ᠲᠡᠷᠢᠭᠦᠨ ᠨᠢᠭᠤᠷ>ᠲᠠᠯ᠎ᠠ᠎ᠶ᠋ᠢᠨ ᠲᠤᠶᠠᠭ᠎ᠠ>ᠴᠢᠬᠢᠨ᠎ᠤ ᠴᠢᠮᠡᠭ

2026-10-15 17:13:04

ᠵᠣᠬᠢᠶᠠᠭ᠍ᠴᠢ᠄ ᠠᠯᠳ᠋ᠭ᠍ᠭᠠᠷᠣᠳᠢ ᠣᠩᠱᠢᠭ᠍ᠰᠠᠨ ᠣᠳᠠᠭ᠎ᠠ᠄ 3

ᠠᠯᠳᠠᠢ ᠬᠠᠨ ᠢ᠋ᠶ᠋ᠠᠷ ᠢ᠋ᠶ᠋ᠠᠨ ᠢᠰᠬᠡᠷᠦᠭᠰᠡᠨ ᠬᠣᠩᠭᠣᠷ ᠵᠢᠪᠠᠷ ᠨᠢ ᠰᠠᠢᠬᠠᠨ

ᠠᠯᠳᠠᠨ ᠰᠢᠳᠣ᠌ ᠪᠠᠷ ᠢ᠋ᠶ᠋ᠠᠨ ᠢᠨᠢᠶᠡᠭᠰᠡᠨ ᠰᠢᠷ᠎ᠠ ᠰᠢᠰᠢ ᠨᠢ ᠰᠠᠢᠬᠠᠨ

ᠠᠳᠣᠭᠣᠨ ᠲᠡᠯ ᠢ᠋ᠶ᠋ᠠᠷ ᠢ᠋ᠶ᠋ᠠᠨ ᠮᠢᠷᠠᠯᠵᠠᠭ᠍ᠰᠡᠨ ᠲᠠᠯ᠎ᠠ ᠶ᠋ᠢᠨ ᠵᠡᠷᠭᠡᠯᠬᠡᠨ ᠰᠠᠢᠬᠠᠨ

ᠠᠪᠣ ᠶ᠋ᠢᠨ ᠲᠦᠷᠢ ᠪᠠᠷ ᠮᠦᠩᠭᠡᠷᠡᠭᠰᠡᠨ ᠦᠨᠳᠦᠷ ᠠᠭᠣᠯᠠ ᠮᠢᠨᠢ ᠰᠠᠢᠬᠠᠨ


ᠰᠠᠯᠬᠢᠨ᠎ᠤ ᠠᠶ᠎ᠠ ᠪᠠᠷ ᠨᠠᠮᠢᠷᠠᠭᠰᠠᠨ ᠣᠯᠣᠰ ᠤ᠋ᠨ ᠲᠣᠭ ᠮᠢᠨᠢ ᠰᠠᠢᠬᠠᠨ

ᠰᠠᠭᠠᠯᠢᠴᠢᠨ ᠡᠵᠢ ᠶ᠋ᠢᠨ ᠡᠪᠦᠷ ᠰᠢᠭ ᠰᠠᠷᠠᠭᠣᠯ ᠲᠠᠯ᠎ᠠ ᠮᠢᠨᠢ ᠰᠠᠢᠬᠠᠨ

ᠰᠠᠷᠠᠪᠴᠢ ᠲᠦᠬᠦᠷᠡᠩ ᠵᠢᠭᠳᠡᠷᠡᠭᠰᠡᠨ ᠡᠪᠡᠷᠡᠭᠡᠢ ᠬᠣᠷᠣᠳ ᠮᠢᠨᠢ ᠰᠠᠢᠬᠠᠨ

ᠰᠠᠮᠰᠠ ᠭᠡᠳᠡᠭᠡᠯᠡᠮ᠎ᠡ ᠬᠠᠩᠬᠣᠯᠣᠭᠰᠠᠨ ᠡᠪᠡᠰᠦᠨ ᠣᠪᠣᠭ᠎ᠠ ᠮᠢᠨᠢ ᠰᠠᠢᠬᠠᠨ ᠡ


ᠵᠡᠬᠦᠨ ᠪᠠᠷᠠᠭᠣᠨ ᠢ᠋ ᠬᠣᠯᠪᠣᠭᠰᠠᠨ ᠠᠶᠠᠨ᠎ᠤ ᠵᠠᠮ ᠰᠠᠢᠬᠠᠨ

ᠵᠢᠬᠦᠷ ᠢ᠋ᠶ᠋ᠠᠨ ᠲᠡᠯᠬᠡᠨ ᠨᠢᠰᠬᠦ ᠠᠭᠣᠯᠠ ᠶ᠋ᠢᠨ ᠪᠦᠷᠬᠦᠳ ᠰᠠᠢᠬᠠᠨ

