ᠲᠡᠷᠢᠭᠦᠨ ᠨᠢᠭᠤᠷ>ᠲᠠᠯ᠎ᠠ᠎ᠶ᠋ᠢᠨ ᠲᠤᠶᠠᠭ᠎ᠠ>ᠴᠢᠬᠢᠨ᠎ᠤ ᠴᠢᠮᠡᠭ

2026-10-15 17:12:19

ᠵᠣᠬᠢᠶᠠᠭ᠍ᠴᠢ᠄ ᠪᠤᠷᠵᠢᠭᠢᠨ ᠯᠤᠤ ᠣᠩᠱᠢᠭ᠍ᠰᠠᠨ ᠣᠳᠠᠭ᠎ᠠ᠄ 3

ᠨᠠᠮᠣᠷ ᠤ᠋ᠨ ᠠᠭᠣᠷ

ᠨᠠᠮ ᠨᠠᠮᠵᠢᠭᠤᠨ

ᠴᠣᠩᠬᠣ᠌ ᠪᠠᠷ ᠣᠷᠣᠵᠣ᠌ ᠢᠷᠡᠬᠦ᠎ᠳᠤ

ᠭᠡᠷ ᠳᠦᠭᠦᠷᠡᠩ ᠪᠤᠵᠢᠭᠢᠨᠠᠯᠳᠤᠵᠤ ᠪᠠᠢᠭᠰᠠᠨ

ᠵᠤᠨ ᠤ᠋ ᠬᠠᠯᠠᠭᠤᠨ

ᠵᠢᠪᠠᠷ ᠤ᠋ᠨ ᠠᠶᠠᠰ ᠢ᠋ᠶ᠋ᠠᠷ

ᠠᠯᠠᠭ᠎ᠠ ᠪᠤᠯᠪᠠ


ᠭᠤᠯᠢᠶ᠎ᠠ ᠶ᠋ᠢᠨ ᠳᠠᠭᠤᠨ

ᠭᠤᠯᠢᠶ᠎ᠠ ᠶ᠋ᠢᠨ ᠳᠠᠭᠤᠨ

ᠰᠦᠨᠢ ᠶ᠋ᠢ ᠬᠦᠭᠵᠢᠮᠳᠡᠨ᠎ᠡ

ᠰᠡᠳᠭᠢᠯ ᠢ᠋ ᠭᠦᠭᠵᠢᠮᠳᠡᠨ᠎ᠡ

ᠭᠤᠯᠢᠶ᠎ᠠ ᠶ᠋ᠢᠨ ᠳᠠᠭᠤᠨ ᠳᠡᠭᠡᠷ᠎ᠡ ᠠᠰᠬᠠᠷᠠᠬᠤ

ᠰᠠᠷᠠᠨ ᠤ᠋ ᠴᠡᠭᠡᠨ ᠭᠡᠷᠡᠯ ᠴᠦ᠍

ᠰᠠᠨᠠᠭ᠎ᠠ ᠲᠠᠢᠪᠤᠩ

ᠰᠢᠭᠦᠲᠡᠷᠢ ᠶ᠋ᠢᠨ ᠮᠦᠬᠦᠯᠢᠭ ᠬᠦᠷᠲᠡᠯ᠎ᠡ

ᠰᠡᠳᠭᠢᠯ ᠠᠮᠤᠷ

ᠭᠤᠯᠢᠶ᠎ᠠ ᠶ᠋ᠢᠨ ᠳᠠᠭᠤᠨ ᠳᠡᠭᠡᠷ᠎ᠡ

ᠮᠡᠯᠲᠡᠭᠡᠨᠡᠨ᠎ᠡ


ᠨᠢᠯᠪᠤᠰᠤ

ᠨᠢᠯᠪᠤᠰᠤ ᠲᠠᠢ ᠨᠢᠳᠦᠨ᠎ᠳᠤ

ᠨᠠᠷᠭᠢᠶᠠᠨᠲᠤ ᠤᠷᠴᠢᠯᠠᠩ

ᠨᠡᠩ ᠲᠤᠩᠭᠠᠯᠠᠭ ᠬᠠᠷᠠᠭᠳᠠᠨ᠎ᠠ


ᠨᠢᠯᠪᠤᠰᠤ ᠣᠣᠯ ᠠ᠋ᠴᠠ ᠪᠠᠨ ᠠᠷᠢᠭᠤᠨ ᠪᠠᠢᠭᠰᠠᠨ ᠶᠤᠮ

ᠨᠡᠢᠭᠡᠮ ᠤ᠋ᠨ ᠲᠤᠭᠤᠰᠤ ᠠᠮᠢᠳᠣᠷᠠᠯ ᠤ᠋ᠨ ᠭᠭᠢᠷ ᠢ᠋

ᠠᠬᠢᠨ ᠲᠠᠬᠢᠨ᠂ ᠠᠬᠢᠨ ᠳᠠᠬᠢᠨ

ᠤᠬᠢᠶᠠᠭᠰᠠᠭᠠᠷ ᠪᠠᠢᠵᠤ

ᠠᠷᠭ᠎ᠠ ᠦᠭᠡᠢ ᠱᠤᠷᠪᠣᠭ ᠪᠤᠯᠤᠭᠰᠠᠨ ᠶᠤᠮ


ᠮᠤᠰᠺᠧᠨ ᠨᠢᠯᠪᠤᠰᠤ ᠶ᠋ᠢ

ᠢᠲᠡᠭᠡᠬᠦ ᠦᠭᠡᠢ ᠭᠡᠳᠡᠭ

ᠪᠢ ᠯᠡ ᠨᠢᠯᠪᠤᠰᠤ ᠶ᠋ᠢ ᠢᠲᠡᠭᠡᠨ᠎ᠡ


ᠨᠢᠯᠪᠤᠰᠤᠨ ᠳᠣᠲᠣᠷ᠎ᠠ ᠬᠠᠢᠷ᠎ᠠ ᠮᠡᠯᠮᠡᠷᠡᠨ᠎ᠡ

ᠬᠠᠢᠷ᠎ᠠ ᠶ᠋ᠢ ᠦᠰᠭᠡᠵᠦ

ᠬᠠᠷᠢᠭᠤᠴᠠᠯᠭ᠎ᠠ ᠪᠢᠯᠬᠠᠨ᠎ᠠ

ᠠᠮᠢ ᠨᠠᠰᠤᠨ ᠤ᠋ ᠳᠣᠯᠠᠭᠠᠨ

ᠣᠳᠬ᠎ᠠ ᠪᠠᠨ ᠠᠯᠳᠠᠭ᠎ᠠ ᠦᠭᠡᠢ


ᠨᠢᠯᠪᠤᠰᠤ ᠲᠠᠢ ᠨᠢᠳᠦᠨ᠎ᠳᠤ

ᠨᠠᠭᠠᠨᠠᠬᠢ ᠴᠠᠭᠠᠨᠠᠬᠢ ᠶᠢᠷᠲᠢᠨᠴᠦ

ᠨᠡᠪᠲᠡ ᠲᠤᠳᠤᠷᠬᠠᠢ ᠬᠠᠷᠠᠭᠳᠠᠨ᠎ᠠ

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤᠨ ᠮᠣᠩᠭᠣᠯ ᠬᠡᠯᠡᠨ᠎ᠦ ᠰᠣᠨᠢᠨ ᠮᠡᠳᠡᠭᠡ᠎ᠶᠢᠨ ᠰᠦᠯᠵᠢᠶ᠎ᠡ
兼容浏览器的HTML页面