ᠲᠡᠷᠢᠭᠦᠨ ᠨᠢᠭᠤᠷ>ᠲᠠᠯ᠎ᠠ᠎ᠶ᠋ᠢᠨ ᠲᠤᠶᠠᠭ᠎ᠠ>ᠴᠢᠬᠢᠨ᠎ᠤ ᠴᠢᠮᠡᠭ

2026-10-15 17:23:26

ᠵᠣᠬᠢᠶᠠᠭ᠍ᠴᠢ᠄ ᠰᠠᠢᠨᠪᠠᠶᠠᠷ ᠣᠩᠱᠢᠭ᠍ᠰᠠᠨ ᠣᠳᠠᠭ᠎ᠠ᠄ 3

ᠠᠭᠤᠤ ᠶᠡᠬᠡ ᠠᠯᠳᠠᠷ᠎ᠢᠶᠠᠷ ᠬᠣᠷᠸ᠎ᠠ᠎ᠳᠤ ᠳᠠᠭᠤᠷᠢᠰᠤᠭᠰᠠᠨ ᠠᠪᠤᠷᠭᠤ ᠳᠠᠷᠬᠠᠨ

ᠠᠷᠪᠠᠨ ᠳᠦᠷᠪᠡᠨ ᠳ᠋ᠦᠩᠰᠢᠭᠤᠷ ᠠᠷᠠᠳ᠎ᠤᠨ ᠣᠷᠣᠰᠢᠵᠤ ᠠᠮᠢᠳᠤᠷᠠᠬᠣ ᠠᠯᠲᠠᠨ ᠦᠯᠦᠭᠡᠢ

ᠠᠴᠢ᠎ᠶᠢᠨ ᠬᠠᠷᠢᠭᠤ ᠲᠣᠰᠠ ᠬᠦᠰᠡᠳᠡᠭ ᠦᠭᠡᠢ ᠡᠨᠡᠷᠢᠯ᠎ᠤᠨ ᠲᠡᠭᠷᠢ

ᠠᠵᠠ᠎ᠶᠢᠨ ᠬᠡᠰᠢᠭ ᠬᠣᠷᠣᠢᠯᠠᠬᠰᠠᠨ ᠠᠰᠢᠲᠠ᠎ᠶᠢᠨ ᠵᠢᠷᠭᠠᠯᠠᠩ᠎ᠡᠬᠡ ᠤᠷᠤᠨ ᠮᠢᠨᠢ


ᠲᠦᠨᠡᠷ ᠬᠠᠷᠠᠩᠭᠤᠢ᠎ᠶᠢ ᠦᠯᠲᠡᠵᠦ ᠦᠷ᠎ᠤᠨ ᠭᠡᠭᠡ ᠣᠬᠲᠣᠬᠰᠠᠨ

ᠲᠠᠢᠪᠤᠩ ᠨᠠᠷᠠᠨ᠎ᠤ ᠭᠡᠷᠡᠯ᠎ᠢᠶᠡᠷ ᠲᠦᠮᠡᠨ ᠠᠷᠠᠳ᠎ᠢᠶᠡᠨ ᠢᠪᠡᠭᠡᠭᠰᠡᠨ

ᠥᠭᠡᠷᠡᠴᠢᠯᠡᠯᠲᠡ ᠨᠡᠭᠡᠭᠡᠯᠳᠡ᠎ᠶᠢᠨ ᠵᠢᠯᠣᠭᠣ ᠰᠣᠩᠭᠠᠨ ᠲᠡᠭᠵᠢᠷᠡᠯ᠎ᠦᠨ ᠠᠶᠠᠰ᠎ᠢ ᠴᠢᠪᠠᠭᠳᠠᠨ

ᠦᠯᠡᠮᠵᠢ ᠪᠦᠲᠦᠭᠡᠯ ᠠᠤᠭ᠎ᠠ ᠠᠮᠵᠢᠯᠲᠠ᠎ᠪᠠᠷ ᠳᠡᠯᠡᠬᠡᠢ ᠳ᠋ᠠᠬᠢᠨ᠎ᠳᠤ ᠬᠣᠰᠢᠭᠣᠷᠠᠬᠰᠠᠨ


ᠳᠠᠭᠠᠭᠤᠯᠢ ᠤᠳᠤᠨ ᠣᠭᠲᠠᠷᠭᠤᠢ᠎ᠶᠢ ᠪᠦᠷᠭᠦᠨ ᠡᠷᠬᠡᠰ ᠲᠡᠭᠷᠢ᠎ᠶᠢ ᠰᠤᠴᠢᠭᠠᠭᠠᠳ

《ᠲᠡᠭᠷᠢ᠎ᠶᠢᠨ ᠣᠷᠳᠣᠨ》᠎ᠳᠤ ᠮᠣᠷᠢᠯᠠᠨ ᠰᠠᠨᠰᠠᠷ᠎ᠤᠨ ᠥᠷᠲᠡᠭᠡ᠎ᠳᠤ ᠨᠤᠲᠤᠭᠰᠢᠭ᠍ᠰᠠᠨ

