ᠲᠡᠷᠢᠭᠦᠨ ᠨᠢᠭᠤᠷ>ᠲᠠᠯ᠎ᠠ᠎ᠶ᠋ᠢᠨ ᠲᠤᠶᠠᠭ᠎ᠠ>ᠴᠢᠬᠢᠨ᠎ᠤ ᠴᠢᠮᠡᠭ

2026-08-05 12:16:46

ᠵᠣᠬᠢᠶᠠᠭ᠍ᠴᠢ᠄ ᠳ᠋᠊·ᠪᠦᠷᠢᠨᠳᠤᠬ᠍ᠲᠠᠬᠤ ᠣᠩᠱᠢᠭ᠍ᠰᠠᠨ ᠣᠳᠠᠭ᠎ᠠ᠄ 3



ᠵᠡᠬᠦᠳᠤᠨ ᠲᠤᠮᠳᠠ ᠵᠤᠨ ᠢᠷᠡᠴᠢᠬᠡᠭ᠌ᠰᠡᠨ ᠪᠠᠢᠯ᠎ᠠ

ᠵᠦᠳᠡᠷᠡᠭ᠌ᠰᠡᠨ ᠬᠠᠪᠤᠷ ᠢᠷᠭᠤᠢ᠎ᠶ᠋ᠢᠨ ᠲᠠᠯᠪᠢᠨ ᠲᠡᠬᠡᠷ᠎ᠡ ᠡᠪᠱᠢᠶᠡᠵᠥ᠍ ᠪᠠᠢᠳᠠᠯ᠎ᠠ

ᠵᠡᠬᠦᠳᠤᠨ᠎ᠤ ᠮᠤᠳᠤᠳ ᠨᠠᠪᠴᠢᠰ᠎ᠢᠶᠠᠨ ᠲᠡᠯᠬᠡᠬᠡᠳ ᠴᠡᠯᠬᠡᠷᠡᠵᠥ᠍ ᠪᠠᠢᠯ᠎ᠠ

ᠵᠡᠬᠦᠨ ᠬᠦᠨᠲᠡᠢ᠎ᠶ᠋ᠢᠨ ᠱᠢᠰᠢ ᠵᠤᠷᠬ᠎ᠠ᠎ᠲᠠᠭᠠᠨ ᠱᠢᠪᠦᠬᠡᠯᠡᠵᠥ᠍ ᠪᠠᠢᠲᠠᠯ᠎ᠠ

ᠵᠢᠬᠦᠷ᠎ᠲᠠᠢ ᠶᠤᠮ ᠱᠢᠭ ᠤᠩᠭᠠᠷᠢᠯ ᠰᠠᠯᠬᠢᠨ᠎ᠤ ᠠᠶ᠎ᠠ᠎ᠪᠠᠷ ᠬᠦᠪᠴᠤ᠌ ᠪᠠᠢᠯ᠎ᠠ

ᠵᠢᠷᠤᠬᠡᠨ ᠤᠷᠤᠢ᠎ᠪᠠᠷ ᠪᠡᠷᠢ ᠴᠡᠴᠡᠭ ᠲᠡᠭ᠌ᠷᠢ᠎ᠪᠠᠨ ᠦᠨᠤᠰᠤᠨ ᠴᠡᠴᠡᠷᠬᠢᠨᠡᠨ ᠪᠠᠢᠳᠠᠯ᠎ᠠ

ᠵᠦᠩᠳᠡᠭᠡᠨ ᠬᠠᠷᠠᠬ᠍ᠳᠠᠬᠤ ᠴᠠᠭᠠᠨ ᠴᠢᠯᠠᠭᠤᠳ ᠡᠪᠡᠰᠤᠨ ᠲᠤᠮᠳᠠ ᠨᠢᠭᠤᠴᠢᠬᠠᠬ᠍ᠰᠠᠨ ᠪᠠᠢᠯ᠎ᠠ

ᠡᠮᠤᠨ᠎ᠡ ᠲᠠᠷᠢᠶᠠᠨ᠎ᠤ ᠤᠯᠠᠭᠠᠨ ᠱᠢᠰᠢ ᠲᠠᠪᠠᠭ᠎ᠠ ᠦᠭ᠌ᠰᠣᠨ ᠱᠤᠤᠬᠢᠵᠥ᠍ ᠪᠠᠢᠳᠠᠯ᠎ᠠ

