᠭᠠᠭᠠᠳ ᠬᠦᠳᠡᠯᠦᠭ᠌ᠰᠡᠨ ᠶᠤᠮ

ᠲᠠᠪᠤᠨ ᠲᠢᠪ᠎ᠢ ᠤᠶᠠᠩᠭᠠᠷᠠᠲᠠᠯ᠎ᠠ ᠳᠡᠯᠬᠡᠬᠡᠳ

ᠲᠠᠯ᠎ᠠ᠎ᠶ᠋ᠢᠨ᠎ᠢᠶᠠᠨ ᠠᠭᠤᠳᠠᠮ᠎ᠢ ᠪᠠᠭ᠍ᠠᠳᠤᠭᠤᠯᠤᠭ᠍ᠰᠠᠨ ᠶᠤᠮ




ᠳᠠᠷᠬᠠᠨ ᠠᠭᠤᠯᠠ᠎ᠶ᠋ᠢᠨ᠎ᠢᠶᠠᠨ ᠪᠠᠷ᠎ᠠ᠎ᠶ᠋ᠢ

ᠳᠠᠶᠠᠩ᠎ᠳᠤ ᠰᠦᠮᠪᠦᠷᠯᠡᠲᠡᠯ᠎ᠡ ᠱᠢᠷᠤᠩᠬᠠᠢᠯᠠᠭ᠍ᠰᠠᠨ ᠶᠤᠮ

ᠲᠠᠯ᠎ᠠ᠎ᠶ᠋ᠢᠨ ᠠᠭᠤᠯᠠ ᠳᠠᠷᠤᠬᠠᠨ ᠪᠠᠢᠳᠠᠭ ᠴᠤ᠌

ᠲᠠᠭᠤᠤ᠎ᠪᠠᠷ ᠦᠨᠳᠦᠷᠯᠡᠳᠡᠭ᠎ᠢ ᠮᠡᠳᠡᠷᠡᠬᠦᠯᠦᠭ᠌ᠰᠡᠨ ᠶᠤᠮ




ᠠᠮᠤᠭᠤᠯᠠᠩᠲᠤ ᠲᠦᠷᠦ᠍᠎ᠶ᠋ᠢᠨ ᠲᠤᠪᠴᠢᠶᠠᠨ᠎ᠠᠴᠠ

ᠠᠯᠲᠠᠷ᠎ᠤᠨ ᠡᠷᠬᠦᠮᠵᠢᠯᠡᠯ ᠬᠦᠷᠲᠡᠭ᠌ᠰᠡᠨ ᠶᠤᠮ

ᠤᠷᠲᠤ᠎ᠶᠢᠨ ᠲᠠᠭᠤᠣ᠎ᠶᠢᠨ ᠲᠠᠪᠴᠠᠩ᠎ᠠᠴᠠ

ᠸᠠᠩ᠎ᠤᠨ ᠰᠠᠩᠲᠠᠢ᠎ᠳᠤ ᠵᠠᠯᠠᠷᠠᠭ᠍ᠰᠠᠨ ᠶᠤᠮ




ᠰᠦᠮᠡᠢᠨ ᠰᠦᠮᠡᠢᠨ ᠬᠠᠷᠠᠭ᠍ᠳᠠᠬᠤ᠎ᠨᠢ

ᠰᠦᠮᠡᠳᠡᠢ ᠪᠤᠳᠠᠷ᠎ᠤᠨ ᠴᠢᠯᠠᠭᠤ ᠶᠤ᠌ ᠳ᠋ᠠ

ᠰᠦᠷᠦᠭ᠎ᠢᠶᠠᠨ ᠭᠡᠯᠢᠭᠡᠳ ᠨᠠᠭᠠᠱᠢᠯᠠᠬᠤ᠎ᠨᠢ

ᠰᠦᠨᠢᠳ᠎ᠤᠨ ᠰᠠᠢᠬᠠᠨ ᠠᠬ᠎ᠠ ᠮᠢᠨᠤ ᠵᠧ