ᠲᠡᠷᠭᠡᠯ ᠰᠠᠷᠠᠨ ᠠ᠋ᠴᠠ 《ᠦᠯᠢᠭᠡᠷ》 ᠠᠪᠴᠤ ᠰᠣᠨᠢᠨ ᠭᠠᠢᠬᠠᠮᠰᠢᠭ᠋᠎ᠢ ᠨᠢ ᠨᠢᠭ᠍ᠲᠠᠯᠠᠭᠠᠳ

ᠲᠠᠩᠬᠢᠰ ᠳᠠᠯᠠᠢ᠎ᠶᠢᠨ ᠭᠦᠨ᠎ᠳᠤ ᠰᠠᠭᠠᠲᠠᠨ ᠲᠠᠨ᠎ᠠ ᠰᠤᠪᠤᠳ ᠱᠦᠭᠦᠭᠰᠡᠨ


ᠲᠣᠷᠭᠠᠨ ᠵᠠᠮ ᠰᠤᠨᠤᠯᠵᠠᠨ ᠳᠡᠯᠡᠬᠡᠢ᠎ᠶᠢᠨ ᠬᠠᠮᠳᠤᠷᠠᠯᠴᠠᠭ᠎ᠠ᠎ᠶᠢ ᠠᠬᠢᠭᠤᠯᠵᠦ

ᠲᠠᠪᠤᠨ ᠲᠢᠪ᠎ᠲᠦ ᠳᠠᠭᠤᠷᠢᠶᠠᠯ ᠦᠵᠡᠭᠦᠯᠦᠨ ᠳᠥᠷᠪᠡᠨ ᠳᠠᠯᠠᠢ᠎ᠶᠢ ᠴᠠᠯᠭᠢᠭᠤᠯᠤᠭᠰᠠᠨ

ᠲᠡᠮᠡᠴᠡᠵᠦ ᠢᠷᠡᠭᠰᠡᠨ ᠤᠯᠠ ᠮᠥᠷ ᠴᠢᠨᠢ ᠲᠡᠦᠬᠡ᠎ᠶᠢᠨ ᠬᠠᠭᠤᠳᠠᠰᠤᠨ᠎ᠳᠤ ᠭᠢᠯᠠᠯᠵᠠᠵᠤ

ᠳᠤᠮᠳᠠᠳᠤᠴᠤᠳ᠎ᠤᠨ ᠡᠷᠴᠢ᠎ᠶᠢ ᠰᠢᠨᠳᠠᠰᠤᠯᠠᠨ ᠰᠢᠨ᠎ᠡ ᠦᠢᠯᠡᠰ᠎ᠲᠡᠬᠡᠨ ᠰᠢᠭᠤᠷᠬᠠᠢᠯᠠᠨᠠᠮ


ᠳᠠᠯᠠᠨ ᠳᠣᠯᠣᠭᠠᠨ ᠵᠢᠯ ᠪᠢ ᠳᠤᠯᠠᠭᠠᠨ ᠡᠪᠦᠷ᠎ᠲᠤ ᠴᠢᠨᠢ ᠡᠷᠬᠡᠯᠡᠵᠦ

ᠳᠠᠯᠠᠢ ᠶᠡᠬᠡ ᠵᠢᠷᠭᠠᠯ ᠢ᠋ ᠲᠠᠪᠠᠲᠠᠢ ᠰᠠᠢᠬᠠᠨ ᠡᠳ᠋ᠯᠡᠪᠠ

ᠲᠠᠪᠢᠨ ᠵᠢᠷᠭᠤᠭᠠᠨ ᠦᠨᠳᠦᠰᠦᠲᠡᠨ᠎ᠦ ᠬᠥᠪᠡᠭᠦᠳ ᠥᠬᠢᠳ ᠪᠠᠶᠠᠷᠯᠠᠨ ᠪᠡᠯᠭᠡᠯᠡᠵᠦ

ᠳᠤᠯᠳᠤ ᠵᠢᠷᠦᠬᠡᠨ᠎ᠦ ᠬᠠᠢᠷ᠎ᠠ᠎ᠪᠠᠨ ᠡᠬᠡ ᠤᠯᠤᠰ ᠲᠠᠭᠠᠨ ᠡᠷᠬᠦᠨᠡᠮ

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤᠨ ᠮᠣᠩᠭᠣᠯ ᠬᠡᠯᠡᠨ᠎ᠦ ᠰᠣᠨᠢᠨ ᠮᠡᠳᠡᠭᠡ᠎ᠶᠢᠨ ᠰᠦᠯᠵᠢᠶ᠎ᠡ
兼容浏览器的HTML页面