ᠲᠡᠷᠢᠭᠦᠨ ᠨᠢᠭᠤᠷ>ᠲᠠᠯ᠎ᠠ᠎ᠶ᠋ᠢᠨ ᠲᠤᠶᠠᠭ᠎ᠠ>ᠴᠢᠬᠢᠨ᠎ᠤ ᠴᠢᠮᠡᠭ

2026-10-15 17:12:39

ᠵᠣᠬᠢᠶᠠᠭ᠍ᠴᠢ᠄ ᠭᠤ ·ᠯᡁᠨᠮᠤᠵᠠᠪ ᠣᠩᠱᠢᠭ᠍ᠰᠠᠨ ᠣᠳᠠᠭ᠎ᠠ᠄ 3

ᠳᠡᠷᠪᠡᠭᠦᠯᠦᠭᠡᠳ ᠪᠠᠢᠨ᠎ᠠ᠂ ᠳᠡᠪᠡᠯ ᠤ᠋ᠨ ᠬᠣᠷᠮᠣᠢ ᠵᠢ

ᠲᠡᠪᠳᠡᠷᠢᠭᠦᠯᠦᠭᠡᠳ ᠪᠠᠢᠨ᠎ᠠ᠂ ᠭᠠᠯᠠᠭᠤ ᠰᠢᠪᠠᠭᠣ᠌ ᠵᠢ

ᠡᠡᠭᠰᠡᠷᠡᠭᠦᠯᠦᠭᠡᠳ ᠪᠠᠢᠨ᠎ᠠ᠂ ᠡᠯᠢᠭᠡ ᠵᠢᠷᠦᠬᠡ ᠵᠢ

ᠡᠷᠢᠭᠳᠡᠭᠦᠯᠦᠭᠡᠳ ᠪᠠᠢᠨ᠎ᠠ᠂ ᠡᠵᠢ ᠨᠣᠲᠣᠭ ᠢ᠋

ᠨᠠᠮᠣᠷ ᠢ᠋ ᠪᠢ

ᠨᠠᠢᠷᠠᠭ ᠶ᠋ᠢᠡᠷ ᠢ᠋ᠶ᠋ᠠᠨ ᠲᠡᠭᠡᠳᠦᠯᠡᠮᠡᠷ


ᠳᠠᠭᠣᠯᠠᠭᠣᠯᠣᠭᠠᠳ ᠪᠠᠢᠨ᠎ᠠ᠂ ᠲᠣᠷᠭᠠᠨ ᠬᠣᠭᠣᠯᠠᠢᠲᠣ᠌ ᠣᠶᠣᠨᠪᠢᠯᠢᠭ᠌ ᠢ᠋

ᠤᠬᠢᠯᠠᠭᠤᠯᠤᠭᠠᠳ ᠪᠠᠢᠨ᠎ᠠ᠂ ᠬᠠᠷᠢ ᠳ᠋ᠦ ᠮᠣᠷᠲᠠᠬᠰᠠᠨ ᠨᠣᠭᠣᠨᠵᠠᠶᠠᠭ᠎ᠠ ᠵᠢ

ᠲᠡᠪᠢᠭᠦᠯᠦᠭᠡᠳ ᠪᠠᠢᠨ᠎ᠠ᠂ ᠦᠵᠥᠮᠥᠴᠢᠨ ᠨᠣᠲᠣᠭ ᠤ᠋ᠨ ᠳᠦᠭᠦᠷᠡᠩᠵᠠᠭᠠᠨ᠎ᠠ ᠵᠢ

ᠳᠠᠪᠬᠢᠭᠣᠯᠣᠭᠠᠳ ᠪᠠᠢᠨ᠎ᠠ᠂ ᠰᠦᠨᠢᠳ ᠨᠣᠲᠣᠭ ᠤ᠋ᠨ ᠬᠦᠭᠰᠢᠨ ᠬᠣᠣᠬᠣᠩ ᠢ᠋

ᠨᠠᠮᠣᠷ ᠢ᠋ ᠪᠢ

ᠲᠠᠭᠠᠭᠠᠳ ᠳᠠᠪᠬᠢᠮᠠᠷ


ᠪᠦᠮᠪᠦᠭᠡᠨᠡᠭᠦᠯᠦᠭᠡᠳ ᠪᠠᠢᠨ᠎ᠠ᠂ ᠰᠢᠭᠦᠳᠡᠷᠢ᠎ᠶᠢᠨ ᠣᠰᠣ᠌ ᠵᠢ

ᠪᠦᠬᠦᠯᠵᠡᠭᠦᠯᠦᠭᠡᠳ ᠪᠠᠢᠨ᠎ᠠ᠂ ᠲᠠᠷᠢᠶᠠᠨ ᠲᠦᠷᠦᠭᠦᠦ ᠶ᠋ᠢ

ᠪᠦᠮᠪᠦᠷᠢᠭᠦᠯᠦᠭᠡᠳ ᠪᠠᠢᠨ᠎ᠠ᠂ ᠮᠤᠳᠤᠳ ᠤ᠋ᠨ ᠨᠠᠪᠴᠢᠰ ᠢ᠋

ᠪᠦᠯᠲᠡᠭᠡᠨᠡᠭᠦᠯᠦᠭᠡᠳ ᠪᠠᠢᠨ᠎ᠠ᠂ ᠮᠢᠨᠤ ᠯᠠ ᠠᠮᠠᠷᠠᠭ ᠢ᠋

ᠨᠠᠮᠣᠷ ᠢ᠋ ᠪᠢ

ᠨᠠᠰᠣᠨ ᠳ᠋ᠠᠭᠠᠨ ᠳᠠᠭᠣᠯᠠᠮᠠᠷ


  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤᠨ ᠮᠣᠩᠭᠣᠯ ᠬᠡᠯᠡᠨ᠎ᠦ ᠰᠣᠨᠢᠨ ᠮᠡᠳᠡᠭᠡ᠎ᠶᠢᠨ ᠰᠦᠯᠵᠢᠶ᠎ᠡ
兼容浏览器的HTML页面