ᠵᠢᠵᠢᠭ ᠴᠤᠬᠤᠷ᠎ᠢᠶᠠᠨ ᠴᠤᠯᠬᠢᠭᠤᠯᠤᠨ

ᠵᠢᠵᠢᠤ ᠳᠦᠷᠦᠭᠡ᠎ᠪᠠᠨ ᠵᠢᠭᠢᠯ᠎ᠡ ᠳ᠋ᠠ

ᠬᠠᠪᠤᠷ᠎ᠤᠨ ᠠᠬᠢ᠎ᠶ᠋ᠢ ᠨᠢᠳᠦᠯᠡᠬᠦᠯᠦᠨ

ᠬᠠᠨᠠᠷᠠᠭᠤᠯᠤᠨ ᠲᠤᠨᠤᠷᠠᠭᠤᠯᠤᠨ ᠳᠠᠭᠤᠯᠠᠯ᠎ᠠ ᠬᠦ᠋




ᠨᠠᠷᠢᠨ ᠬᠦᠭᠡ᠎ᠪᠠᠨ ᠲᠡᠷᠭᠡᠬᠦᠯᠦᠨ

ᠨᠠᠢ᠍ᠮᠠᠨ ᠭᠠᠨᠵᠤᠭ᠎ᠠ ᠱᠢᠭ᠌ᠰᠢᠷᠡᠬᠦᠯᠦᠯ᠎ᠡ ᠳ᠋ᠠ

ᠨᠠᠯᠠᠭᠠᠷ ᠵᠤᠨ᠎ᠢ ᠰᠠᠭᠠᠲᠠᠭᠤᠯᠤᠨ

ᠨᠠᠮᠢᠷᠠᠭ᠎ᠠ ᠪᠤᠷᠤᠭ᠎ᠠ ᠴᠠᠢᠷᠠᠭᠤᠯᠤᠯ᠎ᠠ ᠬᠦ᠋




ᠪᠤᠳᠤᠯ ᠴᠤᠯᠮᠤᠨ᠎ᠢᠶᠠᠨ ᠪᠦᠩᠵᠢᠭ᠌ᠨᠡᠬᠦᠯᠦᠨ

ᠪᠤᠴᠠᠬᠤ ᠨᠠᠮᠤᠷ᠎ᠢ ᠲᠤᠨᠢᠶᠠᠷᠲᠤᠭᠤᠯᠤᠯ᠎ᠠ ᠳ᠋ᠠ

ᠪᠤᠷᠵᠢᠬᠢᠨ ᠤᠷᠠᠨ ᠨᠤᠭᠤᠯᠤᠭ᠎ᠠ᠎ᠪᠠᠷ᠎ᠢᠶᠠᠨ

ᠪᠤᠭᠤᠷᠤᠯ ᠡᠵᠢ᠎ᠶ᠋ᠢ᠎ᠪᠠᠨ ᠤᠶᠠᠷᠠᠭᠤᠯᠤᠯ᠎ᠠ ᠬᠦ᠋




ᠴᠠᠭᠠᠨ ᠰᠠᠭᠠᠷᠠᠯ᠎ᠤᠨ᠎ᠢᠶᠠᠨ ᠴᠤᠭ᠍ᠬᠢᠶ᠎ᠠ᠎ᠪᠠᠷ

ᠴᠠᠩ᠎ᠲᠠᠢ ᠡᠪᠦᠯ᠎ᠢ ᠰᠤᠭ᠍ᠰᠤᠷᠣᠯ᠎ᠠ ᠳ᠋ᠠ

ᠮᠠᠨᠠᠷᠠᠵᠦ᠍ ᠪᠠᠢᠭ᠎ᠠ ᠱᠢᠯᠢ᠎ᠳᠡᠭᠡᠨ

ᠮᠠᠨᠳᠤᠬᠤ ᠨᠠᠷᠠᠨ᠎ᠢ ᠡᠷᠬᠦᠯ᠎ᠡ ᠬᠦ᠋