ᠵᠡᠬᠦᠳᠦ ᠬᠦᠰᠡᠯ ᠢ᠋ ᠪᠡᠶᠡᠯᠡᠬᠦᠯᠦᠭᠰᠡᠨ ᠲᠠᠩᠰᠣᠭ ᠠᠮᠢᠳᠣᠷᠠᠯ ᠰᠠᠢᠬᠠᠨ

ᠵᠢᠷᠦᠬᠡᠨ᠎ᠤ ᠵᠢᠷᠦᠬᠡ ᠡᠭᠡ ᠣᠯᠣᠰ ᠮᠢᠨᠢ ᠰᠠᠢᠬᠠᠨ ᠡ


ᠡᠮᠦᠨ᠎ᠡ ᠣᠮᠡᠷ᠎ᠡ ᠳ᠋ᠥ ᠨᠡᠪᠳᠡᠷᠡᠭᠰᠡᠨ ᠰᠣᠶᠣᠯ ᠪᠣᠯᠪᠠᠰᠣᠨ ᠰᠠᠢᠬᠠᠨ

ᠡᠳᠦᠷ ᠰᠦᠨᠢ ᠶ᠋ᠢ ᠲᠣᠪᠴᠢᠯᠠᠭᠰᠠᠨ ᠠᠮᠢᠳᠣᠷᠠᠯ ᠤ᠋ᠨ ᠠᠢᠵᠠᠮ ᠰᠠᠢᠬᠠᠨ

ᠡᠪᠦᠭᠡᠳ ᠤ᠋ᠨ ᠦᠯᠢᠭᠡᠷ ᠲᠠᠭᠠᠵᠦ ᠣᠯᠠᠨ ᠢ᠋ ᠮᠡᠳᠡᠬᠦ ᠰᠠᠢᠬᠠᠨ

ᠦᠷᠯᠦᠭ ᠡᠬᠡ ᠣᠷᠣᠨ ᠳ᠋ᠠᠭᠠᠨ ᠨᠠᠰᠣᠯᠠᠨ ᠵᠢᠷᠭᠠᠬᠣ᠌ ᠮᠢᠨᠢ ᠰᠠᠢᠬᠠᠨ ᠡ


ᠠᠭᠣᠷ ᠠᠮᠢᠰᠬᠣᠯ ᠲᠡᠩᠴᠡᠵᠦ ᠣᠯᠠᠷᠢᠯ ᠤ᠋ᠨ ᠨᠡᠬᠦᠳᠡᠯ ᠰᠠᠢᠬᠠᠨ

ᠠᠩᠬᠢᠷ ᠭᠠᠯᠠᠭᠣᠳ ᠪᠣᠴᠠᠨ ᠬᠠᠪᠣᠷ ᠢ᠋ ᠮᠦᠷᠦᠬᠡᠳᠬᠦ ᠰᠠᠢᠬᠠᠨ

ᠠᠰᠠᠷ ᠤ᠋ᠨ ᠭᠡᠭᠡᠪᠴᠢ ᠪᠠᠷ ᠬᠠᠷᠠᠭᠳᠠᠬᠣ᠌ ᠮᠦᠩᠬᠦᠨ ᠡᠬᠦᠯᠡᠰ ᠰᠠᠢᠬᠠᠨ

ᠠᠷᠪᠠᠨ ᠰᠠᠷ᠎ᠠ ᠶ᠋ᠢᠨ ᠲᠡᠭᠷᠢ ᠲᠣᠣᠷ᠎ᠠ ᠴᠢᠮ᠎ᠠ ᠪᠠᠨ ᠵᠡᠬᠦᠳᠦᠯᠡᠬᠦ ᠰᠠᠢᠬᠠᠨ ᠡ

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤᠨ ᠮᠣᠩᠭᠣᠯ ᠬᠡᠯᠡᠨ᠎ᠦ ᠰᠣᠨᠢᠨ ᠮᠡᠳᠡᠭᠡ᠎ᠶᠢᠨ ᠰᠦᠯᠵᠢᠶ᠎ᠡ
兼容浏览器的HTML页面