ᠦᠨᠳᠤᠷ ᠲᠡᠭ᠌ᠷᠢ᠎ᠶ᠋ᠢᠨ ᠴᠠᠭᠠᠨ ᠡᠬᠦᠯᠡᠰ ᠲᠦᠷᠦᠬᠦᠦ᠍᠎ᠶ᠋ᠢ᠎ᠨᠢ ᠢᠯᠪᠢᠨ ᠨᠡᠬᠦᠵᠥ᠍ ᠪᠠᠢᠯ᠎ᠠ



ᠵᠡᠬᠦᠳᠤᠨ ᠲᠤᠮᠳᠠ ᠵᠤᠨ ᠢᠷᠡᠴᠢᠬᠡᠭ᠌ᠰᠡᠨ ᠪᠠᠢᠯ᠎ᠠ

ᠲᠡᠷᠡᠰᠤᠳᠤ᠎ᠶ᠋ᠢᠨ ᠨᠠᠮᠤᠭ᠎ᠢᠶᠠᠷ ᠪᠠᠷᠬᠢᠷᠠᠭ᠎ᠠ ᠠᠯᠠᠭ ᠵᠢᠵᠢᠬᠢᠨᠡᠵᠥ᠍ ᠪᠠᠢᠲᠠᠯ᠎ᠠ

ᠲᠡᠭᠡ᠎ᠶ᠋ᠢᠨ ᠬᠠᠳᠠᠨ᠎ᠤ ᠤᠯᠠᠭᠠᠨ ᠦᠨᠡᠭᠡ ᠭᠠᠵᠠᠷ ᠦᠨᠤᠷᠯᠡᠨ ᠱᠤᠬ᠍ᠰᠢᠵᠥ᠍ ᠪᠠᠢᠯ᠎ᠠ

ᠲᠡᠷᠬᠡᠯ ᠨᠠᠭᠤᠷ᠎ᠲᠤ ᠰᠡᠬᠦᠯ ᠰᠠᠵᠢᠩᠬᠠᠨ ᠰᠦᠷᠦᠭ ᠠᠳᠤᠭᠤᠳ ᠵᠤᠬ᠍ᠰᠤᠵᠥ᠍ ᠪᠠᠢᠲᠠᠯ᠎ᠠ

ᠲᠡᠷᠳᠡᠭᠡ ᠬᠤᠯᠠ᠎ᠠᠴᠠ ᠨᠢᠬᠡᠨ ᠮᠤᠷᠢᠳᠠᠨ ᠵᠡᠷᠬᠡᠯᠬᠡᠨ ᠲᠤᠮᠳᠠᠭᠤᠷ ᠨᠠᠭᠠᠱᠢᠯᠠᠨ ᠪᠠᠢᠯ᠎ᠠ

ᠬᠠᠷᠠᠭ᠎ᠠ ᠲᠡᠯᠡᠬᠦ᠌ ᠴᠡᠩᠬᠡᠷ ᠢᠳᠠᠭᠤᠳᠤ᠎ᠶ᠋ᠢᠨ ᠰᠡᠷᠢᠬᠦᠬᠡᠨ ᠤᠷᠤᠢ ᠲᠡᠬᠡᠷ᠎ᠡ ᠵᠤᠬ᠍ᠰᠤᠨ ᠪᠠᠢᠲᠠᠯ᠎ᠠ

ᠬᠠᠷᠠᠭᠠᠨᠠᠳᠤ᠎ᠶ᠋ᠢᠨ ᠠᠭᠤᠯᠠ᠎ᠶ᠋ᠢᠨ ᠤᠨᠢᠶᠠᠷ ᠬᠦᠪᠦᠨ ᠬᠦᠪᠦᠨ ᠨᠠᠭᠠᠱᠢᠯᠠᠵᠥ᠍ ᠪᠠᠢᠯ᠎ᠠ

ᠬᠠᠷᠠᠬᠠᠨ ᠪᠠᠭ᠎ᠠ ᠨᠠᠰᠤ᠎ᠪᠠᠨ ᠨᠤᠭᠤᠭᠠᠨ ᠬᠦᠢᠯᠡᠰᠤ᠎ᠲᠠᠢ᠎ᠨᠢ ᠲᠤᠷᠠᠰᠤᠨ ᠪᠠᠢᠲᠠᠯ᠎ᠠ

ᠬᠠᠮᠤᠭ᠎ᠤᠨ ᠢᠷᠠᠭᠤ ᠨᠢᠬᠡᠨ ᠲᠠᠭᠤᠤ ᠮᠦᠷᠦᠬᠡᠳᠤᠯ ᠬᠦᠨᠳᠠᠨ ᠰᠤᠨᠤᠷᠳᠠᠵᠥ᠍ ᠪᠠᠢᠯ᠎ᠠ



