ᠲᠡᠷᠢᠭᠦᠨ ᠨᠢᠭᠤᠷ>ᠲᠠᠯ᠎ᠠ᠎ᠶ᠋ᠢᠨ ᠲᠤᠶᠠᠭ᠎ᠠ>ᠴᠢᠬᠢᠨ᠎ᠤ ᠴᠢᠮᠡᠭ

2026-01-21 16:37:55

ᠵᠣᠬᠢᠶᠠᠭ᠍ᠴᠢ᠄ ᠪᠣᠲᠣᠭᠣᠨᠪᠣᠢᠯᠠᠭᠠᠨ ᠣᠩᠱᠢᠭ᠍ᠰᠠᠨ ᠣᠳᠠᠭ᠎ᠠ᠄ 3

ᠰᠡᠳᠭᠢᠯ ᠳ᠋ᠤ ᠮᠢᠨᠢ ᠨᠠᠷᠠ ᠲᠤᠶᠠᠭᠠᠷᠠᠭᠠᠳ

ᠪᠢ ᠨᠠᠷᠠᠨ ᠤ᠋ ᠰᠠᠳᠤᠨ

ᠬᠡᠷᠡᠯᠳᠦᠭ᠌ᠰᠡᠭᠡᠷ ᠪᠠᠢᠬᠤ ᠪᠣᠯᠣᠨ᠎ᠠ




ᠰᠡᠳᠭᠢᠯ ᠳ᠋ᠤ ᠮᠢᠨᠢ ᠪᠣᠯᠣᠷ ᠲᠤᠩᠭᠠᠯᠠᠭ ᠤᠰᠤ ᠤᠷᠤᠰᠤᠭᠠᠳ

ᠪᠢ ᠤᠰᠤᠨ ᠤ᠋ ᠰᠠᠳᠤᠨ

ᠲᠤᠩᠭᠠᠯᠠᠭ ᠪᠠᠢᠬᠤ ᠪᠣᠯᠣᠨ᠎ᠠ




ᠰᠡᠳᠭᠢᠯ ᠳ᠋ᠤ ᠮᠢᠨᠢ ᠰᠡᠪᠱᠢᠶ᠎ᠡ ᠵᠥᠭᠡᠯᠡᠨ ᠰᠠᠯᠬᠢ ᠰᠡᠪᠢᠯᠵᠡᠭᠡᠳ

ᠪᠢ ᠰᠠᠯᠬᠢᠨ ᠤ᠋ ᠰᠠᠳᠤᠨ

ᠳᠤᠷ᠎ᠠ ᠪᠠᠷ ᠶ᠋ᠢᠡᠨ ᠪᠠᠢᠬᠤ ᠪᠣᠯᠣᠨ᠎ᠠ




ᠰᠡᠳᠭᠢᠯ ᠳ᠋ᠤ ᠮᠢᠨᠢ ᠪᠡᠯᠴᠢᠷ ᠬᠡᠦᠬᠡᠳ ᠲᠣᠭ᠍ᠯᠠᠭᠠᠳ

ᠪᠢ ᠶᠢᠷᠲᠢᠨᠴᠦ᠍᠎ᠶᠢᠨ ᠰᠠᠳᠤᠨ

ᠳᠡᠯᠭᠡᠷᠡᠭ᠌ᠰᠡᠭᠡᠷ ᠪᠠᠢᠬᠤ ᠪᠣᠯᠣᠨ᠎ᠠ

ᠰᠡᠳᠭᠢᠯ ᠳ᠋ᠤ ᠮᠢᠨᠢ ᠬᠤᠨ ᠴᠢᠨ ᠭᠠᠩᠭᠠᠨᠠᠯᠳᠤᠭᠠᠳ

ᠪᠢ ᠱᠢᠪᠠᠭᠤᠨ ᠤ᠋ ᠰᠠᠳᠤᠨ

ᠳᠠᠭᠤᠯᠠᠭ᠍ᠰᠠᠭᠠᠷ ᠪᠠᠢᠬᠤ ᠪᠣᠯᠣᠨ᠎ᠠ




ᠰᠡᠳᠭᠢᠯ ᠳ᠋ᠤ ᠮᠢᠨᠢ ᠭᠠᠩᠭᠠᠩ ᠤᠯᠠᠭᠠᠨ ᠲᠡᠮᠡᠭᠡ ᠠᠯᠬᠤᠭᠠᠳ

ᠪᠢ ᠠᠮᠤᠷ ᠠᠮᠤᠭᠤᠯᠠᠩ ᠤ᠋ᠨ ᠰᠠᠳᠤᠨ

ᠵᠤᠯᠠ ᠬᠡᠷᠡᠯᠳᠦᠭ᠌ᠰᠡᠭᠡᠷ ᠪᠠᠢᠬᠤ ᠪᠣᠯᠣᠨ᠎ᠠ




ᠰᠡᠳᠭᠢᠯ ᠳ᠋ᠤ ᠮᠢᠨᠢ ᠳᠡᠯᠡᠬᠡᠢ ᠪᠠᠭ᠍ᠲᠠᠭᠠᠳ

ᠠᠭᠠᠯᠵᠢ᠎ᠶᠢᠨ ᠬᠤᠷᠢᠮ ᠳ᠋ᠤ ᠰᠣᠭ᠍ᠲᠣᠬᠤ ᠪᠣᠯᠣᠨ᠎ᠠ

ᠡᠪᠡᠰᠦᠨ ᠤ᠋ ᠦᠨᠦᠷ ᠲᠤ᠌ ᠳᠣᠭ᠍ᠳᠣᠯᠬᠤ ᠪᠣᠯᠣᠨ᠎ᠠ




ᠪᠣᠷᠣᠭᠠᠨ ᠤ᠋ ᠠᠨᠢᠷ ᠲᠤ᠌ ᠤᠬᠢᠯᠠᠬᠤ ᠪᠣᠯᠣᠨ᠎ᠠ

ᠪᠢ ᠪᠥᠮᠪᠥᠷᠴᠡᠭ ᠤ᠋ᠨ ᠰᠠᠳᠤᠨ

ᠪᠦᠷᠭᠦᠳ ᠮᠡᠲᠦ ᠬᠦᠴᠦᠷᠬᠡᠭ ᠪᠠᠢᠬᠤ ᠪᠣᠯᠣᠨ᠎ᠠ


  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠠᠢᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面