ᠠᠯᠲᠠᠨ ᠵᠢᠬᠦᠷ᠎ᠲᠠᠢ ᠴᠡᠭ᠌ᠴᠡᠦᠬᠡᠢ᠎ᠨᠢ

ᠠᠮᠠᠳᠠᠵᠦ᠍ ᠳᠤᠰᠤᠭᠠᠳ ᠵᠢᠷᠬᠢᠨ᠎ᠠ ᠳ᠋ᠠ

ᠠᠪᠤ ᠯᠡ ᠡᠵᠢ᠎ᠶ᠋ᠢᠨ ᠨᠤᠲᠤᠭ᠎ᠨᠢ

ᠠᠶ᠎ᠠ ᠳᠠᠭᠤᠤ᠎ᠪᠠᠷ᠎ᠨᠢ ᠲᠠᠨᠢᠨ᠎ᠠ ᠳ᠋ᠠ




ᠳᠦᠷᠪᠡᠨ ᠨᠠᠰᠤᠳᠠᠢ ᠬᠠᠯᠢᠭᠤᠨ᠎ᠨᠢ

ᠪᠤᠴᠠᠬᠤ᠎ᠶ᠋ᠢ ᠮᠡᠳᠡᠬᠦ᠌ ᠦᠬᠡᠢ ᠱᠢᠨᠳᠠᠰᠤ᠎ᠲᠠᠢ

ᠲᠦᠷᠦᠭᠡ ᠵᠢᠬᠢᠭ᠌ᠰᠡᠨ ᠲᠠᠭᠤᠴᠢᠨ ᠮᠢᠨᠢ

ᠴᠤᠴᠠᠬᠤ᠎ᠶ᠋ᠢ ᠮᠡᠳᠡᠬᠦ᠌ ᠦᠬᠡᠢ ᠬᠤᠭᠤᠯᠠᠢ᠎ᠲᠠᠢ




ᠰᠦᠮᠡᠢᠨ ᠰᠦᠮᠡᠢᠨ ᠬᠠᠷᠠᠭ᠍ᠳᠠᠬᠤ᠎ᠨᠢ

ᠰᠦᠮᠡᠳᠡᠢ ᠪᠤᠳᠠᠷ᠎ᠤᠨ ᠴᠢᠯᠠᠭᠤ ᠶᠤ᠌ ᠳ᠋ᠠ

ᠰᠦᠷᠦᠭ᠎ᠢᠶᠠᠨ ᠭᠡᠯᠢᠭᠡᠳ ᠨᠠᠭᠠᠱᠢᠯᠠᠬᠤ᠎ᠨᠢ

ᠰᠦᠨᠢᠳ᠎ᠤᠨ ᠰᠠᠢᠬᠠᠨ ᠠᠬ᠎ᠠ ᠮᠢᠨᠤ ᠵᠧ




ᠠᠷᠤᠬᠠᠨ ᠬᠦᠪᠴᠢ᠎ᠶ᠋ᠢᠨ ᠳᠠᠭᠤᠤ

ᠠᠯᠤᠰ᠎ᠤᠨ ᠠᠯᠤᠰ᠎ᠲᠤ ᠬᠠᠩᠭᠢᠨᠠᠨ᠎ᠠ

ᠠᠳᠤᠭᠤᠨ ᠰᠦᠷᠦᠭ᠎ᠨᠢ ᠬᠡᠢᠮᠦᠷᠢᠯᠠᠨ

ᠠᠶ᠎ᠠ᠎ᠶ᠋ᠢ᠎ᠨᠢ ᠬᠤᠭᠤᠷᠳᠠᠨ ᠲᠡᠷᠭᠡᠨ᠎ᠡ


  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面