ᠵᠡᠬᠦᠳᠤᠨ ᠲᠤᠮᠳᠠ ᠵᠤᠨ ᠢᠷᠡᠴᠢᠬᠡᠭ᠌ᠰᠡᠨ ᠪᠠᠢᠯ᠎ᠠ

ᠰᠠᠷᠠᠪᠴᠢᠨ᠎ᠳᠤ ᠡᠬᠦᠷᠯᠡᠭ᠌ᠰᠡᠨ ᠬᠠᠷᠢᠶᠠᠴᠠᠢ ᠠᠩᠭᠠᠬᠠᠢ᠎ᠪᠠᠨ ᠲᠡᠵᠢᠬᠡᠵᠥ᠍ ᠪᠠᠢᠲᠠᠯ᠎ᠠ

ᠰᠠᠪᠠᠭ᠎ᠠ ᠦᠬᠡᠢᠳᠡᠭ᠌ᠰᠡᠨ ᠪᠤᠷᠤ ᠪᠤᠯᠵᠤᠮᠤᠷ ᠡᠬᠦᠷ᠎ᠤᠨ ᠬᠢᠨᠢ ᠬᠠᠪᠢ᠎ᠪᠠᠷ ᠱᠤᠯᠤᠭᠠᠨᠠᠨ ᠪᠠᠢᠯ᠎ᠠ

ᠰᠠᠯᠠᠭ᠎ᠠ᠎ᠨᠢ ᠮᠤᠷᠤᠢᠬ᠍ᠰᠠᠨ ᠵᠢᠮᠢᠰ᠎ᠤᠨ ᠮᠤᠳᠤ ᠨᠠᠮᠤᠷ᠎ᠢ ᠬᠦᠰᠡᠨ ᠨᠠᠢᠭᠤᠵᠥ᠍ ᠪᠠᠢᠳᠠᠯ᠎ᠠ

ᠰᠧᠨᠳᠡᠨ ᠮᠤᠳᠤᠨ᠎ᠤ ᠴᠠᠢᠪᠤᠷ ᠴᠡᠴᠡᠭ᠎ᠠᠴᠠ ᠵᠤᠨ᠎ᠤ ᠦᠯᠢᠬᠡᠷ ᠵᠤᠯᠭᠠᠷᠠᠵᠥ᠍ ᠪᠠᠢᠯ᠎ᠠ

ᠰᠠᠯᠬᠢᠨ᠎ᠤ ᠵᠦᠬᠡᠯᠡᠨ ᠢᠯᠪᠢᠯᠳᠠ᠎ᠪᠠᠷ ᠴᠡᠩᠬᠡᠷᠬᠡᠨ ᠪᠠᠩᠵᠠᠯ ᠬᠠᠷᠠᠬ᠍ᠳᠠᠨ ᠪᠠᠢᠲᠠᠯ᠎ᠠ

ᠰᠠᠨᠠᠭᠠᠨ᠎ᠳᠤ ᠦᠬᠡᠢ ᠨᠢᠬᠡ ᠬᠦᠮᠤᠨ ᠢᠷᠡᠴᠢᠬᠡᠬᠡᠳ ᠴᠡᠴᠡᠭ᠎ᠤᠨ ᠲᠤᠮᠳᠠ ᠢᠨᠢᠶᠡᠵᠥ᠍ ᠪᠠᠢᠯ᠎ᠠ

ᠰᠠᠯᠵᠥ᠍ ᠶᠠᠳᠠᠬ᠍ᠰᠠᠨ ᠴᠡᠩᠬᠡᠷ ᠡᠷᠪᠡᠬᠡᠢ ᠮᠦᠷᠦᠨ ᠲᠡᠭᠡᠷ᠎ᠡ᠎ᠨᠢ ᠡᠷᠬᠡᠯᠡᠵᠥ᠍ ᠪᠠᠢᠲᠠᠯ᠎ᠠ

ᠰᠠᠢᠬᠠᠨ ᠵᠢᠬᠦᠷ᠎ᠤᠨ ᠬᠢᠨᠢ ᠬᠤᠶᠠᠷ ᠲᠠᠯ᠎ᠠ᠎ᠳᠤ ᠬᠠᠢᠷ᠎ᠠ᠎ᠶ᠋ᠢᠨ ᠵᠤᠨ ᠰᠤᠯᠤᠩᠭᠠᠷᠠᠵᠥ᠍ ᠪᠠᠢᠯ᠎ᠠ


  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面